ᠤᠶᠤᠨ ᠪᠢᠯᠢᠭ ᠢ ᠬᠦᠮᠦᠵᠢᠬᠦᠯᠬᠦ ᠨᠢ ᠤᠨᠴᠠ ᠴᠢᠬᠤᠯᠠ
ᠨᠡᠶᠢᠲᠡᠯᠡᠭᠰᠡᠨ ᠴᠠᠭ᠄
2017/9/6
     ︽ᠰᠤᠷᠭᠠᠨ ᠬᠦᠮᠦᠵᠢᠯ ᠤᠨ ᠵᠢᠩᠬᠢᠨᠢ ᠠᠴᠢ ᠬᠤᠯᠪᠤᠬᠳᠠᠯ ᠪᠤᠯ ᠰᠤᠷᠤᠬᠴᠢᠳ ᠤᠨ ᠤᠶᠤᠨ ᠪᠢᠯᠢᠭ ᠢ ᠬᠦᠮᠦᠵᠢᠬᠦᠯᠵᠤ᠂ ᠡᠬᠦᠨ ᠢᠶᠠᠷ ᠢᠶᠠᠨ ᠲᠠᠮᠵᠢᠭᠤᠯᠤᠨ ᠪᠤᠢ ᠪᠦᠬᠦᠢ ᠠᠰᠠᠭᠤᠳᠠᠯ ᠤᠨ ᠬᠠᠷᠢᠭᠤᠯᠳᠠ ᠶᠢ ᠤᠯᠵᠤ ᠪᠤᠯᠤᠨ᠎ᠠ ︾ ᠬᠡᠵᠤ ᠮᠡᠷᠭᠡᠳ ᠬᠡᠯᠡᠵᠤ ᠪᠢᠯᠡ᠃ ᠤᠶᠤᠨ ᠪᠢᠯᠢᠭ ᠬᠡᠳᠡᠭ ᠨᠢ ᠠᠭᠤᠯᠤᠨ ᠪᠠᠭᠳᠠᠭᠠᠬᠤ ᠴᠢᠳᠠᠪᠤᠷᠢ ᠪᠠᠶᠢᠵᠤ᠂ ᠴᠢᠯᠦᠬᠡᠳᠡᠢ ᠪᠠᠷ ᠪᠤᠳᠤᠵᠤ ᠰᠡᠳᠬᠢᠵᠤ ᠲᠠᠶᠢᠯᠳᠡᠭ᠃ ᠡᠬᠦᠨ ᠠᠴᠠ ᠪᠠᠨ ᠠᠶᠤᠯ ᠰᠦᠷᠳᠡᠯ ᠦᠬᠡᠢ᠂ ᠲᠤᠮᠢᠶᠠᠯᠠᠯ ᠬᠢᠵᠠᠭᠠᠷᠯᠠᠯ ᠦᠬᠡᠢ ᠤᠷᠴᠢᠨ ᠪᠠᠶᠢᠳᠠᠯ ᠲᠤᠤᠷ᠎ᠠ ᠦᠨᠡᠨ ᠤᠷᠤᠰᠢᠬᠤᠢ ᠵᠦᠢᠯᠡᠰ᠂ ᠵᠦᠪ ᠬᠡᠷᠡᠭ ᠪᠤᠳᠠᠰ ᠢ ᠢᠯᠡᠷᠡᠬᠦᠯᠵᠤ ᠭᠠᠷᠭᠠᠬᠤ ᠪᠤᠯᠤᠨ᠎ᠠ᠃      ᠬᠡᠬᠦ ᠳᠡᠭᠡᠨ ᠤᠳᠤ ᠶᠢᠨ ᠪᠢᠳᠡᠨᠠᠷ ᠬᠡᠦᠬᠡᠳ ᠤᠨ ᠮᠡᠳᠡᠯᠬᠡ ᠡᠵᠡᠮᠰᠢᠬᠦ ᠶᠢ ᠲᠡᠩᠳᠡᠬᠦᠦ ᠴᠢᠬᠤᠯᠠᠴᠢᠯᠠᠵᠤ᠂ ᠰᠡᠳᠬᠢᠵᠤ ᠪᠦᠲᠦᠬᠡᠬᠦ ᠴᠢᠳᠠᠪᠤᠷᠢ ᠶᠢ ᠨᠢ ᠲᠠᠩᠳᠠ ᠤᠮᠳᠤᠭᠠᠢᠢᠯᠠᠳᠠᠬ᠃ ᠬᠡᠳᠦᠢ ᠪᠠᠳᠠᠬ ᠡᠷᠳᠡᠨ ᠤ ᠰᠢᠯᠦᠭ ᠴᠡᠬᠡᠵᠢᠯᠠᠵᠤ᠂ ᠬᠡᠴᠢᠨᠡᠨ ᠠᠷᠪᠢᠨ ᠠᠩᠭ᠍ᠯᠢ ᠭᠡᠯᠡ ᠶᠠᠷᠢᠳᠠᠬ᠂ ᠬᠡᠳᠦᠨ ᠬᠦᠴᠢᠷ ᠰᠡᠳᠦᠪ ᠬᠢᠴᠢᠬᠡᠬᠦ ᠪᠠᠷ ᠨᠢ ᠬᠡᠦᠬᠡᠳ ᠤᠨ ᠰᠡᠴᠡᠨ ᠰᠡᠷᠭᠦᠯᠡᠩ ᠡᠰᠡᠬᠦ ᠶᠢ ᠬᠡᠮᠵᠢᠳᠡᠭ ᠢᠶᠠᠷ ᠮᠡᠳᠡᠯᠬᠡ ᠲᠠᠢ ᠪᠤᠯᠪᠠᠴᠤ ᠴᠢᠳᠠᠪᠤᠷᠢ ᠦᠬᠡᠢ ︽ᠲᠤᠯᠢ ᠪᠢᠴᠢᠭ ᠮᠠᠶ᠋ᠢᠭ︾ ᠤᠨ ᠬᠡᠦᠬᠡᠳ ᠬᠦᠮᠦᠵᠢᠬᠦᠯᠬᠦ ᠢᠪᠴᠤᠤ ᠵᠠᠮ ᠢᠶᠠᠷ ᠮᠤᠩᠭᠠᠨᠢᠵᠤ ᠪᠠᠶᠢᠳᠠᠬ ᠪᠢᠯᠡ᠃ ᠲᠡᠬᠡᠬᠡᠳ ᠯᠡ ᠬᠡᠦᠬᠡᠳ ᠢᠶᠠᠨ ︽ᠦᠬᠡ ᠰᠤᠨᠤᠰᠬᠤ︾ ᠪᠠᠷ ᠬᠡᠮᠵᠢᠵᠤ ᠡᠷᠭᠡ ᠴᠢᠯᠦᠬᠡ ᠶᠢ ᠨᠢ ᠪᠤᠭᠤᠮᠢᠯᠠᠵᠤ᠂ ︽ᠠᠴᠢᠯᠠᠯ ᠡᠯᠪᠡᠷᠢᠯ︾ ᠢᠶᠠᠷ ᠱᠠᠭᠠᠷᠳᠠᠵᠤ ᠪᠡᠶ᠎ᠠ ᠪᠠᠨ ᠲᠠᠭᠠᠭᠠᠬᠤ ᠶᠢ ᠨᠢ ᠬᠦᠯᠢᠶᠠᠰᠦᠯᠠᠵᠤ᠂ ︽ᠪᠤᠰᠤᠳ ᠲᠠᠢ ᠠᠳᠠᠯᠢ ᠪᠠᠶᠢᠬᠤ︾ ᠪᠠᠷ ᠪᠠᠷᠢᠮᠵᠢᠶᠠᠯᠠᠵᠤ ᠪᠤᠳᠠᠭᠠᠯᠢ ᠴᠢᠨᠠᠷ ᠢ ᠨᠢ ᠦᠬᠡᠶᠢᠰᠬᠡᠨ᠂ ︽ᠡᠯᠳᠡᠪ ᠵᠦᠯ ᠢ ᠤᠷᠤᠯᠳᠤᠬᠤ︾ ᠭᠡᠳᠡᠭ ᠢᠶᠠᠷ ᠪᠦᠲᠦᠬᠡᠯᠴᠢ ᠴᠢᠨᠠᠷ ᠢ ᠨᠢ ᠬᠠᠰᠢᠵᠤ᠂ ︽ᠦᠷᠦᠬᠡᠯ ᠤᠨ ᠶᠠᠪᠤᠳᠠᠯ ᠦᠪᠡᠷ ᠲᠤ ᠴᠢᠨᠢ ᠰᠠᠪᠠᠭ᠎ᠠ ᠦᠬᠡᠢ︾ ᠭᠡᠳᠡᠭ ᠢᠶᠠᠷ ᠨᠡᠶᠢᠬᠡᠮ ᠨᠡᠶᠢᠳᠡ ᠶᠢᠨ ᠶᠤᠰᠤ ᠰᠤᠷᠳᠠᠬᠤᠨ ᠲᠠᠢ ᠪᠤᠯᠬᠤ ᠵᠠᠮ ᠢ ᠨᠢ ᠬᠠᠭᠠᠵᠤ᠂ ︽ᠴᠢ ᠦᠨᠡᠬᠡᠷ ᠴᠤ ᠲᠤᠰᠠ ᠦᠬᠡᠢ︾ ᠬᠡᠳᠡᠭ ᠢᠶᠠᠷ ᠦᠪᠡᠷ ᠢ ᠪᠠᠨ ᠬᠦᠨᠳᠦᠳᠬᠡᠬᠦ ᠰᠡᠳᠬᠢᠯᠬᠡ ᠶᠢ ᠨᠢ ᠮᠢᠳᠠᠷᠠᠭᠤᠯᠵᠤ ᠪᠠᠶᠢᠳᠠᠬ᠃ ᠢᠡᠭᠬᠢᠵᠤ ᠡᠷᠬᠡ ᠴᠢᠯᠦᠬᠡᠳᠡᠢ ᠦᠰᠦᠨ ᠪᠤᠶᠢᠵᠢᠬᠤ ᠤᠷᠴᠢᠨ ᠲᠤᠭᠤᠷᠢᠨ ᠢ ᠨᠢ ᠪᠢᠳᠡᠬᠦᠮᠵᠢᠯᠡᠭᠰᠡᠨ ᠪᠠᠶᠢᠳᠠᠯ ᠲᠤᠤᠷ᠎ᠠ ᠡᠨᠡᠬᠦ ᠬᠡᠦᠬᠡᠳ ᠬᠠᠮᠢᠭ᠎ᠠ ᠭᠠᠷᠪᠠᠴᠤ ᠬᠠᠳᠠᠭᠠᠰᠤ ᠮᠦᠷᠬᠦᠳᠡᠭ ᠪᠤᠯᠬᠤᠷ ᠬᠠᠮᠢᠭ᠎ᠠ ᠶᠠᠮᠠᠷ ᠰᠤᠷᠤᠯᠴᠠᠬᠤ ᠤᠷᠮᠠᠰ ᠬᠡᠵᠤ ᠪᠠᠶᠢᠳᠠᠬ ᠪᠢᠯᠡ᠃      ᠬᠡᠦᠬᠡᠳ ᠢᠶᠠᠨ ᠢᠳᠡᠪᠬᠢᠳᠡᠢ ᠰᠠᠶᠢᠨ ᠰᠤᠷᠤᠯᠴᠠᠬᠤ ᠤᠷᠮᠠᠰ ᠲᠠᠢ ᠪᠤᠯᠭᠠᠶ᠎ᠠ ᠬᠡᠪᠡᠯ ᠵᠠᠪᠠᠯ ᠬᠡᠦᠬᠡᠳ ᠴᠢᠨᠢ ᠦᠪᠡᠷ ᠤᠨ ᠢᠶᠠᠨ ᠠᠮᠢᠳᠤᠷᠠᠯ ᠤᠨ ᠬᠦᠰᠡᠯ ᠵᠤᠷᠢᠯ ᠲᠠᠢ ᠪᠠᠶᠢᠵᠤ᠂ ᠪᠡᠶ᠎ᠠ ᠪᠠᠨ ᠲᠠᠭᠠᠭᠠᠭᠰᠠᠨ ᠰᠡᠳᠬᠢᠬᠦ ᠴᠢᠳᠠᠪᠤᠷᠢ ᠶᠢ ᠪᠦᠷᠢᠯᠳᠦᠬᠦᠯᠦᠨ᠂ ᠬᠦᠢᠴᠡᠳ ᠲᠡᠬᠦᠯᠳᠡᠷ ᠲᠤᠷ᠎ᠠ ᠰᠤᠨᠢᠷᠬᠠᠯ ᠢᠶᠠᠷ ᠬᠤᠵᠢᠮ ᠤᠨ ᠵᠠᠮ ᠳᠠᠭᠠᠨ ᠵᠦᠭᠯᠡᠬᠦᠷ ᠪᠤᠯᠭᠠᠵᠤ᠂ ᠦᠪᠡᠷ ᠢ ᠪᠠᠨ ᠲᠠᠨᠢᠵᠤ ᠮᠡᠳᠡᠬᠦ ᠶᠠᠪᠤᠴᠠ ᠲᠤᠮᠳᠠ ᠰᠠᠶᠢᠨ ᠰᠠᠶᠢᠬᠠᠨ ᠢᠷᠡᠬᠡᠳᠦᠢ ᠪᠠᠨ ᠤᠬᠳᠤᠨ ᠠᠪᠬᠤ ᠶᠢ ᠬᠦᠢᠴᠡᠳᠬᠡᠬᠦ ᠴᠢᠬᠤᠯᠠᠳᠠᠢ᠃ ᠬᠦᠮᠦᠨ ᠢᠶᠠᠷ ᠦᠨᠳᠤᠰᠤ ᠪᠤᠯᠭᠠᠬᠤ ᠰᠤᠷᠭᠠᠨ ᠬᠦᠮᠦᠵᠢᠯ ᠰᠠᠶᠢ ᠬᠦᠮᠦᠨᠴᠢ ᠴᠢᠨᠠᠷ ᠢ ᠬᠦᠢᠴᠡᠳ ᠪᠠᠳᠠᠷᠠᠭᠤᠯᠵᠤ᠂ ᠬᠦᠮᠦᠨ ᠤ ᠡᠷᠬᠡ ᠶᠢ ᠬᠦᠢᠴᠡᠳ ᠪᠠᠳᠤᠯᠠᠵᠤ᠂ ᠠᠮᠢᠵᠢᠷᠠᠯ ᠤᠨ ᠬᠦᠴᠦᠨ ᠬᠦᠭᠵᠢᠯᠳᠡ ᠶᠢᠨ ᠬᠦᠴᠦᠨ ᠢ ᠬᠠᠮᠤᠭ ᠤᠨ ᠶᠡᠭᠡ ᠬᠡᠮᠵᠢᠶ᠎ᠠ ᠪᠠᠷ ᠢᠯᠡᠷᠡᠬᠦᠯᠵᠤ ᠴᠢᠳᠠᠨ᠎ᠠ᠃      ᠲᠠᠬᠢᠭᠠᠳ ᠬᠡᠯᠡᠪᠡᠯ ᠬᠡᠦᠬᠡᠳ ᠤᠨ ᠤᠷᠤᠬᠰᠢᠯᠠᠨ ᠲᠠᠪᠰᠢᠬᠤ ᠤᠮᠤᠬ ᠵᠤᠷᠢᠬ ᠢ ᠬᠦᠭᠵᠢᠬᠡᠬᠦ ᠨᠢ ᠮᠠᠰᠢ ᠴᠢᠬᠤᠯᠠ ᠵᠦᠢᠯ ᠪᠤᠯᠤᠨ᠎ᠠ᠃ ᠰᠤᠷᠤᠯᠴᠠᠬᠤ ᠪᠤᠯ ᠨᠢᠬᠡ ᠵᠦᠢᠯ ᠤᠨ ᠲᠠᠷᠢᠬᠢᠨ ᠤ ᠬᠦᠳᠡᠯᠮᠦᠷᠢ ᠶᠤᠮ᠃ ᠡᠨᠡᠬᠦ ᠬᠦᠳᠡᠯᠮᠦᠷᠢ ᠶᠢ ᠬᠦᠢᠴᠡᠳᠬᠡᠬᠦ ᠳᠤ ᠵᠠᠪᠠᠯ ᠰᠠᠨᠠᠭᠠᠴᠢᠯᠠᠭ᠎ᠠ ᠠᠴᠠ ᠪᠠᠨ ᠰᠤᠷᠤᠯᠴᠠᠬᠤ ᠪᠠᠶᠢᠳᠠᠯ ᠳᠤ ᠤᠷᠤᠮᠠᠨᠵᠢᠨ ᠰᠠᠶᠢ ᠰᠠᠶᠢᠳᠤᠷ ᠰᠤᠷᠴᠤ ᠡᠵᠡᠮᠰᠢᠵᠤ ᠴᠢᠳᠠᠳᠠᠬ᠃ ᠡᠬᠦᠨ ᠤ ᠬᠠᠮᠳᠤ ᠬᠡᠦᠬᠡᠳ ᠤᠨ ᠰᠤᠷᠤᠯᠴᠠᠬᠤ ᠵᠢᠮ᠎ᠠ ᠶᠤᠰᠤ ᠪᠤᠯᠤᠨ ᠪᠤᠶᠢᠵᠢᠯᠳᠠ ᠶᠢᠨ ᠵᠢᠮ᠎ᠠ ᠶᠤᠰᠤ ᠶᠢ ᠬᠦᠢᠴᠡᠳ ᠬᠦᠨᠳᠤᠳᠬᠡᠨ ᠬᠡᠦᠬᠡᠳ ᠤᠨ ᠰᠤᠷᠤᠯᠴᠠᠬᠤ ᠲᠠᠯᠳᠠ ᠴᠢᠳᠠᠪᠤᠷᠢ ᠪᠤᠯᠤᠨ ᠮᠡᠳᠡᠯᠬᠡ ᠶᠢᠨ ᠬᠦᠰᠡᠯ ᠢ ᠬᠦᠢᠴᠡᠳ ᠬᠦᠭᠵᠢᠬᠡᠪᠡᠯ ᠬᠡᠦᠬᠡᠳ ᠰᠠᠶᠢ ᠪᠠᠶᠠᠷ ᠪᠠᠨᠬᠳᠤᠯ ᠤᠨ ᠲᠤᠮᠳᠠ ᠰᠤᠷᠤᠯᠴᠠᠨ ᠲᠡᠭᠡᠭᠰᠢᠯᠡᠵᠤ᠂ ᠠᠬᠠᠮᠠᠳ ᠨᠢ ᠴᠤ ᠠᠮᠤᠷ ᠲᠠᠪᠠᠳᠠᠢ ᠪᠠᠷ ᠵᠤᠷᠢᠯᠭ᠎ᠠ ᠳᠠᠭᠠᠨ ᠬᠦᠷᠴᠤ ᠴᠢᠳᠠᠨ᠎ᠠ᠃ ᠢᠡᠭᠬᠢᠬᠡᠳ ᠦᠵᠡᠪᠡᠯ ᠠᠳᠠᠯᠢ ᠪᠤᠰᠤ ᠶᠢᠨ ᠪᠠᠶᠢᠳᠠᠯ ᠳᠤᠨᠢ ᠲᠤᠬᠢᠷᠠᠭᠤᠯᠤᠨ ᠠᠮᠢᠳᠤᠯᠢᠬ ᠢᠶᠠᠷ ᠵᠢᠭᠠᠨ ᠰᠤᠷᠭᠠᠵᠤ ᠬᠡᠦᠬᠡᠳ ᠤᠨ ᠤᠶᠤᠨ ᠪᠢᠯᠢᠭ ᠢ ᠰᠠᠶᠢᠳᠤᠷ ᠬᠦᠮᠦᠵᠢᠬᠦᠯᠪᠠᠯ ᠠᠯᠢ ᠴᠤ ᠬᠡᠦᠬᠡᠳ ᠪᠦᠷ ᠤᠨᠴᠠᠯᠢᠬ ᠲᠠᠪᠠᠭᠤᠯᠢᠬ ᠢᠶᠠᠨ ᠪᠠᠳᠠᠷᠠᠭᠤᠯᠤᠬᠰᠠᠨ ᠴᠢᠳᠠᠪᠤᠷᠢᠳᠠᠨ ᠪᠤᠯᠵᠤ ᠪᠤᠯᠳᠠᠬ᠃                                                          ᠨᠠᠶᠢᠷᠠᠭᠤᠯᠤᠭᠴᠢ᠄ ᠠᠭᠤᠯᠠ
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号