ᠲᠠᠮᠠᠬᠢᠨ ᠤᠳᠤᠭ᠎ᠠ ᠶᠢᠨ ᠦᠯᠡᠳᠡᠭᠳᠡᠯ ᠨᠢ ᠡᠯᠢᠭᠡ ᠶᠢ ᠭᠡᠮᠳᠦᠭᠡᠵᠦ ᠰᠢᠬᠢᠷ ᠰᠢᠵᠢᠩ ᠡᠪᠡᠳᠴᠢᠨ ᠡᠭᠦᠰᠭᠡᠨ᠎ᠠ
ᠨᠡᠶᠢᠲᠡᠯᠡᠭᠰᠡᠨ ᠴᠠᠭ᠄
2017/9/26
     ᠠᠮᠧᠷᠢᠺᠠ ᠶᠢᠨ ᠰᠢᠨᠵᠢᠯᠡᠬᠦ ᠤᠬᠠᠭᠠᠨᠳᠠᠨ ᠠᠮᠢᠲᠠᠨ ᠤ ᠪᠡᠶ᠎ᠠ ᠳᠤ ᠲᠤᠷᠰᠢᠯᠲᠠ ᠬᠢᠭᠡᠳ ᠢᠯᠡᠷᠡᠭᠦᠯᠦᠭᠰᠡᠨ ᠨᠢ᠂ ᠳᠠᠮᠠᠬᠢᠨ ᠤᠳᠤᠭ᠎ᠠ ᠰᠢᠩᠭᠡᠭᠰᠡᠨ ᠬᠤᠪᠴᠠᠰᠤ ᠬᠤᠨᠠᠷ᠂ ᠭᠡᠷ ᠤᠨ ᠬᠡᠷᠡᠭᠰᠡᠯ ᠵᠡᠷᠭᠡ ᠨᠢ ᠲᠤᠷᠰᠢᠯᠲᠠ ᠶᠢᠨ ᠬᠤᠯᠤᠭᠠᠨ᠎ᠠ ᠶᠢᠨ ᠡᠯᠢᠭᠡᠨ ᠤ ᠭᠡᠮᠳᠦᠯ ᠪᠤᠯᠤᠨ ᠰᠢᠬᠢᠷ ᠰᠢᠵᠢᠩ ᠡᠪᠡᠳᠴᠢᠨ ᠵᠡᠷᠭᠡ ᠳᠤ ᠨᠡᠷᠪᠡᠭᠳᠡᠬᠦ ᠪᠤᠯᠤᠮᠵᠢ ᠶᠢ ᠨᠡᠮᠡᠭᠳᠡᠭᠦᠯᠦᠨ᠎ᠠ᠃      ᠲᠠᠮᠠᠬᠢ ᠲᠠᠳᠠᠬᠤ ᠨᠢ ᠲᠠᠮᠠᠬᠢᠨ ᠤᠲᠤᠭ᠎ᠠ ᠶᠢ ᠬᠦᠮᠦᠨ ᠤ ᠪᠡᠶ᠎ᠠ ᠪᠠ ᠭᠡᠷ ᠤᠨ ᠬᠡᠷᠡᠭᠰᠡᠯ ᠤᠨ ᠭᠠᠳᠠᠷᠭᠤ ᠳᠤ ᠦᠯᠡᠳᠡᠭᠡᠵᠤ᠂ ᠤᠯᠠᠨ ᠠᠷᠪᠢᠨ ᠬᠤᠤᠷᠠᠳᠦ ᠡᠯᠧᠮᠧᠨ᠋ᠲ ᠢ ᠪᠤᠢ ᠪᠤᠯᠭᠠᠨ᠎ᠠ᠂ ᠡᠩ ᠤᠨ ᠠᠷᠢᠭᠤᠳᠬᠠᠭᠴᠢ ᠡᠳ᠋ ᠢᠶᠠᠷ ᠡᠳᠡᠭᠡᠷ ᠬᠤᠤᠷᠠᠳᠦ ᠪᠤᠳᠠᠰ ᠢ ᠠᠷᠢᠯᠭᠠᠵᠤ ᠳᠡᠶᠢᠯᠬᠦ ᠦᠭᠡᠢ ᠲᠤᠯᠠ ᠲᠠᠮᠠᠬᠢᠨ ᠤᠳᠤᠭ᠎ᠠ ᠶᠢᠨ ᠪᠤᠬᠢᠷᠳᠤᠯ ᠢ ᠡᠭᠦᠰᠭᠡᠬᠦ ᠪᠤᠯᠤᠨ᠎ᠠ᠃ ᠡᠭᠦᠨ ᠠᠴᠠ ᠡᠮᠦᠨᠡᠬᠢ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠲᠠᠮᠠᠬᠢᠨ ᠤᠳᠤᠭ᠎ᠠ ᠶᠢᠨ ᠦᠯᠡᠳᠡᠭᠳᠡᠯ ᠬᠤᠤᠷᠠᠳᠦ ᠪᠤᠳᠠᠰ ᠨᠢ ᠲᠤᠷᠰᠢᠯᠲᠠ ᠶᠢᠨ ᠬᠤᠯᠤᠭᠠᠨ᠎ᠠ ᠶᠢᠨ ᠴᠠᠷᠤᠯᠳᠠ ᠶᠢᠨ ᠰᠢᠰᠲ᠋ᠧᠮ ᠢ ᠨᠦᠯᠦᠭᠡᠯᠡᠨ᠎ᠠ᠃       ᠠᠩᠭ᠍ᠯᠢ ᠶᠢᠨ ︽ᠰᠢᠨ᠎ᠠ ᠰᠢᠨᠵᠢᠯᠡᠬᠦ ᠤᠬᠠᠭᠠᠨᠲᠠᠨ︾ ᠰᠡᠳᠭᠦᠯ ᠤᠨ ᠤᠢᠢᠷ᠎ᠠ ᠶᠢᠨ ᠡᠳᠦᠷ ᠤᠨ ᠮᠡᠳᠡᠭᠡᠯᠡᠯ ᠢ ᠦᠨᠳᠦᠰᠦᠯᠡᠪᠡᠯ᠂ ᠠᠮᠧᠷᠢᠺᠠ ᠶᠢᠨ ᠺᠠᠯᠢᠹᠤᠷᠨᠢᠶ᠎ᠠ ᠶᠡᠭᠡ ᠰᠤᠷᠭᠠᠭᠤᠯᠢ ᠶᠢᠨ ᠷᠦᠢᠧᠧᠰᠠᠶᠢᠳ᠋ ᠲᠠᠬᠢ ᠬᠤᠪᠢᠶᠠᠷᠢ ᠰᠤᠷᠭᠠᠭᠤᠯᠢ ᠶᠢᠨ ᠰᠤᠳᠤᠯᠤᠭᠴᠢᠳ ᠲᠠᠮᠠᠬᠢ ᠲᠠᠳᠠᠭᠴᠢᠳ ᠤᠨ ᠭᠡᠷ ᠳᠤᠳᠤᠷᠠᠬᠢ ᠪᠠᠶᠢᠳᠠᠯ ᠢ ᠳᠠᠭᠤᠷᠢᠶᠠᠵᠤ᠂ ᠴᠤᠩᠬᠤᠨ ᠪᠦᠷᠬᠦᠬᠦᠯ᠂ ᠱᠠᠯᠠ ᠶᠢᠨ ᠬᠡᠪᠢᠰ ᠵᠡᠷᠭᠡ ᠭᠡᠷ ᠤᠨ ᠬᠡᠷᠡᠭᠰᠡᠯ ᠳᠤ ᠲᠠᠮᠠᠬᠢᠨ ᠤᠲᠤᠭ᠎ᠠ ᠬᠦᠷᠭᠡᠭᠰᠡᠨ ᠤ ᠳᠠᠷᠠᠭ᠎ᠠ᠂ ᠡᠳᠡᠭᠡᠷ ᠬᠡᠷᠡᠭᠰᠡᠯ ᠤᠳ ᠢ ᠲᠤᠷᠰᠢᠯᠲᠠ ᠶᠢᠨ ᠬᠤᠯᠤᠭᠠᠨ᠎ᠠ ᠶᠢᠨ ᠰᠢᠩᠭᠡᠯᠢᠭ ᠲᠤ ᠬᠢᠵᠤ ᠲᠠᠯᠪᠢᠪᠠ᠃       ᠨᠢᠭᠡ ᠰᠠᠷ᠎ᠠ ᠶᠢᠨ ᠲᠠᠷᠠᠭ᠎ᠠ᠂ ᠡᠳᠡᠭᠡᠷ ᠲᠤᠷᠰᠢᠯᠳᠠ ᠶᠢᠨ ᠬᠤᠯᠤᠭᠠᠨ᠎ᠠ ᠶᠢᠨ ᠴᠢᠰᠤ ᠪᠤᠯᠤᠨ ᠡᠯᠢᠭᠡᠨ ᠲᠤᠳᠤᠷᠠᠬᠢ ᠦᠷᠪᠢᠰᠦᠯ ᠤᠨ ᠮᠤᠯᠧᠺᠦ᠋ᠯ ᠨᠢ ᠬᠠᠷᠭᠤᠭᠤᠯᠤᠭᠴᠢ ᠬᠤᠯᠤᠭᠠᠨ᠎ᠠ ᠠᠴᠠ 50% ᠢᠶᠠᠷ ᠢᠯᠡᠭᠦᠦ ᠪᠤᠯᠪᠠ︔ ᠬᠤᠶᠠᠷ ᠰᠠᠷ᠎ᠠ ᠶᠢᠨ ᠳᠠᠷᠠᠭ᠎ᠠ ᠡᠳᠡᠭᠡᠷ ᠲᠤᠷᠰᠢᠯᠳᠠ ᠶᠢᠨ ᠬᠤᠯᠤᠭᠠᠨ᠎ᠠ ᠶᠢᠨ ᠡᠯᠢᠬᠡ ᠪᠤᠯᠤᠨ ᠲᠠᠷᠢᠬᠢᠨ ᠤ ᠬᠡᠰᠡᠭ ᠲᠤ ᠪᠦᠷ ᠡᠰ ᠤᠨ ᠭᠡᠮᠳᠦᠯ ᠡᠭᠦᠰᠪᠡ︔ 4 ᠰᠠᠷ᠎ᠠ ᠶᠢᠨ ᠲᠠᠷᠠᠭ᠎ᠠ᠂ ᠡᠳᠡᠭᠡᠷ ᠲᠤᠷᠰᠢᠯᠳᠠ ᠶᠢᠨ ᠬᠤᠯᠤᠭᠠᠨ᠎ᠠ ᠶᠢᠨ ᠪᠠᠶ᠎ᠠ ᠳᠤᠳᠤᠷᠠᠬᠢ ᠬᠦᠷᠦᠰᠦᠯᠢᠭ ᠡᠳ᠋ ᠤᠨ ᠠᠯᠺᠤᠤᠯ ᠤᠨ ᠲᠦᠪᠰᠢᠨ ᠨᠢ ᠬᠠᠷᠭᠤᠭᠤᠯᠤᠭᠴᠢ ᠬᠤᠯᠤᠭᠠᠨ᠎ᠠ ᠠᠴᠠ 45% ᠢᠶᠠᠷ ᠦᠨᠳᠦᠷ ᠪᠤᠯᠵᠤ᠂ ᠦᠯᠤᠨ ᠪᠠᠶᠢᠳᠠᠯ ᠤᠨ ᠴᠢᠰᠤᠨ ᠰᠢᠬᠢᠷ ᠪᠤᠯᠤᠨ ᠨᠦᠢᠷ ᠤᠨ ᠠᠷᠠᠯ ᠤᠨ ᠡᠳ᠋ ᠤᠨ ᠲᠦᠪᠰᠢᠨ ᠨᠢ 30% ᠢᠶᠠᠷ ᠦᠨᠳᠦᠷ ᠪᠤᠯᠪᠠ᠂ ᠡᠨᠡ ᠨᠢ ᠲᠤᠷᠰᠢᠯᠳᠠ ᠶᠢᠨ ᠬᠤᠯᠤᠭᠠᠨ᠎ᠠ ᠶᠢᠨ ᠴᠠᠷᠤᠯᠳᠠ ᠶᠢᠨ ᠴᠢᠳᠠᠪᠤᠷᠢ ᠪᠠᠭᠤᠷᠠᠵᠤ᠂ ᠰᠢᠬᠢᠷ ᠰᠢᠵᠢᠩ ᠡᠪᠡᠳᠴᠢᠨ ᠤ ᠠᠶᠤᠯ ᠦᠨᠳᠤᠷ ᠪᠤᠯᠤᠬᠰᠠᠨ ᠢ ᠬᠠᠷᠠᠭᠤᠯᠵᠤ ᠪᠠᠶᠢᠨ᠎ᠠ᠃       ᠰᠤᠳᠤᠯᠤᠭᠴᠢᠳ ᠠᠩᠭ᠍ᠯᠢ ᠶᠢᠨ ︽ᠡᠮᠴᠢᠯᠡᠬᠡᠨ ᠤ ᠰᠢᠨᠵᠢᠯᠡᠬᠦ ᠤᠬᠠᠭᠠᠨ︾ ᠰᠡᠳᠬᠦᠯ ᠳᠤ ᠮᠡᠳᠡᠬᠦᠯᠤᠯᠳᠠ ᠨᠡᠶᠢᠳᠡᠯᠡᠵᠦ᠂ ᠡᠨᠡ ᠬᠦ ᠢᠯᠡᠷᠡᠬᠦᠯᠤᠯᠳᠠ ᠶᠢ ᠤᠯᠠᠨ ᠨᠡᠶᠢᠳᠠ ᠳᠤ ᠲᠠᠮᠠᠬᠢᠨ ᠤᠳᠤᠭ᠎ᠠ ᠶᠢᠨ ᠦᠯᠡᠳᠡᠭᠳᠡᠯ ᠤᠨ ᠬᠤᠤᠷ ᠬᠦᠨᠤᠬᠡᠯ ᠢ ᠤᠬᠠᠭᠤᠯᠬᠤ ᠳᠤ ᠭᠡᠷᠡᠭᠯᠡᠵᠤ ᠪᠤᠯᠤᠨ᠎ᠠ᠃ ᠬᠡᠷᠪᠡ ᠲᠠᠮᠠᠬᠢᠨ ᠤᠳᠤᠭ᠎ᠠ ᠶᠢᠨ ᠦᠯᠡᠳᠡᠭᠳᠡᠯ ᠨᠢ ᠬᠦᠮᠤᠨ ᠤ ᠪᠠᠶ᠎ᠠ ᠳᠤ ᠮᠦᠨ ᠡᠶᠢᠮᠤᠷᠬᠦ ᠦᠷ᠎ᠠ ᠳ᠋ᠦᠩ ᠡᠭᠦᠰᠭᠡᠬᠦ ᠶᠢ ᠭᠡᠷᠡᠴᠢᠯᠡᠪᠡᠯ᠂ ᠬᠤᠯᠪᠤᠬᠳᠠᠯ ᠪᠦᠬᠦᠢ ᠠᠮᠢᠳᠤ ᠪᠤᠳᠠᠰ ᠤᠨ ᠲᠡᠮᠳᠡᠭᠳᠤ ᠮᠤᠯᠧᠺᠦ᠋ᠯ ᠢ ᠡᠮᠴᠢᠯᠡᠬᠡᠨ ᠤ ᠲᠤᠷᠰᠢᠯᠳᠠ ᠳᠤ ᠭᠡᠷᠡᠭᠯᠠᠵᠤ ᠪᠤᠯᠤᠨ᠎ᠠ ᠭᠡᠪᠡ᠃       ᠰᠤᠳᠤᠯᠤᠬᠴᠢᠳ ᠤᠨ ᠦᠵᠡᠬᠦ ᠪᠠᠷ ᠲᠠᠮᠠᠬᠢᠨ ᠤᠳᠤᠭ᠎ᠠ ᠶᠢᠨ ᠦᠯᠡᠳᠡᠭᠳᠡᠯ ᠨᠢ ᠳᠠᠮᠠᠬᠢ ᠳᠠᠳᠠᠬᠤ ᠵᠢᠴᠢ ᠲᠠᠮᠠᠬᠢᠨ ᠤᠳᠤᠭ᠎ᠠ ᠲᠠᠢ ᠠᠳᠠᠯᠢᠬᠠᠨ ᠠᠶᠤᠯ ᠲᠠᠢ ᠶᠤᠮ᠂ ᠡᠴᠢᠬᠡ ᠡᠬᠡ ᠪᠤᠯᠤᠬᠰᠠᠳ ᠨᠢᠯᠬ᠎ᠠ ᠪᠠᠭ᠎ᠠ ᠦᠷ᠎ᠠ ᠬᠡᠤᠬᠡᠳ ᠢᠶᠠᠨ ᠬᠤᠤᠷᠳᠠᠭᠳᠠᠭᠤᠯᠬᠤ ᠠᠴᠠ ᠤᠴᠠᠯᠠᠨ ᠬᠢᠴᠢᠶᠡᠬᠦ ᠬᠡᠷᠡᠭᠳᠠᠢ ᠭᠡᠵᠦ ᠰᠠᠨᠠᠭᠤᠯᠪᠠ᠃ ᠵᠢᠱᠢᠶᠡᠯᠡᠪᠡᠯ ᠬᠡᠷ ᠲᠤᠳᠤᠷ᠎ᠠ ᠪᠠᠨ ᠲᠠᠮᠠᠬᠢ ᠲᠠᠳᠠᠬᠤ ᠦᠭᠡᠢ᠂ ᠲᠠᠮᠠᠬᠢ ᠲᠠᠳᠠᠬᠤ ᠳᠠᠭᠠᠨ ᠡᠮᠦᠰᠦᠭᠰᠡᠨ ᠬᠤᠪᠴᠠᠰᠤ ᠪᠠᠨ ᠴᠡᠪᠡᠷ ᠬᠤᠪᠴᠠᠰᠤ ᠪᠠᠷ ᠰᠤᠯᠢᠭᠰᠠᠨ ᠤ ᠳᠠᠷᠠᠭ᠎ᠠ ᠰᠠᠢᠢ ᠬᠡᠤᠬᠡᠳ ᠢᠶᠠᠨ ᠳᠠᠪᠡᠷᠢᠵᠦ ᠪᠤᠯᠤᠨ᠎ᠠ᠃ ᠬᠡᠤᠬᠡᠳ ᠤᠨ ᠠᠮᠢᠰᠬᠤᠯ ᠲᠦᠷᠭᠡᠨ᠂ ᠲᠡᠭᠡᠬᠦ ᠮᠦᠷᠳᠡᠬᠡᠨ ᠭᠡᠷ ᠤᠨ ᠭᠡᠷᠡᠭᠰᠡᠯ᠂ ᠬᠡᠪᠢᠰ ᠵᠡᠷᠭᠡ ᠲᠠᠢ ᠤᠢᠢᠷᠠᠳᠤᠯᠴᠠᠬᠤ ᠵᠠᠪᠰᠢᠶᠠᠨ ᠨᠢ ᠢᠯᠡᠭᠦᠦ ᠪᠤᠯᠬᠤᠷ ᠲᠠᠮᠡᠬᠢᠨ ᠤᠳᠤᠭ᠎ᠠ ᠶᠢᠨ ᠦᠯᠡᠳᠡᠭᠳᠡᠯ ᠨᠢ ᠲᠡᠳᠡᠨ ᠳᠤ ᠨᠡᠩ ᠶᠡᠭᠡ ᠬᠤᠤᠷᠠᠳᠠᠯ ᠪᠤᠯᠬᠤ ᠶᠤᠮ᠃          ᠤᠩᠰᠢᠪᠤᠷᠢ᠄    ᠳᠠᠮᠠᠬᠢ ᠪᠠᠨ ᠵᠤᠭᠰᠤᠪᠠᠯ ᠬᠦᠮᠦᠨ ᠤ ᠪᠡᠶ᠎ᠠ ᠳᠤ ᠶᠠᠮᠠᠷ ᠬᠤᠪᠢᠷᠠᠯᠳᠠ ᠭᠠᠷᠬᠤ ᠪᠤᠢ︖ 1᠂ ᠢᠯᠡᠭᠦᠦ ᠲᠠᠶᠢᠪᠤᠭᠤᠨ ᠠᠮᠤᠭᠤᠯᠠᠩ ᠤᠨᠳᠠᠵᠤ ᠳᠡᠶᠢᠯᠦᠨ᠎ᠠ᠃ 2᠂ ᠠᠮᠳᠠ ᠶᠢᠨ ᠰᠡᠷᠡᠯ ᠰᠠᠶᠢᠵᠢᠷᠠᠨ᠎ᠠ᠃ 3᠂ ᠠᠮᠢᠰᠬᠤᠭᠠᠳᠠᠬᠤ ᠪᠠᠭᠠᠰᠤᠨ᠎ᠠ᠃ 4᠂ ᠠᠵᠢᠯ ᠤᠨ ᠡᠷᠴᠢ ᠬᠦᠴᠦ ᠨᠡᠮᠡᠭᠳᠡᠨ᠎ᠠ᠃ 5᠂ ᠠᠮᠠ ᠠᠴᠠ ᠡᠪ ᠦᠭᠡᠢ ᠦᠨᠦᠷ ᠭᠠᠷᠬᠤ ᠪᠠᠨ ᠪᠤᠯᠢᠨ᠎ᠠ᠃ 6᠂ ᠴᠢᠰᠤ ᠬᠠᠷᠪᠤᠬᠤ ᠪᠤᠯᠤᠮᠵᠢ ᠪᠠᠭᠤᠷᠠᠨ᠎ᠠ᠃ 7᠂ ᠬᠤᠤᠷᠠᠳᠦ ᠬᠠᠪᠤᠳᠠᠷ ᠲᠤ ᠨᠡᠷᠪᠡᠭᠳᠡᠬᠦ ᠪᠤᠯᠤᠮᠵᠢ ᠪᠠᠭᠤᠷᠠᠨ᠎ᠠ᠃ 8᠂ ᠵᠠᠩ ᠠᠭᠠᠰᠢ ᠢᠯᠡᠭᠦᠦ ᠲᠠᠶᠢᠪᠤᠭᠤᠨ ᠳᠤᠭᠳᠠᠭᠤᠨ ᠪᠤᠯᠤᠨ᠎ᠠ᠃ ︵ᠰᠢᠨᠬᠤᠸᠠ ᠬᠤᠷᠢᠶ᠎ᠠ︶
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号