ᠡᠷᠡᠭᠲᠠᠶᠢᠴᠤᠳ ᠵᠠᠯᠠᠭᠤ ᠲᠦᠷᠬᠦ ᠪᠠᠨ ᠬᠡᠷᠭᠢᠨ ᠬᠠᠳᠠᠭᠠᠯᠠᠬᠤ ᠪᠤᠢ
ᠨᠡᠶᠢᠲᠡᠯᠡᠭᠰᠡᠨ ᠴᠠᠭ᠄
2017/9/20
      ᠡᠷᠡᠭᠲᠠᠶᠢᠴᠤᠳ ᠠᠵᠢᠯ ᠦᠢᠯᠡᠰ ᠤᠨ ᠢᠶᠠᠨ ᠲᠦᠯᠦᠭᠡ ᠦᠯᠦᠰᠴᠦ ᠤᠮᠳᠠᠭᠠᠰᠬᠤ ᠶᠠᠲᠠᠷᠠᠵᠦ ᠲᠦᠢᠯᠳᠠᠬᠤ ᠶᠢ ᠦᠯᠦ ᠬᠠᠶᠢᠬᠤᠷᠤᠨ ᠮᠡᠷᠡᠶᠢᠨ ᠴᠢᠷᠮᠠᠶᠢᠵᠦ᠂ ᠠᠮᠵᠢᠯᠲᠠ ᠶᠢᠨ ᠬᠤᠶᠢᠨ᠎ᠠ ᠠᠴᠠ ᠮᠤᠬᠤᠰᠢ ᠦᠭᠡᠢ ᠵᠢᠳᠬᠦᠳᠡᠭ᠂ ᠬᠡᠪᠡᠴᠦ ᠡᠨᠡᠬᠦ ᠴᠢᠷᠮᠠᠶᠢᠯᠭ᠎ᠠ ᠨᠢ ᠶᠡᠷᠦᠳᠡᠭᠡᠨ ᠡᠷᠡᠭᠦᠯ ᠡᠩᠭᠡ ᠶᠢᠨ ᠪᠤᠯᠵᠦ᠂ ᠦᠳᠡᠯᠬᠦ ᠨᠢ ᠠᠶᠠᠨᠳᠠᠭᠠᠨ ᠤ ᠵᠠᠶᠢᠯᠠᠰᠢ ᠦᠭᠡᠢ ᠪᠤᠳᠠᠳᠦ ᠭᠡᠷᠡᠭ ᠪᠤᠯᠳᠠᠭ᠃ ᠡᠷᠡᠭᠦᠯ ᠡᠩᠭᠡ᠂ ᠭᠡᠨ ᠳᠤ ᠴᠤ᠂ ᠬᠡᠵᠢᠶ᠎ᠡ ᠴᠤ ᠠᠪᠴᠦ ᠬᠡᠯᠡᠭᠰᠡᠨ ᠴᠤ ᠴᠢᠬᠤᠯᠠ ᠶᠤᠮ᠃ ᠦᠨᠡᠨᠳᠡᠭᠡᠨ ᠡᠷᠡᠭᠲᠠᠶᠢᠴᠤᠳ ᠵᠠᠯᠠᠭᠤ ᠭᠠᠯᠪᠢᠷ ᠲᠦᠷᠬᠦ ᠪᠠᠨ ᠬᠠᠳᠠᠭᠠᠯᠠᠬᠤ ᠭᠡᠪᠡᠯ ᠵᠦᠪᠬᠡᠨ ᠠᠮᠢᠳᠤᠷᠠᠯ ᠤᠨ  ᠬᠡᠳᠦᠨ ᠵᠢᠵᠢᠭ ᠰᠠᠵᠢᠭ ᠤᠴᠢᠷ ᠢ ᠠᠩᠬᠠᠷᠴᠦ᠂ ᠰᠠᠶᠢᠨ ᠲᠠᠳᠬᠠᠯ ᠢ ᠬᠦᠮᠦᠵᠢᠭᠦᠯᠪᠡᠯ ᠪᠤᠯᠴᠢᠬᠠᠨ᠎ᠠ᠃         1᠂ ᠰᠠᠬᠠᠯ ᠤᠨ ᠬᠢᠳᠤᠭ᠎ᠠ ᠶᠢ ᠦᠷᠭᠦᠯᠵᠢ ᠬᠡᠷᠡᠭᠯᠡᠪᠡᠯ᠂ 5 ᠨᠠᠰᠦ ᠬᠠᠭᠠᠰ ᠵᠠᠯᠠᠭᠤᠵᠢᠨ᠎ᠠ᠃       ᠠᠩᠭ᠍ᠯᠢ ᠶᠢᠨ ᠨᠢᠭᠡᠨ ᠰᠤᠳᠤᠯᠭᠠᠨ ᠠᠴᠠ ᠮᠡᠳᠡᠭᠰᠡᠨ ᠨᠢ᠂ ᠰᠠᠬᠠᠯ ᠢᠶᠠᠨ ᠬᠤᠰᠤᠭᠰᠠᠨ ᠡᠷᠡᠭᠲᠠᠢ ᠶᠢ ᠰᠠᠬᠠᠯ ᠦᠯᠡᠳᠡᠭᠡᠭᠰᠡᠨ ᠡᠷᠡᠭᠲᠠᠢ ᠲᠠᠢ ᠠᠳᠠᠯᠢᠳᠬᠠᠪᠠᠯ 5.5 ᠨᠠᠰᠦ ᠵᠠᠯᠠᠭᠤ ᠬᠠᠷᠠᠭᠳᠠᠨ᠎ᠠ᠃ ᠠᠷᠠᠰᠤᠨ ᠤ ᠤᠬᠠᠭᠠᠨ ᠤ ᠲᠤᠰᠬᠠᠢ ᠮᠡᠷᠭᠡᠵᠢᠯᠲᠡᠨ ᠺᠸᠡᠨ᠋ᠽ · ᠪᠢᠯ ᠳ᠋ᠤᠺᠲ᠋ᠤᠷ ᠢᠯᠡᠷᠭᠡᠶᠢᠯᠡᠭᠰᠡᠨ ᠨᠢ᠂ ᠰᠠᠬᠠᠯ ᠢᠶᠠᠨ ᠬᠤᠰᠤᠬᠤ ᠨᠢ ᠬᠠᠴᠠᠷ ᠤᠨ ᠬᠡᠰᠡᠭ ᠤᠨ ᠴᠠᠪᠠᠤ ᠶᠢᠨ ᠤᠭ ᠤᠨ ᠤᠭᠤᠷᠠᠭ ᠪᠤᠢ ᠪᠤᠯᠬᠤ ᠶᠢ ᠰᠡᠳᠡᠵᠦ᠂ ᠠᠷᠠᠰᠦ ᠶᠢ ᠨᠡᠩ ᠭᠦᠯᠢᠭᠡᠷ ᠰᠠᠶᠢᠬᠠᠨ  ᠪᠤᠯᠭᠠᠨ᠎ᠠ᠃       2᠂ ᠲᠤᠳᠠᠭᠤ ᠢᠳᠡᠵᠦ᠂ ᠢᠯᠡᠭᠦᠭᠡᠨ ᠴᠡᠭᠡᠵᠢᠯᠡᠬᠦ᠃     ᠭᠧᠷᠮᠠᠨ ᠤ ᠰᠤᠳᠤᠯᠭᠠᠳᠠᠨ ᠢᠯᠡᠷᠡᠭᠦᠯᠦᠭᠰᠡᠨ ᠨᠢ᠂ ᠢᠯᠴᠢ ᠶᠢᠨ ᠡᠨᠧᠷᠬᠢ ᠶᠢ ᠲᠤᠳᠠᠭᠤ ᠤᠷᠤᠭᠤᠯᠬᠤ ᠨᠢ ᠦᠷᠪᠢᠰᠦᠯ ᠡᠭᠦᠰᠬᠦ ᠪᠤᠯᠤᠮᠵᠢ ᠶᠢ ᠪᠠᠭᠠᠰᠬᠠᠬᠤ ᠳᠤ ᠲᠤᠰᠠᠲᠠᠢ ᠪᠠᠶᠢᠵᠦ᠂ ᠦᠷᠪᠢᠰᠦᠯ ᠡᠭᠦᠰᠬᠦ ᠨᠢ ᠬᠠᠷᠢᠨ ᠬᠦᠮᠦᠨ ᠤ ᠮᠡᠳᠡᠷᠡᠯ ᠤᠨ ᠴᠢᠳᠠᠮᠵᠢ ᠶᠢ ᠪᠠᠭᠤᠷᠠᠭᠤᠯᠳᠠᠭ᠃ ᠰᠢᠨᠵᠢᠯᠡᠬᠦ ᠤᠬᠠᠭᠠᠨᠳᠠᠨ ᠢᠯᠡᠷᠭᠡᠶᠢᠯᠡᠭᠰᠡᠨ ᠨᠢ᠂ ᠬᠠᠮᠤᠭ ᠰᠠᠶᠢᠨ ᠨᠢ᠂ ᠡᠳᠦᠷ ᠪᠤᠯᠭᠠᠨ ᠤ ᠢᠳᠡᠬᠦ ᠢᠯᠴᠢ ᠶᠢᠨ ᠡᠨᠧᠷᠬᠢ ᠪᠠᠨ 30% ᠢᠶᠠᠷ ᠪᠠᠭᠠᠰᠬᠠᠨ᠎ᠠ᠂ ᠵᠢᠱᠢᠶᠡᠯᠡᠪᠡᠯ ᠤᠤᠯ ᠨᠢ ᠡᠳᠦᠷ  ᠪᠤᠯᠭᠠᠨ 2500 ᠺᠠᠯᠤᠷᠢ ᠪᠠᠶᠢᠭᠰᠠᠨ ᠪᠤᠯ᠂ ᠤᠳᠤ ᠪᠤᠯᠬᠤ ᠳᠤ ᠬᠠᠮᠤᠭ ᠰᠠᠶᠢᠨ ᠨᠢ 750 ᠺᠠᠯᠤᠷᠢ ᠪᠠᠭᠠᠰᠬᠠᠨ᠎ᠠ᠃      3᠂ ᠨᠦᠢᠷ ᠰᠠᠶᠢᠨ ᠪᠤᠯ᠂ ᠨᠢᠭᠤᠷ ᠤᠨ ᠭᠡᠰᠡᠭ ᠦᠳᠡᠯᠬᠦ ᠦᠭᠡᠢ᠃      ᠤᠷᠲᠦ ᠬᠤᠭᠤᠴᠠᠭ᠎ᠠ ᠨᠦᠢᠷ ᠬᠦᠷᠦᠯᠴᠡᠬᠦ ᠦᠭᠡᠢ ᠪᠤᠯ᠂ ᠨᠢᠭᠤᠷ ᠤᠨ ᠬᠡᠰᠡᠭ ᠬᠤᠷᠳᠤᠨ ᠦᠳᠡᠯᠦᠨ᠎ᠡ᠂ ᠤᠴᠢᠷ ᠨᠢ᠂ ᠨᠢᠳᠦᠨ ᠤ ᠡᠷᠭᠢᠨ ᠲᠤᠭᠤᠷᠢᠨ ᠤ ᠪᠤᠯᠴᠢᠩ ᠨᠢ ᠤᠨᠳᠠᠬᠤ ᠦᠶᠡᠰ ᠲᠤ ᠨᠢᠳᠦᠨ ᠴᠡᠴᠡᠭᠡᠢ ᠨᠢ ᠬᠤᠷᠳᠤᠨ ᠡᠷᠭᠢᠯᠳᠦᠳᠡᠭ ᠠᠴᠠ  ᠪᠤᠯᠪᠠᠰᠤᠷᠠᠯ ᠬᠢᠵᠦ᠂ ᠬᠠᠷᠢᠨ ᠨᠦᠢᠷ ᠬᠦᠷᠦᠯᠴᠡᠬᠦ ᠦᠭᠡᠢ ᠪᠤᠯ᠂ ᠨᠢᠳᠦᠨ ᠤ ᠡᠷᠭᠢᠨ ᠲᠤᠭᠤᠷᠢᠨ ᠤ ᠪᠤᠯᠴᠢᠩ ᠨᠢ ᠠᠪᠴᠢᠵᠦ ᠬᠠᠷ᠎ᠠ ᠨᠢᠳᠦᠨ ᠤᠬᠤᠷᠬᠠᠢ ᠲᠠᠢ ᠪᠤᠯᠤᠨ᠎ᠠ᠃      4᠂ ᠦᠷᠭᠦᠯᠵᠢ ᠪᠡᠶ᠎ᠡ ᠪᠤᠯᠪᠠᠰᠤᠷᠠᠪᠠᠯ᠂ 10 ᠨᠠᠰᠦ ᠵᠠᠯᠠᠭᠤᠵᠢᠨ᠎ᠠ᠃     ᠠᠮᠧᠷᠢᠺᠡ ᠶᠢᠨ ︽ᠲᠤᠲᠤᠷ ᠰᠠᠯᠠᠭᠠᠨ ᠤ ᠤᠬᠠᠭᠠᠨ ᠤ ᠲᠠᠩᠰᠠ ᠡᠪᠭᠡᠮᠡᠯ︾ ᠰᠡᠳᠭᠦᠯ ᠲᠡᠭᠡᠷ᠎ᠡ ᠨᠡᠶᠢᠳᠡᠯᠡᠭᠰᠡᠨ ᠨᠢᠭᠡᠨ ᠰᠢᠨ᠎ᠡ ᠰᠤᠳᠤᠯᠭᠠᠨ ᠳᠤ  ᠢᠯᠡᠷᠡᠭᠦᠯᠦᠭᠰᠡᠨ ᠨᠢ᠂ ᠭᠠᠷᠠᠭ ᠪᠤᠯᠭᠠᠨ 3 ᠴᠠᠭ ᠵᠤᠬᠢᠬᠤ ᠬᠦᠴᠦᠯᠡᠴᠡ ᠲᠠᠢ ᠪᠤᠯᠪᠠᠰᠤᠷᠠᠯ ᠬᠢᠪᠡᠯ᠂ ᠬᠦᠮᠦᠨ ᠤ  ᠪᠡᠶ᠎ᠡ ᠶᠢ 10 ᠨᠠᠰᠦ ᠵᠠᠯᠠᠭᠤᠵᠢᠭᠤᠯᠤᠨ᠎ᠠ᠃      5᠂ ᠶᠡᠭᠡ ᠲᠠᠷᠢᠬᠢ ᠪᠠᠨ ᠪᠤᠯᠪᠠᠰᠤᠷᠠᠭᠤᠯᠪᠠᠯ ᠠᠷᠪᠠᠨ ᠲᠠᠪᠤᠨ ᠨᠠᠰᠦ ᠵᠠᠯᠠᠭᠤᠵᠢᠨ᠎ᠠ᠃      ︽ᠲᠠᠷᠢᠬᠢ ᠬᠦᠳᠡᠯᠭᠡᠬᠦ ᠠᠰᠠᠭᠤᠯᠲᠠ︾ ᠵᠡᠷᠭᠡ ᠶᠡᠭᠡ ᠲᠠᠷᠢᠬᠢ ᠶᠢ ᠪᠤᠯᠪᠠᠰᠤᠷᠠᠭᠤᠯᠬᠤ ᠰᠡᠳᠦᠪ ᠬᠢᠬᠦ ᠨᠢ᠂ 45 ᠨᠠᠰᠤᠲᠠᠢ ᠬᠦᠮᠦᠨ ᠢ 30 ᠨᠠᠰᠤᠲᠠᠢ ᠬᠦᠮᠦᠨ ᠤ ᠶᠡᠭᠡ ᠲᠠᠷᠢᠬᠢᠨ ᠤ ᠢᠳᠡᠪᠬᠢ ᠬᠦᠴᠦᠨ ᠪᠠ ᠴᠡᠭᠡᠵᠢᠯᠡᠬᠦ  ᠴᠢᠳᠠᠪᠤᠷᠢ ᠲᠠᠢ ᠪᠤᠯᠭᠠᠨ᠎ᠠ᠃      6᠂ ᠵᠢᠷᠦᠭᠡᠨ ᠴᠤᠬᠢᠯᠲᠠ ᠤᠳᠠᠭᠠᠨ ᠪᠤᠯ᠂ ᠤᠷᠲᠦ ᠨᠠᠰᠦᠯᠠᠨ᠎ᠠ᠃     ᠵᠠᠯᠠᠭᠤ ᠭᠠᠯᠪᠢᠷ ᠲᠦᠷᠬᠦ ᠪᠠᠨ ᠬᠠᠳᠠᠭᠠᠯᠠᠶ᠎ᠠ ᠭᠡᠪᠡᠯ᠂ ᠡᠷᠬᠡᠪᠰᠢ ᠬᠦᠴᠦᠷᠭᠡᠭ ᠶᠡᠭᠡ ᠵᠢᠷᠦᠭᠡ ᠶᠢ ᠭᠡᠷᠡᠭᠰᠡᠵᠦ᠂ ᠴᠢᠰᠦ ᠶᠢ ᠤᠳᠠᠭᠠᠨ ᠮᠦᠷᠳᠡᠭᠡᠨ ᠪᠦᠲᠦᠮᠵᠢᠲᠠᠢ ᠡᠷᠭᠢᠯᠳᠦᠭᠦᠯᠦᠨ᠎ᠡ᠃ ᠬᠦᠮᠦᠨ ᠤ ᠲᠤᠮᠳᠠᠴᠢ ᠠᠮᠢ ᠨᠠᠰᠤᠨ ᠳᠤ  ᠵᠢᠷᠦᠭᠡ 30 ᠳ᠋ᠦᠡᠭᠰᠢᠭᠤᠷ ᠤᠳᠠᠭ᠎ᠠ ᠴᠤᠬᠢᠯᠠᠵᠦ᠂ ᠬᠡᠷᠪᠡ ᠵᠢᠷᠦᠭᠡᠨ ᠴᠤᠬᠢᠯᠲᠠ ᠶᠢᠨ ᠲᠤᠭ᠎ᠠ ᠶᠢ ᠤᠳᠠᠭᠠᠰᠢᠷᠠᠭᠤᠯᠪᠠᠯ  ᠂ ᠨᠠᠰᠤᠨ ᠬᠤᠳᠤᠭ ᠢ ᠤᠷᠲᠤᠳᠬᠠᠵᠦ ᠪᠤᠯᠤᠨ᠎ᠠ᠃      7᠂ ᠮᠠᠷᠢᠶᠠᠲᠠᠢ ᠪᠤᠯ᠂ 10 ᠵᠢᠯ ᠦᠳᠡᠯᠦᠨ᠎ᠡ᠃     2007 ᠤᠨ ᠳᠤ ᠰᠢᠨᠵᠢᠯᠡᠬᠦ ᠤᠬᠠᠭᠠᠨᠳᠠᠳ ᠨᠢᠭᠡᠨ ᠰᠤᠳᠤᠯᠭᠠᠨ ᠠᠴᠠ ᠮᠡᠳᠡᠭᠰᠡᠨ ᠨᠢ᠂ ᠡᠷᠡᠭᠲᠠᠢ ᠬᠦᠮᠦᠨ ᠤ  ᠪᠡᠶ᠎ᠡ ᠶᠢᠨ ᠴᠢᠨᠠᠷ ᠤᠨ ᠢᠯᠡᠳᠭᠡᠮᠵᠢ ᠲᠤᠭ᠎ᠠ ︵BMI︶ 5 ᠴᠡᠭ ᠦᠰᠬᠦ ᠪᠤᠯᠭᠠᠨ ︵ᠪᠡᠶ᠎ᠡ ᠶᠢᠨ ᠬᠦᠨᠳᠦ 13.5  ᠺᠢᠯᠦᠭᠷᠠᠮ ᠤᠷᠴᠢᠮ ᠨᠡᠮᠡᠭᠳᠡᠭᠰᠡᠨ ᠲᠠᠢ ᠲᠡᠩᠴᠡᠨ᠎ᠡ︶᠂ ᠲᠡᠭᠦᠨ ᠤ ᠲᠦᠮᠦᠰᠦ ᠶᠢᠨ ᠬᠤᠷᠮᠤᠨ ᠤ ᠲᠦᠪᠰᠢᠨ ᠨᠢ ᠪᠠᠭᠤᠷᠠᠭᠠᠳ ︽10 ᠵᠢᠯ ᠦᠳᠡᠯᠦᠭᠰᠡᠨ ᠬᠡᠮᠵᠢᠶ᠎ᠡ︾ ᠳᠤ ᠬᠦᠷᠦᠨ᠎ᠡ᠃      8᠂ ᠠᠮᠠᠨ ᠬᠦᠨᠳᠡᠢ ᠠᠷᠢᠭᠤᠨ ᠴᠡᠪᠡᠷ  ᠪᠤᠯ ᠲᠠᠷᠢᠬᠢ ᠨᠡᠩ ᠬᠤᠷᠴᠠᠯᠢᠭ᠃      ᠠᠩᠭ᠍ᠯᠢ ᠶᠢᠨ ᠨᠢᠭᠡᠨ 6693 ᠨᠡᠷ᠎ᠠ ᠨᠠᠰᠤᠨ ᠳᠤ ᠬᠦᠷᠦᠭᠰᠡᠳ  ᠲᠤ ᠬᠢᠭᠰᠡᠨ ᠰᠢᠨ᠎ᠡ ᠰᠤᠳᠤᠯᠭᠠᠨ ᠠᠴᠠ  ᠮᠡᠳᠡᠭᠰᠡᠨ ᠨᠢ᠂ ᠰᠢᠳᠦᠨ ᠡᠪᠡᠳᠴᠢᠨ ᠲᠠᠢ ᠬᠦᠮᠦᠰ ᠤᠨ ᠤᠶᠤᠨ ᠤ ᠴᠢᠳᠠᠪᠤᠷᠢ ᠨᠢ ᠰᠢᠳᠦ ᠡᠷᠡᠭᠦᠯ ᠬᠦᠮᠦᠰ ᠠᠴᠠ  ᠢᠯᠡᠷᠭᠡᠢ ᠲᠤᠤᠷ᠎ᠠ᠃ ᠡᠭᠦᠨ ᠤ ᠰᠢᠯᠲᠠᠭᠠᠨ ᠨᠢ᠂ ᠪᠤᠶᠢᠯᠠ ᠠᠴᠠ ᠴᠢᠰᠦ ᠭᠠᠷᠬᠤ ᠵᠡᠷᠭᠡ ᠠᠰᠠᠭᠤᠳᠠᠯ ᠨᠢ ᠨᠡᠩ ᠬᠦᠨᠳᠦ ᠨᠤᠴᠢᠲᠠᠢ ᠦᠷᠪᠢᠰᠦᠯ ᠡᠭᠦᠰᠭᠡᠵᠦ᠂ ᠶᠡᠭᠡ ᠲᠠᠷᠢᠬᠢ ᠶᠢ ᠭᠡᠮᠳᠦᠭᠡᠨ᠎ᠡ᠃ ᠦᠷᠭᠦᠯᠵᠢ ᠰᠢᠳᠦᠨ ᠤ ᠠᠷᠢᠭᠤᠨ ᠴᠡᠪᠡᠷ ᠢᠶᠠᠨ ᠪᠠᠲᠤᠯᠠᠬᠤ ᠨᠢ ᠶᠡᠭᠡ ᠲᠠᠷᠢᠬᠢ ᠶᠢ ᠨᠡᠩ ᠬᠤᠷᠴᠠᠯᠢᠭ ᠪᠤᠯᠭᠠᠨ᠎ᠠ᠃       9᠂ ᠡᠳᠦᠷ ᠪᠤᠯᠭᠠᠨ ᠨᠢᠭᠡ ᠴᠤᠮᠤ ᠠᠷᠢᠬᠢ ᠤᠤᠭᠤᠪᠠᠯ 85 ᠨᠠᠰᠤᠯᠠᠨ᠎ᠠ᠃      ︽ᠠᠮᠧᠷᠢᠺᠡ ᠶᠢᠨ ᠡᠮᠨᠡᠯᠭᠡ ᠶᠢᠨ ᠤᠬᠠᠭᠠᠨ ᠤ ᠰᠡᠳᠭᠦᠯ︾ ᠳᠡᠭᠡᠷ᠎ᠡ ᠨᠡᠶᠢᠳᠡᠯᠡᠭᠰᠡᠨ ᠨᠢᠭᠡᠨ 6000 ᠨᠡᠷ᠎ᠠ  ᠡᠪᠡᠳᠴᠢᠳᠡᠨ ᠢ ᠬᠠᠮᠤᠷᠤᠭᠰᠠᠨ ᠰᠢᠨ᠎ᠡ ᠰᠤᠳᠤᠯᠭᠠᠨ ᠠᠴᠠ ᠤᠯᠵᠦ ᠮᠡᠳᠡᠭᠰᠡᠨ ᠨᠢ᠂ ᠡᠳᠦᠷ ᠪᠤᠯᠭᠠᠨ ᠪᠠᠭ᠎ᠠ ᠬᠡᠮᠵᠢᠶᠡᠨ ᠤ ᠠᠷᠢᠬᠢ ᠤᠤᠭᠤᠬᠤ ︵3 ᠴᠤᠮᠤ ᠠᠷᠢᠬᠢ ᠠᠴᠠ ᠭᠡᠳᠦᠷᠡᠬᠦ ᠦᠭᠡᠢ︶ ᠨᠢ ᠨᠠᠰᠤᠨ ᠬᠤᠳᠤᠭ ᠢ ᠤᠷᠳᠤᠳᠬᠠᠭᠠᠳ 85 ᠨᠠᠰᠦ ᠬᠦᠷᠭᠡᠬᠦ ᠪᠤᠯᠤᠯᠴᠠᠭ᠎ᠠ ᠨᠢ 97% ᠢᠶᠠᠷ ᠨᠡᠮᠡᠭᠳᠡᠨ᠎ᠡ᠃      10᠂ ᠤᠨᠳᠠᠬᠤ ᠴᠠᠭ ᠢᠶᠠᠨ 7 — 8 ᠴᠠᠭ ᠤᠨ ᠬᠤᠭᠤᠷᠤᠨᠳᠦ ᠡᠵᠡᠮᠳᠡᠪᠡᠯ ᠨᠡᠩ ᠤᠷᠲᠦ ᠨᠠᠰᠤᠯᠠᠨ᠎ᠠ᠃     ᠨᠢᠭᠡᠨ 22 ᠵᠢᠯ ᠤᠨ 21268 ᠨᠡᠷ ᠎ᠠ ᠨᠠᠰᠦᠨ ᠳᠤ ᠬᠦᠷᠦᠭᠰᠡᠳ ᠲᠤ ᠬᠢᠭᠰᠡᠨ ᠰᠢᠨ᠎ᠡ ᠰᠤᠳᠤᠯᠭᠠᠨ ᠠᠴᠠ  ᠤᠯᠵᠦ ᠮᠡᠳᠡᠭᠰᠡᠨ ᠨᠢ᠂ ᠡᠷᠡᠭᠲᠠᠶᠢᠴᠤᠳ ᠤᠷᠤᠢ ᠪᠤᠯᠭᠠᠨ ᠤ ᠤᠨᠳᠠᠬᠤ ᠴᠠᠭ ᠨᠢ 7 ᠴᠠᠭ ᠠᠴᠠ ᠪᠠᠭ᠎ᠠ ᠪᠤᠯ᠂ ᠡᠷᠲᠡ ᠦᠬᠦᠬᠦ ᠲᠦᠭᠰᠢᠭᠦᠷᠢ ᠨᠢ 26% ᠢᠶᠠᠷ ᠨᠡᠮᠡᠭᠳᠡᠨ᠎ᠡ᠂ ᠬᠠᠷᠢᠨ 8 ᠴᠠᠭ ᠠᠴᠠ ᠬᠡᠳᠦᠷᠡᠪᠡᠯ᠂ ᠡᠷᠲᠡ ᠦᠬᠦᠬᠦ  ᠲᠦᠭᠰᠢᠭᠦᠷᠢ ᠨᠢ 24% ᠢᠶᠠᠷ ᠨᠡᠮᠡᠭᠳᠡᠨ᠎ᠡ᠃      11᠂ ᠸᠢᠲ᠋ᠠᠮᠢᠨ A ᠨᠢ ᠨᠢᠳᠦᠨ ᠠᠲᠤᠷᠢᠶ᠎ᠠ ᠶᠢ ᠠᠷᠢᠯᠭᠠᠨ᠎ᠠ᠃     ᠨᠠᠰᠦ ᠨᠡᠮᠡᠭᠳᠡᠬᠦ ᠶᠢ ᠲᠠᠭᠠᠯᠳᠤᠨ᠂ ᠡᠰ ᠤᠨ ᠡᠷᠭᠢᠯᠲᠡ ᠶᠢᠨ ᠶᠠᠪᠤᠴᠠ ᠨᠢ ᠢᠯᠡᠷᠭᠡᠢ ᠤᠳᠠᠭᠠᠰᠢᠷᠠᠵᠦ᠂ ᠠᠷᠠᠰᠦ ᠴᠠᠪᠠᠤ ᠶᠢᠨ ᠤᠭ ᠤᠨ ᠤᠭᠤᠷᠠᠭ ᠢᠶᠠᠷ ᠲᠤᠲᠠᠨ᠎ᠠ᠃ ᠡᠨᠡ ᠨᠢ ᠬᠦᠮᠦᠨ ᠤ ᠪᠡᠶ᠎ᠡ ᠶᠢᠨ ᠠᠷᠠᠰᠤᠨ ᠤ ᠬᠠᠮᠤᠭ ᠤᠨ ᠨᠢᠮᠭᠡᠨ ᠭᠡᠰᠡᠭ᠂ ᠵᠤᠵᠠᠭᠠᠨ ᠨᠢ ᠵᠦᠪᠬᠡᠨ 0.02 ᠮᠢᠯᠢᠮᠧᠳ᠋ᠷ ᠤᠨ ᠨᠢᠳᠦᠨ ᠬᠡᠰᠡᠭ ᠲᠤ ᠬᠠᠮᠤᠭ ᠢᠯᠡᠷᠭᠡᠢ ᠮᠡᠳᠡᠭᠳᠡᠨ᠎ᠡ ᠃ ᠰᠢᠨ᠎ᠡ ᠰᠤᠳᠤᠯᠭᠠᠨ ᠠᠴᠠ ᠮᠡᠳᠡᠭᠰᠡᠨ ᠨᠢ᠂ ᠸᠢᠲ᠋ᠠᠮᠢᠨ A ᠨᠢ ᠴᠠᠪᠠᠤ ᠶᠢᠨ ᠤᠭ ᠤᠨ ᠤᠭᠤᠷᠠᠭ  ᠰᠢᠨ᠎ᠡ ᠪᠠᠷ ᠡᠭᠦᠰᠬᠦ ᠳᠤ ᠠᠰᠢᠭᠲᠠᠢ ᠪᠠᠶᠢᠵᠦ᠂ ᠠᠲᠤᠷᠢᠶ᠎ᠠ ᠶᠢ ᠠᠷᠢᠯᠭᠠᠬᠤ ᠦᠢᠯᠡᠳᠦᠯ ᠢᠶᠠᠷ ᠢᠯᠡᠷᠭᠡᠢ ᠪᠠᠶᠢᠳᠠᠭ᠃       12᠂ ᠲᠠᠷᠢᠶᠠᠨ ᠠᠵᠢᠯ ᠬᠢᠬᠦ ᠨᠢ ᠤᠷᠲᠦ ᠨᠠᠰᠤᠯᠠᠬᠤ ᠳᠤ ᠲᠤᠰᠠᠲᠠᠢ᠃       ᠠᠮᠧᠷᠢᠺᠡ ᠶᠢᠨ ᠲᠤᠰᠬᠠᠢ ᠮᠡᠷᠭᠡᠵᠢᠯᠲᠡᠨ ᠢᠯᠡᠷᠡᠭᠦᠯᠦᠭᠰᠡᠨ ᠨᠢ᠂ ᠲᠠᠷᠢᠶᠠᠴᠢᠨ ᠤ ᠤᠷᠲᠦ ᠨᠠᠰᠤᠯᠠᠬᠤ ᠶᠢᠨ ᠨᠤᠷᠮ᠎ᠠ ᠨᠢ ᠬᠤᠲᠠ ᠶᠢᠨ ᠰᠠᠭᠤᠭᠠᠯᠢ ᠠᠷᠠᠳ ᠤᠨ ᠬᠤᠶᠠᠷ ᠲᠠᠬᠢᠨ᠃ ᠡᠷᠡᠭᠲᠠᠶᠢᠴᠤᠳ ᠴᠡᠴᠡᠭ ᠠᠷᠠᠴᠢᠯᠠᠬᠤ᠂ ᠡᠪᠡᠰᠦ ᠲᠠᠷᠢᠬᠤ᠂ ᠲᠠᠷᠢᠶᠠᠨ ᠠᠵᠢᠯ ᠬᠢᠬᠦ ᠵᠡᠷᠭᠡ ᠠᠵᠢᠯ ᠢ ᠬᠢᠬᠦ ᠨᠢ ᠲᠡᠳᠡᠨᠠᠷ ᠤᠨ ᠤᠷᠲᠦ ᠨᠠᠰᠤᠯᠠᠬᠤ ᠳᠤ ᠠᠰᠢᠭᠲᠠᠢ  ᠃       13᠂ ᠦᠷᠭᠡᠰᠦᠲᠦ ᠨᠤᠭᠤᠭ᠎ᠠ ᠶᠢ ᠢᠯᠡᠭᠦᠭᠡᠨ ᠢᠳᠡᠬᠦ ᠨᠢ ᠪᠤᠯᠴᠢᠩ ᠭᠠᠷᠬᠤ ᠳᠤ ᠲᠤᠰᠠᠲᠠᠢ᠃      ᠡᠷᠡᠭᠲᠠᠶᠢᠴᠤᠳ ᠤᠨ ᠪᠤᠯᠴᠢᠩ ᠬᠦᠭᠵᠢᠪᠡᠯ᠂ ᠦᠵᠡᠬᠦ ᠳᠤ ᠨᠡᠩ ᠵᠠᠯᠠᠭᠤ ᠬᠠᠷᠠᠭᠳᠠᠭᠤᠯᠤᠨ᠎ᠠ᠃ ᠦᠷᠭᠡᠰᠦᠲᠦ ᠨᠤᠭᠤᠭ᠎ᠠ ᠢᠳᠡᠬᠦ ᠨᠢ ᠤᠭᠤᠷᠠᠭ ᠤᠨ ᠨᠡᠶᠢᠯᠡᠭᠵᠢᠯ ᠢ ᠠᠭᠢᠭᠤᠯᠵᠦ᠂ ᠪᠤᠯᠴᠢᠩ ᠦᠰᠬᠦ ᠳᠤ ᠠᠰᠢᠭ ᠲᠠᠢ᠃  ᠡᠭᠦᠨ ᠠᠴᠠ ᠭᠠᠳᠠᠨ᠎ᠠ᠂ ᠦᠷᠭᠡᠰᠦᠲᠦ ᠨᠤᠭᠤᠭ᠎ᠠ ᠢᠳᠡᠬᠦ ᠨᠢ ᠶᠠᠰᠤᠨ ᠤ ᠰᠡᠶᠢᠷᠡᠭᠵᠢᠯ ᠠᠴᠠ ᠰᠡᠷᠭᠡᠶᠢᠯᠡᠵᠦ ᠲᠡᠶᠢᠯᠦᠨ᠎ᠡ  ᠃
 
ᠢᠷᠡᠯᠲᠡ᠄ ᠤᠯᠠᠭᠠᠨᠬᠳᠠ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号