ᠡᠷᠳᠡ ᠤᠷᠢᠳᠦ ᠶᠢᠨ ᠴᠠᠭ ᠲᠤ ᠭᠡᠨ᠎ᠡ᠃ ᠭᠡᠰᠡᠷ ᠪᠤᠭᠳᠠ ᠠᠷᠪᠠᠨ ᠬᠤᠶᠠᠷ ᠲᠤᠯᠤᠭᠠᠢ ᠲᠠᠢ ᠠᠷᠵᠠᠭᠠᠷ | ᠬᠠᠷ᠎ᠠ ᠮᠠᠩᠭᠤᠰ ᠢ ᠲᠠᠭᠤᠭᠰᠠᠭᠠᠷ ᠰᠢᠷᠠᠮᠦ᠋ᠷᠡᠨ ᠭᠤᠤᠯ ᠤᠨ ᠡᠮᠦᠨ᠎ᠡ ᠡᠷᠭᠢ ᠳᠠᠬᠢ ᠬᠠᠳᠠᠳᠤ ᠠᠭᠤᠯᠠᠨ ᠳᠤ ᠢᠷᠡᠭᠰᠡᠨ | ᠭᠡᠨ᠎ᠡ᠃ ᠦᠨᠦ ᠮᠠᠩᠭᠤᠰ ᠭᠡᠰᠡᠷ ᠪᠤᠭᠳᠠ ᠠᠴᠠ ᠳᠤᠲᠠᠭᠠᠵᠤ ᠬᠠᠳᠠᠳᠤ ᠠᠭᠤᠯᠠᠨ ᠤ ᠬᠠᠳᠠᠨ ᠤ ᠠᠷᠤ ᠪᠠᠷ ᠰᠢᠷᠭᠤᠨ | ᠤᠷᠤᠭᠰᠠᠨ ᠭᠡᠨ᠎ᠡ᠃ ᠭᠡᠰᠡᠷ ᠪᠤᠭᠳᠠ ᠰᠢᠲᠢᠲᠦ ᠴᠠᠭᠠᠨ ᠰᠤᠮᠤ ᠪᠠᠨ ᠠᠪᠴᠤ ᠮᠠᠩᠭᠤᠰ ᠤᠨ ᠬᠤᠶᠢᠨ᠎ᠠ ᠠᠴᠠ | ᠬᠠᠷᠪᠤᠭᠰᠠᠨ ᠳᠤ ᠦᠨᠦ ᠮᠠᠭᠤ ᠮᠠᠩᠭᠤᠰ ᠤᠨ ᠳᠠᠯᠳᠠᠯᠠᠵᠤ ᠪᠠᠶᠢᠭᠰᠠᠨ ᠲᠤᠮᠤ ᠬᠠᠳᠠ ᠭᠤᠤᠯ ᠢᠶᠠᠷ ᠪᠠᠨ ᠪᠤᠰᠤᠭ᠎ᠠ | ᠪᠠᠷ ᠴᠤᠭᠤᠷᠠᠵᠤ ᠬᠠᠭᠠᠷᠠᠭᠰᠠᠨ ᠭᠡᠨ᠎ᠡ᠃ | ᠠᠶᠤᠭᠰᠠᠨ ᠮᠠᠩᠭᠤᠰ ᠵᠢᠷᠦᠭᠡ ᠴᠡᠴᠡᠷᠡᠨ ᠲᠤᠭᠳᠠᠵᠤ ᠴᠢᠳᠠᠯ ᠦᠭᠡᠢ ᠠᠭᠤᠯᠠᠨ ᠬᠤᠶᠢᠳᠤ ᠤᠷᠤᠭᠤ | ᠦᠩᠭᠦᠷᠢᠵᠤ ᠲᠤᠩᠭᠢᠷᠠᠭᠰᠠᠭᠠᠷ ᠠᠮᠢ ᠵᠢᠭᠤᠳᠠᠨ ᠲᠤᠳᠠᠭᠠᠭᠰᠠᠨ ᠭᠡᠨ᠎ᠡ᠃ ᠭᠡᠰᠡᠷ ᠪᠤᠭᠳᠠ ᠮᠤᠷᠢ ᠪᠠᠨ ᠲᠤᠪᠳᠤᠯᠭᠠᠨ | ᠠᠭᠤᠯᠠᠨ ᠳᠤ ᠭᠠᠷᠤᠭᠰᠠᠨ ᠳᠤ ᠭᠡᠰᠡᠷ ᠤᠨ ᠭᠡᠭᠡᠷ ᠮᠤᠷᠢᠨ ᠤ ᠮᠦᠷ ᠨᠢ ᠲᠡᠷᠡ ᠠᠭᠤᠯᠠᠨ ᠤ ᠪᠠᠷᠠᠭᠤᠨ ᠡᠮᠦᠨᠡᠭᠢ | ᠢᠷᠭᠢᠯ ᠬᠠᠳᠠᠨ ᠳᠡᠭᠡᠷ᠎ᠡ ᠳᠤᠷᠤᠶᠢᠲᠠᠯᠠ ᠦᠯᠡᠳᠡᠭᠰᠡᠨ ᠭᠡᠨ᠎ᠡ᠃ | ᠭᠡᠰᠡᠷ ᠪᠤᠭᠳᠠ ᠶᠢᠨ ᠳᠠᠭᠠᠭᠤᠯᠠᠭᠰᠠᠨ ᠴᠡᠷᠢᠭ ᠤᠳ ᠡᠩᠨᠡᠷᠡᠨ ᠭᠡᠰᠡᠷ ᠪᠤᠭᠳᠠ ᠶᠢᠨ ᠬᠤᠶᠢᠨ᠎ᠠ ᠠᠴᠠ ᠮᠤᠷᠢ | ᠲᠤᠪᠳᠤᠯᠭᠠᠨ ᠠᠭᠤᠯᠠᠨ ᠳᠤ ᠭᠠᠷᠤᠭᠰᠠᠨ ᠳᠤ ᠭᠡᠰᠡᠷ ᠪᠤᠭᠳᠠ ᠶᠢᠨ ᠮᠤᠷᠢᠨ ᠮᠦᠷ ᠲᠠᠢ ᠤᠷᠭᠤᠭ᠎ᠠ ᠬᠠᠳᠠᠨ ᠤ | ᠪᠠᠷᠠᠭᠤᠨ ᠲᠠᠯ᠎ᠠ ᠪᠠᠷ ᠠᠭᠤᠯᠠᠨ ᠳᠤ ᠭᠠᠷᠬᠤ ᠦᠷᠭᠡᠨ ᠵᠠᠮ ᠭᠠᠷᠴᠠᠢ᠃ ᠬᠤᠵᠢᠮ ᠤᠨ ᠭᠦᠮᠦᠰ ᠡᠨᠡ ᠵᠠᠮ ᠢ ᠭᠡᠰᠡᠷ | ᠤᠨ ᠴᠡᠷᠢᠭ ᠤᠨ ᠬᠠᠳᠠᠳᠤ ᠠᠭᠤᠯᠠᠨ ᠳᠤ ᠭᠠᠷᠤᠭᠰᠠᠨ ᠵᠠᠮ ᠭᠡᠵᠤ ᠡᠭᠦᠷᠢᠳᠡ ᠨᠡᠷᠡᠳᠴᠠᠢ᠃ | ᠭᠡᠰᠡᠷ ᠪᠤᠭᠳᠠ ᠬᠠᠳᠠᠳᠤ ᠠᠭᠤᠯᠠᠨ ᠦᠨᠳᠦᠷ ᠤᠷᠭᠢᠯ ᠳᠡᠭᠡᠷ᠎ᠡ ᠮᠤᠷᠢ ᠲᠤᠪᠳᠤᠯᠭᠠᠨ ᠭᠠᠷᠤᠭᠠᠳ ᠠᠭᠳᠠ ᠶᠢᠨ | ᠵᠢᠯᠤᠭᠤ ᠪᠠᠨ ᠳᠠᠳᠠᠵᠤ ᠲᠦᠷᠪᠡᠨ ᠵᠦᠭ ᠢ ᠪᠠᠷᠠᠯᠠᠨ ᠰᠢᠨᠵᠢᠵᠤ ᠦᠵᠡᠭᠰᠡᠨ ᠳᠤ ᠲᠡᠭᠦᠨ ᠤ ᠵᠤᠭᠰᠤᠭᠰᠠᠨ ᠭᠠᠵᠠᠷ ᠤᠨ | ᠪᠠᠷᠠᠭᠤᠨ ᠡᠮᠦᠨ᠎ᠡ ᠳᠤᠤᠷ᠎ᠠ ᠪᠠᠷᠠᠭᠤᠨᠰᠢ ᠬᠠᠨᠳᠤᠵᠤ ᠵᠠᠯᠪᠠᠷᠢᠨ ᠰᠠᠭᠤᠵᠤ ᠪᠠᠶᠢᠭ᠎ᠠ ᠭᠦᠮᠦᠨ ᠮᠡᠳᠦ ᠨᠢᠭᠡ ᠵᠠᠯᠪᠠᠷᠢᠭ᠎ᠠ | ᠬᠠᠳᠠ ᠶᠡᠭᠡᠯ᠎ᠡ ᠬᠠᠯᠠᠭᠤᠮᠰᠠᠭ ᠦᠵᠡᠭᠳᠡᠭᠰᠡᠨ ᠭᠡᠨ᠎ᠡ᠃ ᠳᠡᠭᠡᠭᠡᠳ ᠠᠷᠪᠠᠨ ᠵᠦᠭ ᠤᠨ ᠡᠵᠡᠨ ᠭᠡᠰᠡᠷ ᠪᠤᠭᠳᠠ ᠡᠨᠡ | ᠠᠭᠤᠯᠠ ᠨᠢ ᠠᠯᠢ ᠡᠷᠳᠡᠨ ᠤ ᠦᠶ᠎ᠡ ᠳᠤ ᠤᠰᠤ ᠳᠠᠭᠠᠭᠤᠯᠤᠭᠴᠢ ᠡᠵᠡᠳ ᠤᠨ ᠰᠢᠷᠠᠮᠦ᠋ᠷᠡᠨ ᠭᠤᠤᠯ ᠤᠨ ᠤᠷᠤᠰᠬᠠᠯ | ᠢ ᠬᠠᠰᠢᠵᠤ ᠪᠠᠶᠢᠭᠰᠠᠨ ᠬᠠᠰᠢᠯᠭ᠎ᠠ ᠬᠤᠷᠢᠭᠤᠯ ᠢ ᠰᠡᠳᠡᠯᠡᠵᠤ ᠬᠠᠶᠠᠭᠰᠠᠨ ᠭᠠᠵᠠᠷ ᠪᠤᠯᠬᠤ ᠶᠢ ᠲᠠᠨᠢᠵᠤ ᠤᠯᠤᠭᠰᠠᠨ | ᠭᠡᠨ᠎ᠡ᠃ ᠲᠡᠷᠡ ᠭᠦᠮᠦᠨ ᠮᠡᠳᠦ ᠵᠠᠯᠪᠠᠷᠢᠭ᠎ᠠ ᠬᠠᠳᠠ ᠪᠤᠯ ᠤᠰᠤ ᠳᠠᠭᠠᠭᠤᠯᠤᠭᠴᠢ ᠡᠵᠡᠳ ᠮᠥᠨ ᠭᠡᠨ᠎ᠡ᠃ ᠭᠡᠰᠡᠷ | ᠪᠤᠭᠳᠠ ᠠᠯᠲᠠᠨ ᠮᠡᠯᠡᠮᠡᠢ ᠪᠠᠷ ᠠᠭᠤᠯᠠᠨ ᠵᠡᠭᠦᠨ ᠤᠷᠤᠭᠤ ᠰᠢᠨᠵᠢᠵᠤ ᠦᠵᠡᠭᠰᠡᠨ ᠳᠤ ᠳᠡᠨᠳᠡ ᠨᠢᠭᠡᠨ ᠪᠤᠯᠠᠭ | ᠤᠷᠭᠢᠯᠤᠵᠤ ᠵᠡᠭᠦᠨ ᠡᠮᠦᠨ᠎ᠡ ᠨᠠᠷᠠ ᠭᠠᠷᠬᠤ ᠵᠦᠭ ᠤᠷᠤᠰᠴᠤ ᠪᠠᠶᠢᠪᠠ᠃ ᠳᠡᠭᠡᠭᠡᠳ ᠭᠡᠰᠡᠷ ᠪᠤᠭᠳᠠ᠄ ︿︿ᠬᠤᠵᠢᠮ | ᠡᠨᠡ ᠪᠤᠯᠠᠭ ᠤᠨ ᠪᠠᠷᠠᠭᠤᠨ ᠲᠠᠯ᠎ᠠ ᠳᠤ ᠨᠢᠭᠡᠨ ᠠᠭᠤᠯᠠᠨ ᠭᠤᠤ ᠤᠷᠤᠭᠤ ᠮᠤᠷᠤᠶᠢᠵᠤ ᠤᠷᠭᠤᠭᠰᠠᠨ ᠬᠠᠶᠢᠯᠠᠰᠤᠨ | ᠮᠤᠳᠤ ᠤᠷᠭᠤᠬᠤ ᠶᠤᠮ᠃ ᠡᠨᠡ ᠭᠠᠵᠠᠷ ᠪᠤᠯ ᠶᠡᠭᠡ ᠬᠡᠰᠢᠭ ᠲᠠᠢ ᠲᠠᠷᠬᠠᠨ ᠭᠠᠵᠠᠷ ᠪᠠᠶᠢᠨ᠎ᠠ ᠳ᠋ᠠ︕﹀﹀ ᠭᠡᠰᠡᠨ | ᠭᠡᠨ᠎ᠡ᠃ ᠬᠤᠵᠢᠮ ᠨᠢ ᠲᠡᠨᠳᠡ ᠨᠢ ᠦᠨᠡᠭᠡᠷ ᠨᠢᠭᠡᠨ ᠰᠠᠭᠤᠷᠢ ᠮᠤᠷᠤᠢ ᠬᠠᠶᠢᠯᠠᠰᠤ ᠮᠤᠳᠤ ᠤᠷᠭᠤᠵᠤ᠂ ᠮᠤᠳᠤᠨ ᠤ | ᠮᠤᠷᠤᠶᠢᠭᠰᠠᠨ ᠳᠤᠤᠷ᠎ᠠ ᠲᠠᠯ᠎ᠠ ᠠᠴᠠ ᠨᠢᠭᠡᠨ ᠯᠠᠮᠠ ᠡᠷᠳᠡᠨᠢ ᠶᠢᠨ ᠪᠠᠭᠤᠪᠴᠢ ᠤᠯᠵᠤ ᠲᠡᠭᠦᠨ ᠢᠶᠠᠨ ᠬᠤᠳᠠᠯᠳᠤᠵᠤ | ᠤᠯᠤᠭᠰᠠᠨ ᠵᠤᠭᠤᠰ ᠢᠶᠠᠷ ᠢᠶᠠᠨ ᠭᠤᠮᠪᠤᠨ ᠭᠡᠶᠢᠳ ᠲᠤ ᠶᠠᠪᠤᠬᠤ ᠵᠠᠮ ᠤᠨ ᠵᠠᠷᠤᠳᠠᠯ ᠢᠶᠠᠨ ᠰᠢᠢᠳᠪᠦᠷᠢᠯᠡᠵᠦ ᠡᠷᠳᠡᠮ | ᠰᠤᠷᠴᠤ ᠢᠷᠡᠭᠡᠳ ᠬᠠᠳᠠᠳᠤ ᠶᠢᠨ ᠰᠦᠮ᠎ᠡ ᠶᠢᠨ ᠵᠦᠳᠪᠠ ᠷᠠᠰᠠᠩ ᠪᠤᠯᠤᠯ᠎ᠠ ᠭᠡᠳᠡᠭ᠃ ᠡᠨᠡ ᠪᠤᠯ ᠬᠤᠵᠢᠮ ᠤᠨ | ᠵᠤᠭᠤᠭ ᠪᠣᠯᠴᠢᠬᠠᠵᠠᠢ᠃ ᠭᠡᠰᠡᠷ ᠪᠤᠭᠳᠠ ᠳᠡᠨᠳᠡ ᠪᠠᠰᠠ ᠵᠤᠭᠰᠤᠭᠠᠳ ᠰᠡᠭᠦᠷᠡᠰᠤ ᠠᠯᠳᠠᠨ᠄ ︿︿ᠰᠡᠭᠦᠵᠢ ᠪᠠᠨ | ᠮᠦᠯᠳᠦᠯᠦᠭᠦᠯᠦᠭᠰᠡᠨ ᠦᠨᠦᠴᠢᠨ ᠠᠭᠤᠯᠠ ᠨᠢ ᠭᠤᠨᠢᠷᠬᠠᠯᠲᠠᠢ ᠪᠠᠷ ᠬᠤᠴᠣᠷᠴᠤ᠂ ᠪᠡᠶ᠎ᠡ ᠪᠠᠨ ᠴᠠᠪᠴᠢᠭᠤᠯᠤᠭᠰᠠᠨ | ᠵᠡᠮᠳᠡᠭ ᠠᠭᠤᠯᠠ ᠨᠢ ᠭᠦᠭᠡᠷᠦᠭᠦᠶᠢᠯᠡᠯᠲᠠᠢ ᠪᠠᠷ ᠪᠠᠷᠠᠯᠠᠨ᠎ᠠ᠃ ᠬᠤᠵᠢᠮ ᠦᠯᠡᠮᠵᠢ ᠪᠤᠶᠠᠨᠲᠠᠨ ᠢᠷᠡᠵᠤ᠂ ᠡᠨᠡ ᠤᠷᠤᠨ | ᠳᠤ ᠦᠯᠵᠡᠢ ᠬᠤᠳᠤᠭ ᠤᠷᠤᠰᠢᠵᠤ ᠭᠦᠭᠵᠢᠨ ᠮᠠᠨᠳᠤᠮᠤᠢ﹀﹀ ᠭᠡᠵᠤ ᠠᠶᠢᠯᠠᠳᠤᠭᠰᠠᠨ ᠭᠡᠨ᠎ᠡ᠃ ᠬᠤᠵᠢᠮ ᠨᠢ | ᠭᠡᠰᠡᠷᠵᠠᠪ ᠭᠡᠰᠡᠨ ᠭᠦᠮᠦᠨ ᠦᠨᠡᠭᠡᠷ ᠠᠳᠡ ᠬᠠᠳᠠᠳᠤ ᠶᠢᠨ ᠰᠦᠮ᠎ᠡ ᠶᠢ ᠪᠠᠶᠢᠭᠤᠯᠤᠭᠰᠠᠨ ᠪᠠᠶᠢᠨ᠎ᠠ᠃ | | ᠮᠦᠩᠭᠡᠪᠠᠭᠠᠲᠤᠷ ᠶᠠᠷᠢᠵᠤ᠂ ᠨᠠᠮᠲᠠᠶᠢᠰᠦ᠋ᠷᠥᠩ ᠡᠮᠭᠢᠳᠭᠡᠪᠡ | | |