ᠤᠩᠨᠢᠭᠤᠳ ᠬᠤᠰᠢᠭᠤ 2017 ᠣᠨ ᠤ《 ᠹᠠᠨ ᠬᠠᠢ ᠰᠣᠷᠣᠯᠭ᠎ᠠ ᠳᠡᠳᠭᠦᠬᠦ ᠠᠵᠢᠯᠯᠠᠭᠠᠨ》 ᠤ ᠮᠥᠩᠬᠦ ᠬᠠᠨᠲᠢᠪᠯᠠᠬᠤ ᠶᠤᠰᠣᠯᠠᠯ ᠶᠡᠪᠣᠭᠳᠠᠭᠤᠯᠪᠠ
ᠨᠡᠶᠢᠲᠡᠯᠡᠭᠰᠡᠨ ᠴᠠᠭ᠄
2017-09-27
         9 ᠰᠠᠷ᠎ᠠ ᠶᠢᠨ 26 ᠤ ᠡᠳᠦᠷ᠂ ᠤᠩᠨᠢᠭᠤᠳ ᠬᠤᠰᠢᠭᠤ 2017 ᠣᠨ ᠤ《 ᠹᠠᠨ ᠬᠠᠢ ᠰᠣᠷᠣᠯᠭ᠎ᠠ ᠳᠡᠳᠭᠦᠬᠦ ᠠᠵᠢᠯᠯᠠᠭᠠᠨ》 ᠤ ᠮᠥᠩᠬᠦ ᠬᠠᠨᠲᠢᠪᠯᠠᠬᠤ ᠶᠤᠰᠣᠯᠠᠯ ᠶᠠᠪᠣᠭᠳᠠᠭᠤᠯᠵᠣ᠂ ᠶᠠᠳᠠᠭᠤ ᠬᠦᠴᠢᠷᠲᠡᠯᠲᠠᠢ ᠤᠶᠣᠲᠠᠳ ᠤᠨ ᠭᠡᠷ ᠤᠨ ᠠᠬᠠᠮᠠᠳ ᠲᠤ ᠰᠣᠷᠣᠯᠭ᠎ᠠ ᠳᠡᠳᠭᠦᠬᠦ ᠮᠥᠩᠬᠦ ᠤᠯᠭᠤᠪᠠ᠃《 ᠹᠠᠨ ᠬᠠᠢ ᠰᠣᠷᠣᠯᠭ᠎ᠠ ᠳᠡᠳᠭᠦᠬᠦ ᠠᠵᠢᠯᠯᠠᠭᠠᠨ》  ᠪᠣᠯ ᠲᠦᠪ ᠤᠨ ᠨᠢᠭᠡᠲᠦᠮᠡᠯ ᠹᠷᠣᠨᠲ ᠤᠨ ᠬᠡᠯᠲᠡᠰ ᠠᠴᠠ ᠡᠭᠦᠰᠭᠡᠨ ᠵᠤᠬᠢᠶᠠᠨ ᠪᠠᠶᠢᠭᠤᠯᠵᠣ᠂ ᠲᠣᠮᠳᠠᠲᠣ ᠣᠯᠣᠰ ᠤᠨ ᠹᠠᠨ ᠬᠠᠢ ᠬᠤᠪᠢᠴᠠᠭᠠᠲᠣ ᠪᠦᠯᠦᠭᠯᠡᠯ ᠠᠴᠠ ᠪᠡᠯᠡ ᠮᠥᠩᠬᠦ ᠬᠠᠩᠭᠠᠵᠣ ᠰᠣᠷᠣᠯᠭ᠎ᠠ ᠶᠢ ᠳᠡᠳᠭᠦᠬᠦ ᠠᠵᠢᠯᠯᠠᠭᠠᠨ ᠪᠣᠯᠣᠨ᠎ᠠ᠃ 2017 ᠣᠨ ᠳᠤ ᠶᠡᠭᠡ ᠳᠡᠭᠡᠳᠦ ᠰᠣᠷᠭᠠᠭᠤᠯᠢ ᠳᠤ ᠰᠢᠯᠭᠠᠵᠣ ᠣᠷᠣᠭᠰᠠᠨ ᠶᠠᠳᠠᠭᠤ ᠬᠦᠴᠢᠷᠲᠡᠯᠲᠠᠢ ᠰᠢᠨ᠎ᠡ ᠤᠶᠤᠲᠠᠳ ᠲᠤ ᠬᠦᠮᠦᠨ ᠪᠦᠷᠢ ᠳᠤ 5000 ᠲᠦᠭᠦᠷᠢᠭ ᠶᠢᠨ ᠰᠣᠷᠣᠯᠭ᠎ᠠ ᠳᠡᠳᠭᠦᠬᠦ ᠮᠥᠩᠬᠦ ᠤᠯᠭᠤᠵᠣ᠂ ᠤᠩᠨᠢᠭᠤᠳ ᠬᠤᠰᠢᠭᠤᠨ ᠳᠤ ᠨᠡᠶᠢᠲᠡ 219 ᠶᠠᠳᠠᠭᠤ ᠬᠦᠴᠢᠷᠲᠡᠯᠲᠠᠢ ᠭᠡᠷ ᠪᠦᠯᠢ ᠶᠢᠨ ᠤᠶᠣᠲᠠᠨ ᠲᠤᠰ ᠳᠡᠳᠭᠦᠮᠵᠢ ᠶᠢᠨ ᠮᠥᠩᠬᠦ ᠶᠢ ᠤᠯᠬᠤ ᠨᠦᠭᠦᠴᠡᠯ ᠳᠤ ᠨᠡᠶᠢᠴᠡᠪᠡ᠃                        ᠡᠷᠳᠡᠨᠢᠳᠦᠭᠦᠷᠡᠩ ᠰᠡᠭᠦᠳᠡᠷᠯᠡᠨ ᠮᠡᠳᠡᠭᠡᠯᠡᠵᠣ  ᠪᠦᠷᠢᠨ᠋ᠥ᠌ᠯᠵᠡᠢ ᠨᠠᠶᠢᠷᠠᠭᠤᠯᠪᠠ
 
ᠢᠷᠡᠯᠲᠡ᠄ ᠣᠯᠠᠭᠠᠨᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号