ᠲᠡᠯᠡᠭᠡᠢ ᠶᠢᠨ ᠡᠷᠡᠭᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠲᠠ ᠠᠴᠠ ︽ᠪᠦᠬᠦ ᠲᠡᠯᠡᠭᠡᠢ ᠶᠢᠨ ᠵᠠᠯᠠᠭᠤ | ᠪᠠᠭᠠᠴᠤᠳ ᠤᠨ ᠡᠷᠡᠭᠦᠯ ᠮᠡᠨᠳᠦ ᠶᠢᠨ ᠠᠰᠠᠭᠤᠳᠠᠯ︾ ᠤᠨ ᠮᠡᠳᠡᠭᠦᠯᠦᠯᠲᠡ ᠶᠢ ᠨᠡᠶᠢᠳᠡᠯᠡᠵᠠᠢ᠂ ᠲᠤᠰ ᠮᠡᠳᠡᠭᠦᠯᠦᠯᠲᠡ ᠨᠢ | ᠪᠦᠬᠦ ᠲᠡᠯᠡᠭᠡᠢ ᠶᠢᠨ 10 — 19 ᠨᠠᠰᠤᠨ ᠤ ᠬᠤᠭᠤᠷᠣᠨᠳᠣᠬᠢ ᠵᠠᠯᠠᠭᠤ ᠪᠠᠭᠠᠴᠤᠳ ᠲᠠᠢ ᠬᠠᠮᠢᠶ᠎ᠠ ᠪᠦᠬᠦᠢ ᠶᠡᠭᠡ | ᠬᠡᠮᠵᠢᠶᠡᠨ ᠤ ᠪᠠᠶᠢᠴᠠᠭᠠᠯᠲᠠ ᠶᠢᠨ ᠲᠤᠭ᠎ᠠ ᠪᠠᠷᠢᠮᠲᠠ ᠶᠢ ᠦᠨᠳᠦᠰᠦᠯᠡᠵᠤ᠂ ᠲᠤᠰ ᠪᠠᠶᠢᠴᠠᠭᠠᠯᠲᠠ ᠶᠢ ᠬᠢᠭᠰᠡᠨ ᠤ ᠭᠤᠤᠯ | ᠵᠤᠷᠢᠯᠭ᠎ᠠ ᠨᠢ ᠡᠯ᠎ᠡ ᠤᠯᠤᠰ ᠵᠠᠯᠠᠭᠤ ᠪᠠᠭᠠᠴᠤᠳ ᠤᠨ ᠡᠷᠡᠭᠦᠯ ᠮᠡᠨᠳᠦ ᠶᠢᠨ ᠱᠠᠭᠠᠷᠳᠠᠯᠭ᠎ᠠ ᠶᠢ ᠬᠦᠨᠳᠦᠳᠭᠡᠨ ᠦᠵᠡᠵᠦ᠂ | ᠵᠠᠯᠠᠭᠤ ᠪᠠᠭᠠᠴᠤᠳ ᠤᠨ ᠬᠦᠳᠡᠯᠭᠡᠭᠡᠨ ᠬᠢᠬᠦ ᠴᠠᠭ ᠢ ᠨᠡᠮᠡᠭᠳᠡᠭᠦᠯᠬᠦ ᠵᠤᠷᠢᠯᠭ᠎ᠠ ᠳᠠᠭᠠᠨ ᠬᠦᠷᠬᠦ ᠶᠢᠨ ᠲᠦᠯᠦᠭᠡ ᠶᠤᠮ᠃ | ᠪᠠᠶᠢᠴᠠᠭᠠᠯᠲᠠ ᠶᠢᠨ ᠦᠷ᠎ᠡ ᠳ᠋ᠦᠩ ᠠᠴᠠ ᠤᠯᠵᠦ ᠮᠡᠳᠡᠭᠰᠡᠨ ᠨᠢ᠂ ᠭᠦᠢᠴᠡᠳ ᠬᠡᠮᠵᠢᠶᠡᠨ ᠤ ᠬᠦᠳᠡᠯᠭᠡᠭᠡᠨ ᠬᠢᠵᠦ | ᠪᠠᠶᠢᠭ᠎ᠠ ᠵᠠᠯᠠᠭᠤ ᠪᠠᠭᠠᠴᠤᠳ ᠨᠢ 1/4 ᠳᠤ ᠴᠤ ᠬᠦᠷᠬᠦ ᠦᠭᠡᠢ ᠪᠠᠶᠢᠬᠤ ᠪᠠᠷ ᠪᠠᠷᠠᠬᠤ ᠦᠭᠡᠢ᠂ ᠵᠠᠷᠢᠮ ᠤᠯᠤᠰ ᠤᠨ | ᠮᠠᠷᠢᠶᠠᠯᠢᠭ ᠵᠠᠯᠠᠭᠤ ᠪᠠᠭᠠᠴᠤᠳ ᠤᠨ ᠬᠠᠷᠢᠴᠠᠯ ᠨᠢ 1/3 ᠶᠢ ᠡᠵᠡᠯᠡᠵᠦ ᠪᠠᠶᠢᠨ᠎ᠠ᠃ | ᠡᠨᠡᠬᠦ ᠠᠰᠠᠭᠤᠳᠠᠯ ᠳᠤ ᠬᠠᠨᠳᠤᠭᠤᠯᠤᠨ ᠲᠤᠰᠬᠠᠢ ᠮᠡᠷᠭᠡᠵᠢᠯᠲᠡᠨ ᠵᠢᠭᠠᠨ ᠭᠠᠷᠭᠠᠭᠰᠠᠨ ᠨᠢ᠂ ᠮᠠᠷᠢᠶᠠᠯᠢᠭ ᠵᠡᠷᠭᠡ | ᠤᠳᠠᠭᠠᠨ ᠴᠢᠨᠠᠷᠲᠠᠢ ᠡᠪᠡᠳᠴᠢᠨ ᠨᠢ ᠵᠠᠯᠠᠭᠤ ᠪᠠᠭᠠᠴᠤᠳ ᠤᠨ ᠬᠦᠳᠡᠯᠭᠡᠭᠡᠨ ᠲᠤᠳᠠᠭᠳᠠᠵᠦ ᠪᠠᠶᠢᠭ᠎ᠠ ᠲᠠᠢ ᠨᠢᠭᠲᠠ | ᠬᠤᠯᠪᠤᠭᠳᠠᠯ ᠲᠠᠢ᠃ ᠰᠤᠷᠭᠠᠭᠤᠯᠢ ᠳᠤ ᠰᠠᠭᠤᠭ᠎ᠠ ᠬᠡᠤᠬᠡᠳ ᠤᠳ ᠨᠡᠯᠢᠶᠡᠳ ᠶᠡᠭᠡ ᠰᠤᠷᠤᠯᠭ᠎ᠠ ᠶᠢᠨ ᠲᠠᠷᠤᠭᠠᠰᠦ ᠶᠢ | ᠡᠭᠦᠷᠭᠡᠯᠡᠵᠦ᠂ ᠤᠯᠠᠩᠭᠢ ᠴᠠᠭ ᠢᠶᠠᠨ ᠰᠤᠶᠤᠯ ᠤᠨ ᠬᠢᠴᠢᠶᠡᠯ ᠰᠤᠷᠤᠯᠴᠠᠬᠤ ᠲᠡᠭᠡᠷ᠎ᠡ ᠵᠠᠷᠤᠴᠠᠭᠤᠯᠵᠦ᠂ ᠦᠨᠡᠨᠬᠦ | ᠲᠠᠮᠢᠷ ᠤᠨ ᠲᠠᠪᠲᠠᠨ ᠪᠤᠯᠪᠠᠰᠤᠷᠠᠭᠤᠯᠤᠯᠲᠠ ᠳᠤ ᠵᠠᠷᠤᠴᠠᠭᠤᠯᠵᠦ ᠪᠠᠶᠢᠭ᠎ᠠ ᠴᠠᠭ ᠨᠢ ᠮᠠᠰᠢ ᠪᠠᠭ᠎ᠠ᠃ ᠲᠡᠭᠡᠬᠦ ᠮᠦᠷᠳᠡᠭᠡᠨ | ᠤᠳᠤᠬᠠᠨ ᠤ ᠭᠡᠷ ᠪᠦᠯᠢ ᠳᠤ ᠬᠡᠤᠬᠡᠳ ᠨᠢ ᠡᠵᠢ ᠠᠪᠤ ᠶᠢᠨ ᠢᠶᠠᠨ ᠠᠮᠢᠨ ᠡᠷᠳᠡᠨᠢ ᠪᠠᠶᠢᠵᠦ᠂ ᠭᠡᠷ ᠤᠨ ᠠᠬᠠᠮᠠᠳ ᠠᠴᠠ | ᠬᠡᠤᠬᠡᠳ ᠢᠶᠠᠨ ᠰᠤᠷᠭᠠᠭᠤᠯᠢ ᠠᠴᠠ ᠨᠢ ᠲᠤᠰᠤᠨ ᠬᠦᠷᠭᠡᠵᠦ᠂ ᠭᠡᠷ ᠵᠠᠭᠤᠷ᠎ᠠ ᠶᠢᠨ ᠠᠷᠰᠠᠷ ᠠᠵᠢᠯ ᠢ ᠤᠭᠳᠤᠬᠠᠨ ᠴᠤ | ᠬᠢᠯᠭᠡᠬᠦ ᠦᠭᠡᠢ᠂ ᠬᠡᠤᠬᠡᠳ ᠨᠢ ᠰᠤᠯᠠ ᠰᠡᠯᠡᠭᠦᠦ ᠴᠠᠭ ᠢᠶᠠᠷ ᠢᠶᠠᠨ ᠡᠯᠧᠺᠳ᠋ᠷᠣᠨ ᠲᠤᠭᠯᠠᠭᠠᠮ ᠨᠠᠭᠠᠳᠴᠦ᠂ ᠤᠳᠠᠭᠠᠨ | ᠴᠠᠭ ᠢᠶᠠᠷ ᠰᠠᠭᠤᠵᠦ ᠪᠠᠶᠢᠳᠠᠭ ᠠᠴᠠ ᠬᠦᠳᠡᠯᠭᠡᠭᠡᠨ ᠬᠢᠬᠦ ᠴᠠᠭ ᠨᠢ ᠶᠡᠭᠡᠪᠡᠷ ᠪᠤᠭᠤᠨᠢᠰᠴᠤ ᠪᠤᠢ᠃ ᠡᠭᠦᠨ ᠠᠴᠠ | ᠭᠠᠳᠠᠨ᠎ᠠ᠂ ᠭᠡᠷ ᠤᠨ ᠠᠬᠠᠮᠠᠳ ᠬᠡᠤᠬᠡᠳ ᠤᠨ ᠢᠶᠠᠨ ᠦᠰᠦᠨ ᠪᠤᠶᠢᠵᠢᠯᠲᠠ ᠠᠨᠠᠢ ᠪᠠᠶᠢᠬᠤ ᠠᠴᠠ ᠡᠮᠢᠶᠡᠵᠦ᠂ ᠭᠤᠷᠪᠠᠨ | ᠡᠷᠡᠨ ᠤ ᠬᠤᠭᠤᠯᠠᠨ ᠳᠤ ᠦᠨᠳᠦᠷ ᠤᠭᠤᠷᠠᠭ᠂ ᠦᠨᠳᠦᠷ ᠡᠨᠧᠷᠬᠢ ᠲᠠᠢ ᠢᠳᠡᠭᠡᠨ ᠲᠤᠬᠢᠷᠠᠭᠤᠯᠵᠦ᠂ ᠰᠢᠮ᠎ᠡ ᠲᠡᠵᠢᠭᠡᠯ | ᠬᠡᠳᠦ ᠢᠯᠡᠭᠦᠳᠡᠭᠰᠡᠨ ᠠᠴᠠ ᠮᠠᠷᠢᠶᠠᠯᠠᠬᠤ ᠨᠤᠷᠮ᠎ᠠ ᠶᠢ ᠨᠡᠩ ᠬᠤᠷᠳᠤᠰᠬᠠᠵᠦ ᠪᠤᠢ᠃ | ᠲᠤᠰᠬᠠᠢ ᠮᠡᠷᠭᠡᠵᠢᠯᠲᠡᠨ ᠠᠴᠠ ᠰᠠᠨᠠᠭᠤᠯᠤᠭᠰᠠᠨ ᠨᠢ᠂ ᠭᠡᠷ ᠤᠨ ᠠᠬᠠᠮᠠᠳ ᠪᠤᠯᠤᠭᠰᠠᠳ ᠠᠴᠠ ᠬᠡᠤᠬᠡᠳ ᠢᠶᠠᠨ | ᠡᠳᠦᠷ ᠪᠤᠯᠭᠠᠨ ᠠᠳᠠᠭ ᠲᠠᠭᠠᠨ 1 ᠴᠠᠭ ᠤᠨ ᠬᠦᠳᠡᠯᠭᠡᠭᠡᠨ ᠬᠢᠬᠦ ᠶᠢ ᠵᠤᠷᠢᠭᠵᠢᠭᠤᠯᠤᠨ᠎ᠠ᠂ ᠵᠢᠱᠢᠶᠡᠯᠡᠪᠡᠯ ᠬᠤᠷᠳᠤᠨ | ᠠᠯᠬᠤᠬᠤ᠂ ᠤᠳᠠᠭᠠᠨ ᠬᠦᠶᠦᠬᠦ᠂ ᠤᠮᠪᠠᠭ᠋ᠤ᠂ ᠲᠤᠭᠤᠢ ᠲᠡᠷᠭᠡ ᠤᠨᠤᠬᠤ ᠵᠡᠷᠭᠡ ᠬᠦᠳᠡᠯᠭᠡᠭᠡᠨ ᠬᠢᠯᠭᠡᠵᠦ᠂ ᠢᠯᠡᠭᠦᠴᠡ | ᠡᠨᠧᠷᠬᠢ ᠪᠠᠨ ᠵᠠᠷᠤᠴᠠᠭᠤᠯᠤᠨ᠎ᠠ᠃ ᠡᠭᠦᠨ ᠠᠴᠠ ᠭᠠᠳᠠᠨ᠎ᠠ ᠪᠠᠰᠠ ᠰᠤᠷᠭᠠᠭᠤᠯᠢ ᠠᠴᠠ ᠬᠢᠴᠢᠶᠡᠯ ᠤᠨ ᠭᠠᠳᠠᠨᠠᠬᠢ | ᠬᠦᠳᠡᠯᠭᠡᠭᠡᠨ ᠢᠶᠠᠨ ᠵᠤᠬᠢᠰᠲᠠᠢ ᠲᠤᠬᠢᠷᠠᠭᠤᠯᠵᠦ᠂ ᠲᠤᠭᠳᠠᠭᠰᠠᠨ ᠬᠤᠭᠤᠴᠠᠭ᠎ᠠ ᠲᠠᠢ ᠲᠠᠮᠢᠷ ᠤᠨ ᠤᠷᠤᠯᠳᠤᠭᠠᠨ | ᠵᠤᠬᠢᠶᠠᠨ ᠪᠠᠶᠢᠭᠤᠯᠵᠦ᠂ ᠵᠠᠯᠠᠭᠤ ᠪᠠᠭᠠᠴᠤᠳ ᠢ ᠡᠭᠡ ᠪᠠᠶᠢᠭᠠᠯᠢ ᠲᠠᠢ ᠤᠢᠢᠷᠠᠲᠤᠭᠤᠯᠵᠦ᠂ ᠲᠠᠮᠢᠷ ᠤᠨ | ᠬᠦᠳᠡᠯᠭᠡᠭᠡᠨ ᠳᠤ ᠢᠳᠡᠪᠬᠢᠲᠠᠢ ᠤᠷᠤᠯᠴᠠᠭᠤᠯᠤᠨ᠎ᠠ᠃ ᠢᠳᠡᠭᠡᠨ ᠤᠮᠳᠠᠭᠠᠨ ᠤ ᠲᠠᠯ᠎ᠠ ᠳᠤ᠂ ᠭᠡᠷ ᠤᠨ ᠠᠬᠠᠮᠠᠳ | ᠪᠤᠯᠤᠭᠰᠠᠳ ᠠᠴᠠ ᠬᠡᠤᠬᠡᠳ ᠤᠨ ᠢᠶᠠᠨ ᠡᠷᠡᠭᠦᠯ ᠪᠤᠰᠤ ᠢᠳᠡᠭᠡᠨ ᠤᠮᠳᠠᠭᠠᠨ ᠤ ᠲᠠᠳᠬᠠᠯ ᠢ ᠵᠠᠰᠠᠨ ᠵᠠᠯᠠᠷᠠᠭᠤᠯᠵᠦ᠂ | ᠬᠡᠤᠬᠡᠳ ᠪᠠᠭᠠᠴᠤᠳ ᠵᠤᠬᠢᠰᠲᠠᠢ ᠬᠡᠮᠵᠢᠶᠡᠨ ᠤ ᠤᠭᠤᠷᠠᠭ ᠨᠦᠬᠦᠪᠦᠷᠢᠯᠡᠵᠦ᠂ ᠲᠤᠤᠷ᠎ᠠ ᠰᠢᠬᠢᠷ ᠪᠠ ᠲᠤᠤᠷ᠎ᠠ ᠦᠭᠡᠬᠦ | ᠠᠭᠤᠯᠬᠤ ᠢᠳᠡᠭᠡᠨ ᠢᠳᠡᠬᠦ ᠶᠢ ᠪᠠᠷᠢᠮᠳᠠᠯᠠᠵᠦ᠂ ᠰᠢᠨ᠎ᠡ ᠰᠤᠷᠭᠤᠭ ᠵᠢᠮᠢᠰ ᠨᠤᠭᠤᠭ᠎ᠠ ᠢᠳᠡᠬᠦ ᠶᠢ ᠠᠩᠬᠠᠷᠪᠠᠯ ᠵᠤᠬᠢᠨ᠎ᠠ | ᠃ |