ᠨᠠᠭᠠᠳᠤᠮ ᠢᠶᠠᠷ ᠲᠠᠮᠵᠢᠨ ᠬᠡᠥᠬᠡᠳ ᠤᠨ ᠤᠶᠤᠨ ᠢ ᠨᠡᠬᠡᠬᠡᠭᠳᠡᠭᠦᠯᠬᠦ ᠬᠡᠷᠡᠭᠲᠡᠢ
ᠨᠡᠶᠢᠲᠡᠯᠡᠭᠰᠡᠨ ᠴᠠᠭ᠄
2017/9/5
    ᠬᠡᠥᠬᠡᠳ ᠢ ᠵᠢᠯᠤᠭᠤᠳᠤᠨ ᠲᠡᠳᠡᠨ ᠤ ᠲᠤᠷ᠎ᠠ ᠪᠠᠬ᠎ᠠ ᠲᠠᠢ ᠨᠠᠭᠠᠳᠤᠮ ᠪᠤᠶᠤ ᠬᠦᠳᠡᠯᠮᠦᠷᠢ ᠶᠢ ᠨᠢ ᠬᠢᠯᠭᠡᠭᠦ ᠬᠡᠷᠡᠭᠳᠡᠢ᠂ ᠵᠢᠩᠭᠢᠨᠢ ᠰᠤᠷᠭᠠᠨ ᠬᠦᠮᠦᠵᠢᠯ ᠨᠢ ᠲᠠᠷᠤᠢ ᠬᠡᠥᠬᠡᠳ ᠤᠨ ᠲᠤᠷ᠎ᠠ ᠪᠠᠭ᠋ᠠᠲᠠᠢ ᠨᠠᠭᠠᠳᠤᠮ ᠤᠨ ᠲᠤᠮᠳᠠ ᠠᠴᠠ ᠲᠡᠳᠡᠨ ᠤ ᠵᠢᠩᠭᠢᠨᠢ ᠤᠶᠤᠨ ᠴᠢᠳᠠᠪᠦᠷᠢ ᠶᠢ ᠨᠢ ᠨᠡᠭᠡᠭᠳᠡᠭᠦᠯᠬᠦ ᠶᠤᠮ᠃ ᠨᠠᠭᠠᠳᠤᠮ ᠲᠤᠭᠯᠠᠭᠠᠮ ᠨᠢ ᠶᠠᠮᠠᠷᠪᠠ ᠠᠮᠢᠳᠠᠨ  ᠳᠤ ᠲᠤᠳᠠᠭᠳᠠᠵᠤ ᠪᠤᠯᠤᠰᠢ ᠦᠭᠡᠢ ᠶᠤᠮ᠃ ᠡᠶᠢᠮᠦ ᠠᠴᠠ ᠪᠢᠳᠡ ᠨᠠᠭᠠᠳᠤᠮ ᠢᠶᠠᠷ ᠲᠠᠮᠵᠢᠨ ᠬᠡᠥᠭᠡᠳ ᠲᠤ ᠲᠤᠥᠷᠠᠬᠢ ᠮᠡᠳᠦ ᠶᠢᠨ 8 ᠵᠦᠢᠯ ᠤᠨ ᠤᠶᠤᠨ ᠴᠢᠳᠠᠪᠤᠷᠢ ᠶᠢ ᠨᠢ ᠬᠦᠮᠦᠵᠢᠭᠦᠯᠬᠦ ᠬᠡᠷᠡᠭᠳᠡᠢ᠃ ︵1︶ ᠬᠡᠥᠬᠡᠳ ᠤᠨ ᠲᠤᠳᠤᠷ᠎ᠠ ᠠᠴᠠ ᠪᠠᠨ ᠤᠷᠭᠤᠮᠯ ᠪᠠᠶᠢᠬᠤ ᠮᠡᠳᠡᠷᠡᠯ ᠢᠶᠠᠷ ᠢᠶᠠᠨ ᠲᠡᠯᠡᠬᠡᠢ ᠶᠢᠨ ᠬᠡᠷᠡᠭ ᠪᠤᠳᠠᠰ ᠢ ᠤᠶᠢᠯᠭᠠᠬᠤ᠃︵2︶ ᠨᠠᠭᠠᠳᠤᠮ ᠢᠶᠠᠷ ᠲᠠᠮᠵᠢᠨ ᠬᠡᠥᠬᠡᠳ ᠤᠨ ᠦᠭᠡ ᠬᠡᠯᠡᠯᠭᠡ ᠶᠢᠨ ᠤᠷ᠎ᠠ ᠴᠢᠳᠠᠪᠤᠷᠢ ᠶᠢ ᠨᠢ ᠪᠤᠯᠪᠠᠰᠤᠷᠠᠬᠤ᠃ ︵3︶ ᠨᠠᠭᠠᠳᠤᠮ ᠤᠨ ᠲᠷᠤᠮᠳᠠ ᠪᠤᠳᠠᠳᠤ ᠠᠰᠠᠭᠤᠳᠠᠯ ᠳᠤ ᠬᠠᠨᠳᠤᠬᠤ ᠯᠤᠭᠢᠭ ᠰᠡᠳᠭᠢᠭᠦᠢ ᠶᠢ ᠨᠢ ᠬᠦᠮᠦᠵᠢᠭᠦᠯᠬᠦ᠃ ︵4︶ ᠨᠠᠭᠠᠳᠤᠮ ᠤᠨ ᠲᠤᠮᠳᠠ ᠡᠯ᠎ᠡ ᠡᠷᠭᠡᠳᠡᠨ ᠢᠶᠠᠨ ᠵᠢᠭᠳᠡ ᠪᠠᠷ  ᠪᠤᠯᠪᠠᠰᠤᠷᠠᠬᠤ᠃ ︵5︶ ᠨᠠᠭᠠᠳᠤᠮ ᠤᠨ ᠲᠤᠮᠳᠠ ᠬᠡᠥᠬᠡᠳ ᠤᠨ ᠲᠠᠭᠤᠥ ᠬᠦᠭᠵᠢᠮ ᠤᠨ ᠭᠤᠸ᠎ᠠ ᠰᠠᠶᠢᠬᠠᠨ ᠤ ᠲᠠᠭᠠᠰᠢᠶᠠᠯ ᠢ ᠤᠯᠭᠤᠬᠤ᠃ ︵6︶ ᠨᠠᠭᠠᠳᠤᠮ ᠤᠨ ᠶᠠᠪᠤᠴᠠ ᠳᠤ ᠬᠡᠥᠬᠡᠳ ᠤᠨ ᠬᠦᠮᠦᠰ ᠤᠨ ᠬᠤᠭᠤᠷᠤᠨᠳᠤᠬᠢ ᠬᠠᠷᠢᠯᠴᠠᠭ᠎ᠠ ᠶᠢ ᠪᠤᠢ ᠪᠤᠯᠭᠠᠬᠤ᠃ ︵7︶ ᠨᠠᠭᠠᠳᠤᠮ ᠤᠨ ᠲᠤᠮᠳᠠ ᠬᠡᠥᠬᠡᠳ ᠤᠨ ᠦᠪᠡᠷᠢᠮᠢᠴᠡ ᠰᠠᠶᠢᠨ ᠰᠠᠶᠢᠬᠠᠨ ᠤᠶᠤᠨ ᠴᠢᠳᠠᠪᠤᠷᠢ ᠪᠠᠨ ᠪᠠᠳᠠᠷᠠᠭᠤᠯᠬᠤ᠃ ︵8︶ ᠶᠡᠭᠡ ᠪᠠᠶᠢᠭᠠᠯᠢ ᠶᠢᠨ ᠲᠤᠮᠳᠠ ᠬᠡᠥᠬᠡᠳ ᠤᠨ ᠠᠵᠢᠭᠯᠠᠨ ᠪᠠᠶᠢᠴᠠᠭᠠᠬᠤ ᠴᠢᠳᠠᠪᠤᠷᠢ ᠶᠢ ᠬᠦᠮᠦᠵᠢᠭᠦᠯᠬᠦ᠃     ᠲᠡᠭᠡᠷᠡᠬᠢ ᠮᠡᠳᠦ ᠪᠠᠷ ᠬᠡᠥᠭᠡᠳ ᠲᠤ ᠨᠠᠭᠠᠳᠤᠮ ᠢᠶᠠᠷ ᠲᠠᠮᠵᠢᠨ ᠤᠶᠤᠨ ᠰᠠᠨᠠᠭ᠎ᠠ ᠶᠢ ᠨᠢ ᠪᠠᠶᠠᠷ ᠪᠠᠶᠠᠰᠬᠤᠯᠠᠩ  ᠲᠠᠢ ᠪᠠᠶᠢᠯᠭᠠᠨ᠂ ᠪᠠᠶᠠᠷ ᠪᠠᠶᠠᠰᠬᠤᠯᠠᠩ ᠲᠠᠢ ᠰᠤᠷᠤᠯᠴᠠᠭᠤᠯᠬᠤ ᠬᠡᠷᠡᠭᠳᠡᠢ ᠪᠠᠰᠠ ᠨᠠᠭᠠᠳᠤᠮ ᠢᠶᠠᠷ ᠲᠠᠮᠵᠢᠨ᠂ ᠬᠡᠥᠬᠡᠳ  ᠤᠨ ᠤᠶᠤᠨ ᠴᠢᠳᠠᠪᠤᠷᠢ ᠶᠢ ᠨᠢ ᠨᠡᠭᠡᠭᠳᠡᠭᠦᠯᠬᠦ ᠬᠡᠷᠡᠭᠳᠡᠢ᠃ ᠭᠡᠷ ᠤᠨ ᠠᠬᠠᠮᠠᠳ᠂ ᠦᠪᠡᠷ ᠤᠨ ᠪᠤᠰᠤ ᠠᠵᠢᠯ ᠬᠦᠳᠡᠯᠮᠦᠷᠢ ᠪᠠᠨ ᠲᠦᠷ ᠲᠠᠯᠪᠢᠵᠤ ᠪᠠᠶᠢᠭᠠᠳ᠂ ᠵᠤᠬᠢᠬᠤ ᠬᠡᠮᠵᠶᠡᠨ ᠤ ᠴᠠᠭ ᠬᠤᠭᠤᠴᠠᠭ᠎ᠠ ᠵᠠᠷᠴᠠᠭᠤᠯᠵᠤ ᠵᠠᠪᠠᠯ ᠬᠡᠥᠬᠡᠳ ᠲᠠᠢ ᠪᠠᠨ ᠬᠠᠮᠳᠤ ᠪᠠᠷ ᠲᠡᠳᠡᠨ ᠤ ᠨᠠᠭᠠᠳᠤᠮ ᠲᠤᠭᠯᠠᠭᠠᠮ ᠳᠤ ᠤᠷᠤᠯᠴᠠᠵᠤ᠂ ᠵᠠᠪᠠᠯ ᠪᠤᠳᠠᠳᠤ ᠨᠠᠭᠠᠳᠤᠮ  ᠤᠨ ᠶᠠᠪᠤᠴᠠ ᠳᠤ ᠬᠡᠥᠬᠡᠳ ᠤᠨ ᠢᠶᠠᠨ ᠤᠷ᠎ᠠ ᠠᠪᠢᠶᠠᠰ᠂ ᠲᠤᠷ᠎ᠠ ᠪᠠᠬ᠎ᠠ᠂ ᠲᠠᠪᠠᠭᠤᠯᠢᠭ ᠲᠠᠯ᠎ᠠ ᠬᠢᠭᠡᠳ ᠪᠠᠭᠤᠷᠠᠢ ᠲᠠᠯ᠎ᠠ ᠶᠢ ᠨᠢ ᠤᠶᠢᠯᠭᠠᠨ ᠠᠪᠴᠤ᠃ ᠪᠠᠰᠠ ᠬᠡᠥᠬᠡᠳ ᠲᠶᠠᠢ ᠪᠠᠨ ᠬᠠᠮᠳᠤ ᠶᠢᠨ ᠨᠠᠭᠠᠳᠤᠮ ᠲᠤᠭᠯᠠᠭᠠᠮ ᠢᠶᠠᠷ ᠲᠠᠮᠵᠢᠨ ᠬᠡᠥᠬᠡᠳ ᠤᠨ ᠢᠶᠠᠨ ᠬᠤᠭᠤᠷᠤᠨᠳᠤᠬᠢ ᠵᠢᠩᠭᠢᠨᠢ ᠬᠠᠷᠢᠴᠠᠭ᠎ᠠ ᠬᠤᠯᠪᠤᠭ᠎ᠠ ᠵᠢᠴᠢ ᠬᠠᠶᠢᠷ᠎ᠠ ᠰᠡᠳᠬᠢᠯ ᠢᠶᠠᠨ ᠤᠯᠠᠮ ᠴᠢᠩᠭᠠᠳᠬᠠᠵᠤ ᠪᠤᠯᠤᠨ᠎ᠠ᠃                                                                                       ᠸ᠊ ᠠᠭᠤᠯᠠ
 
ᠢᠷᠡᠯᠲᠡ᠄ ᠬᠤᠯᠪᠣᠭ᠎ᠠ ᠰᠦᠯᠵᠢᠶᠡᠨ ᠠᠴᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号