ᠳᠡᠩᠨᠡᠭᠦᠯ ᠤᠨ ᠭᠤᠤᠯ ᠤᠨ ᠲᠠᠯ᠎ᠠ ᠨᠤᠳᠤᠭ
ᠨᠡᠶᠢᠲᠡᠯᠡᠭᠰᠡᠨ ᠴᠠᠭ᠄
2017-09-08
         ᠤᠩᠨᠢᠭᠤᠳ ᠬᠤᠰᠢᠭᠤᠨ ᠤ ᠢ ᠾᠧ ᠭᠦᠩ ︵ᠲᠡᠤᠭᠡᠨ ᠨᠡᠷ᠎ᠡ ᠨᠢ ᠵᠠᠭᠢᠷᠤᠭᠴᠢ ᠶᠢᠨ ᠬᠤᠷᠢᠶ᠎ᠠ ᠭᠡᠳᠡᠭ︶ ᠪᠠᠯᠭᠠᠰᠤ ᠶᠢᠨ ᠪᠠᠷᠠᠭᠤᠨ ᠲᠠᠢ ᠲᠡᠩᠨᠡᠭᠦᠯ ᠤᠨ ᠭᠤᠤᠯ ᠤᠨ ᠮᠠᠯᠵᠢᠯ ᠤᠨ ᠲᠠᠯᠠᠪᠠᠢ ᠭᠡᠵᠤ ᠪᠠᠶᠢᠳᠠᠭ᠃ ᠳᠡᠩᠨᠡᠭᠦᠯ ᠤᠨ ᠭᠤᠤᠯ ᠤᠨ ᠨᠡᠷ᠎ᠡ ᠶᠢ ᠵᠠᠷᠢᠮ ᠨᠤᠮ ᠪᠢᠴᠢᠭ ᠳᠡᠭᠡᠷ᠎ᠡ ᠳᠡᠩᠨᠡᠭᠦᠷ ᠤᠨ ᠭᠤᠤᠯ ᠭᠡᠵᠤ ᠪᠢᠴᠢᠵᠤ ᠪᠠᠶᠢᠳᠠᠭ᠃ ᠳᠡᠩᠨᠡᠭᠦᠯ ᠤᠨ ᠭᠤᠤᠯ ᠪᠤᠯ ᠴᠦᠨᠳᠦᠪ ᠤᠨ ᠭᠤᠤᠯ ︵ᠦᠨᠦ ᠱᠤᠷᠤᠩ ᠤᠨ ᠭᠤᠤᠯ ᠭᠡᠵᠤ ᠳᠠᠭᠤᠳᠠᠵᠤ ᠪᠠᠶᠢᠨ᠎ᠠ︶ ᠤᠨ ᠳᠡᠭᠡᠳᠤ ᠤᠷᠤᠰᠬᠠᠯ ᠪᠤᠯᠤᠨ᠎ᠠ᠃ ᠳᠡᠩᠨᠡᠭᠦᠯ ᠤᠨ ᠭᠤᠤᠯ ᠤᠨ ᠲᠠᠯ᠎ᠠ ᠨᠤᠳᠤᠭ ᠤᠨ ᠭᠠᠵᠠᠷ ᠤᠨ ᠪᠠᠶᠢᠴᠠ ᠪᠤᠯ ᠪᠠᠷᠠᠭᠤᠨ ᠠᠴᠠ ᠵᠡᠭᠦᠨᠰᠢ ᠳᠠᠰᠢᠭᠤ ᠪᠦᠭᠡᠳ ᠠᠭᠤᠯᠠᠨ ᠭᠤᠤ ᠤᠯᠠᠨ ᠲᠠᠢ ᠶᠤᠮ᠃ ᠶᠡᠭᠡᠩᠭᠢ ᠭᠡᠰᠡᠭ ᠭᠠᠵᠠᠷ ᠨᠢ ᠲᠤᠪᠤᠷᠴᠠᠭᠳᠤ ᠲᠠᠯ᠎ᠠ ᠭᠠᠵᠠᠷ ᠭᠢᠭᠡᠳ ᠦᠨᠳᠦᠷᠯᠢᠭ ᠲᠠᠯ᠎ᠠ ᠭᠠᠵᠠᠷ ᠪᠠᠶᠢᠵᠤ᠂ ᠲᠠᠯᠠᠢ ᠶᠢᠨ ᠲᠦᠪᠰᠢᠨ ᠠᠴᠠ ᠳᠡᠭᠡᠭᠰᠢ 1412 — — 1655 ᠮᠧᠳ᠋ᠷ ᠤᠨ ᠬᠤᠭᠤᠷᠤᠨᠳᠤ ᠪᠠᠶᠢᠳᠠᠭ᠃ ᠬᠠᠮᠤᠭ ᠦᠨᠳᠦᠷ ᠤᠷᠭᠢᠯ ᠪᠤᠯᠬᠤ ᠰᠠᠨ ᠴᠠ ᠳ᠋ᠠᠩ ᠱᠠᠨ ᠠᠭᠤᠯᠠ ᠨᠢ ᠳᠡᠩᠨᠡᠭᠦᠯ ᠤᠨ ᠲᠠᠯ᠎ᠠ ᠶᠢᠨ ᠪᠠᠷᠠᠭᠤᠨ ᠵᠠᠬ᠎ᠠ ᠳᠤ ᠪᠠᠶᠢᠵᠤ᠂ ᠲᠠᠯᠠᠢ ᠶᠢᠨ ᠲᠦᠪᠰᠢᠨ ᠠᠴᠠ 2020 ᠮᠧᠳ᠋ᠷ ᠡᠷᠭᠦᠭᠳᠡᠵᠤ ᠪᠠᠶᠢᠳᠠᠭ᠃ ᠢᠨᠵᠠᠭ᠎ᠠ ᠶᠢᠨ ᠭᠤᠤᠯ᠂ ᠴᠦᠨᠳᠦᠪ ᠤᠨ ᠭᠤᠤᠯ ᠨᠢ ᠪᠦᠷ ᠠᠳᠡ ᠠᠴᠠ ᠡᠭᠢ ᠠᠪᠴᠤ᠂ ᠡᠯᠵᠢᠭᠡᠨ ᠭᠤᠤ᠂ ᠤᠯᠢᠶᠠᠰᠤᠳᠠᠢ ᠭᠤᠤ᠂ ᠢᠩᠳᠠᠢ ᠭᠤᠤ ᠵᠡᠷᠭᠡ ᠨᠢ ᠪᠦᠷ ᠠᠷᠪᠠᠭᠠᠳ ᠭᠠᠵᠠᠷ ᠤᠷᠳᠤ ᠰᠤᠨᠤᠯᠵᠢᠵᠤ ᠪᠠᠶᠢᠳᠠᠭ᠃ ᠶᠠᠩ ᠵᠢᠶᠠ ᠬᠠᠨ ᠫᠤᠤᠽᠢ ᠨᠠᠭᠤᠷ ᠪᠤᠯ ᠠᠳᠡᠭᠢ ᠬᠠᠮᠤᠭ ᠲᠤᠮᠤ ᠨᠠᠭᠤᠷ ᠪᠤᠯᠤᠨ᠎ᠠ       ᠳᠡᠩᠨᠡᠭᠦᠯ ᠭᠡᠳᠡᠭ ᠪᠤᠯ ᠳᠡᠭᠡᠯ ᠳᠤᠭᠤᠯ ᠨᠠᠮᠤᠭ ᠲᠠᠯ᠎ᠠ ᠭᠡᠭᠦ ᠤᠳᠬ᠎ᠠ ᠲᠠᠢ ᠦᠭᠡ ᠶᠤᠮ᠃ ᠠᠳᠡᠭᠢ ᠠᠭᠤᠷ ᠠᠮᠢᠰᠬᠤᠯ ᠨᠡᠯᠢᠶᠡᠳ ᠭᠦᠢᠳᠡᠨ ᠪᠦᠭᠡᠳ ᠭᠠᠩ ᠬᠠᠭᠤᠷᠠᠢ ᠪᠤᠯᠪᠠᠴᠤ ᠮᠠᠯ ᠠᠵᠤ ᠠᠬᠤᠢ ᠶᠢᠨ ᠦᠢᠯᠡᠳᠪᠦᠷᠢᠯᠡᠯ ᠢ ᠭᠦᠭᠵᠢᠭᠦᠯᠭᠦ ᠳᠤ ᠶᠡᠭᠡ ᠲᠤᠭᠢᠷᠠᠮᠵᠢᠲᠠᠢ ᠪᠠᠶᠢᠳᠠᠭ᠃ ᠠᠳᠡ ︿︿ᠲᠡᠮᠤᠷ ᠲᠤᠭᠤᠷᠠᠶᠢᠳᠤ ᠰᠠᠶᠢᠬᠠᠨ ᠮᠤᠷᠢ﹀﹀ ᠶᠢ ᠪᠤᠶᠢᠵᠢᠭᠤᠯᠵᠤ᠂ ᠨᠠᠷᠢᠨ ᠨᠤᠤᠰᠤᠳᠤ ᠬᠤᠨᠢ᠂ ᠰᠢᠮᠢᠨᠳᠠᠷ᠎ᠠ ᠦᠭᠡᠷ᠂ ᠪᠤᠭᠤ ᠵᠡᠷᠭᠡ ᠶᠢ ᠠᠷᠠᠴᠢᠯᠠᠨ ᠲᠡᠵᠢᠭᠡᠵᠤ ᠪᠠᠶᠢᠳᠠᠭ᠃ ᠳᠡᠩᠨᠡᠭᠦᠯ ᠤᠨ ᠭᠤᠤᠯ ᠤᠨ ᠲᠠᠯ᠎ᠠ ᠨᠤᠳᠤᠭ ᠨᠢ ᠠᠷᠤ ᠪᠠᠷ ᠢᠶᠠᠨ ᠭᠡᠰᠢᠭᠳᠡᠨ ᠬᠤᠰᠢᠭᠤ ᠲᠠᠢ ᠵᠠᠬ᠎ᠠ ᠨᠡᠶᠢᠯᠡᠵᠤ᠂ ᠡᠮᠦᠨᠡᠭᠦᠷ ᠢᠶᠠᠨ ᠰᠦᠩᠱᠠᠨ ᠲᠤᠭᠤᠷᠢᠭ ᠲᠠᠢ ᠭᠦᠷᠰᠢᠯᠡᠵᠤ᠂ ᠪᠡᠭᠡᠵᠢᠩ ᠬᠤᠳᠠ ᠠᠴᠠ ᠬᠠᠮᠤᠭ ᠤᠶᠢᠷᠠᠬᠠᠨ ᠦᠵᠡᠮᠵᠢᠳᠤ ᠲᠠᠯ᠎ᠠ ᠨᠤᠳᠤᠭ ᠭᠡᠵᠤ ᠲᠠᠶᠠᠩ ᠲᠡᠯᠡᠭᠡᠢ ᠳᠤ ᠠᠯᠳᠠᠷᠰᠢᠵᠤ ᠪᠠᠶᠢᠳᠠᠭ᠃ ᠨᠠᠮᠤᠷ ᠠᠳᠡ ᠭᠦᠷᠪᠡᠯ ᠡᠪᠡᠰᠤᠨ ᠤ ᠲᠤᠯᠤᠭᠠᠢ ᠨᠠᠶᠢᠭᠤᠵᠤ ᠤᠷᠭᠤᠮᠠᠯ ᠤᠨ ᠨᠠᠪᠴᠢᠰ ᠤᠯᠠᠪᠤᠷᠳᠠᠨ᠂ ᠲᠠᠩᠰᠤᠭ ᠨᠠᠮᠤᠷ ᠤᠨ ᠲᠦᠮᠡᠨ ᠪᠤᠳᠠᠰ ᠦᠷᠡᠰᠢᠨ ᠪᠤᠯᠪᠠᠰᠤᠷᠠᠵᠤ ᠬᠤᠶᠢᠴᠢ ᠵᠠᠯᠭᠠᠮᠵᠢ ᠶᠢᠨ ᠢᠶᠠᠨ ᠲᠦᠯᠦᠭᠡ ᠦᠷ᠎ᠡ ᠵᠢᠮᠢᠰ ᠢᠶᠠᠨ ᠦᠷᠡᠯᠡᠭᠦᠯᠦᠨ ᠬᠤᠩᠭᠤᠷ ᠭᠦᠵᠦᠭᠦᠦ ᠪᠠᠨ ᠳᠠᠭᠠᠵᠤ ᠶᠠᠳᠠᠨ ᠬᠠᠯᠢᠭᠤᠷᠠᠨ᠂ ᠴᠦᠨᠳᠦᠪ ᠤᠨ ᠭᠤᠤᠯ ᠤᠨ ᠬᠤᠶᠠᠷ ᠭᠦᠪᠡᠭᠡ ᠶᠢᠨ ᠡᠷᠳᠡᠨᠢ ᠰᠢᠰᠢ᠂ ᠨᠠᠷᠢᠮᠤ᠂ ᠰᠠᠭᠠᠭ᠂ ᠮᠤᠩᠭᠤᠯ᠂ ᠰᠢᠯᠦᠭᠡᠢ᠂ ᠶᠤᠤᠮᠠᠢ ᠵᠡᠷᠭᠡ ᠡᠯᠳᠡᠪ ᠦᠷ᠎ᠡ ᠶᠢᠨ ᠲᠠᠷᠢᠶ᠎ᠠ ᠠᠶᠠᠰ ᠤᠨ ᠰᠠᠯᠭᠢᠨ ᠳᠤ ᠠᠶᠠᠳᠠᠶᠢᠬᠠᠨ ᠲᠤᠭᠢᠯᠵᠠᠵᠤ᠂ ᠡᠯᠪᠡᠭ ᠬᠤᠷᠢᠶᠠᠯᠳᠠ ᠶᠢᠨ ᠮᠡᠳᠡᠭᠡ ᠴᠢᠮᠡᠭᠡ ᠶᠢ ᠰᠢᠪᠡᠨᠡᠨ ᠭᠡᠯᠡᠵᠤ ᠪᠠᠶᠢᠬᠤ ᠰᠢᠭ ᠰᠠᠨᠠᠭᠳᠠᠭᠤᠯᠳᠠᠭ᠃ ᠵᠠᠮ ᠤᠨ ᠬᠤᠶᠠᠷ ᠲᠠᠯ᠎ᠠ ᠪᠠᠷ ᠬᠠᠴᠢᠷᠯᠠᠭᠰᠠᠨ ᠠᠭᠤᠯᠠ ᠬᠠᠳᠠ᠂ ᠭᠤᠤ ᠭᠠᠩᠭ᠎ᠠ᠂ ᠭᠦᠨᠳᠡᠢ ᠵᠢᠯᠠᠭ᠎ᠠ ᠪᠠᠷ ᠳᠡᠯᠳᠤ᠂ ᠶᠠᠰᠢᠯ᠂ ᠮᠦᠢᠯ᠂ ᠦᠷᠢᠯ᠂ ᠬᠤᠰᠤ᠂ ᠴᠠᠷᠠᠰᠤ᠂ ᠠᠷᠴᠠ᠂ ᠤᠯᠢᠶᠠᠰᠤ᠂ ᠬᠠᠶᠢᠯᠠᠰᠤᠨ ᠮᠤᠳᠤ ᠢᠭᠰᠢᠷᠠᠨ᠂ ᠭᠤᠤᠯ ᠤᠨ ᠪᠤᠷᠤᠭᠤ ᠬᠠᠵᠠᠭᠤ ᠶᠢ ᠳᠠᠭᠠᠵᠤ ᠤᠷᠭᠤᠭᠰᠠᠨ ᠬᠤᠰᠤ ᠮᠤᠳᠤ ᠨᠢ ᠨᠤᠭᠤᠭᠠᠨ ᠵᠠᠰᠠᠯ ᠴᠠᠭᠠᠨ ᠬᠤᠷᠮᠦ᠋ᠢᠪᠴᠢ ᠲᠠᠢ ᠵᠢᠭᠠᠯ ᠭᠡᠤᠭᠡᠨ ᠰᠢᠭ ᠴᠡᠪᠡᠷ ᠴᠡᠮᠴᠡᠭᠡᠷ ᠬᠠᠷᠠᠭᠳᠠᠳᠠᠭ᠃ ᠠᠶᠢᠯ ᠡᠷᠦᠭᠡ ᠶᠢᠨ ᠬᠠᠪᠢ ᠢᠶᠠᠷ ᠠᠳᠤᠭᠤ᠂ ᠦᠭᠡᠷ᠂ ᠬᠤᠨᠢ᠂ ᠪᠤᠭᠤ ᠰᠦᠷᠦᠭ ᠰᠦᠷᠦᠭ ᠢᠶᠠᠷ ᠠᠯᠠᠭᠯᠠᠨ ᠪᠡᠯᠴᠢᠵᠤ᠂ ᠪᠠᠶᠠᠨ ᠨᠠᠮᠤᠷ ᠤᠨ ᠭᠤᠶᠢᠳᠠ ᠰᠠᠶᠢᠬᠠᠨ ᠳᠤ ᠲᠠᠨ ᠢ ᠰᠤᠭᠳᠤᠭᠤᠷᠠᠭᠤᠯᠤᠨ᠎ᠠ᠃ ᠠᠮᠪᠠᠨ ᠰᠢᠷ᠎ᠠ ᠶᠢᠨ ᠲᠠᠷᠭᠤᠨ ᠨᠢᠷᠤᠭᠤ ᠰᠢᠭ᠋ ᠳᠡᠭᠰᠢᠭᠡᠨ ᠰᠢᠯᠢ ᠭᠤᠪᠢ ᠶᠢ ᠳᠠᠭᠠᠭᠠᠳ ᠦᠨᠢᠷ ᠪᠤᠭᠤᠷᠤᠯ ᠡᠭᠡ ᠲᠡᠯᠡᠭᠡᠢ ᠶᠢᠨ ᠮᠦᠩᠭᠦᠨ ᠴᠠᠭᠠᠨ ᠰᠠᠬᠠᠯ ᠰᠢᠭ᠋ ᠭᠢᠯᠠᠭᠠᠨ᠎ᠠ ᠶᠢᠨ ᠤᠷᠤᠢ ᠲᠤᠷᠭᠠᠮᠰᠠᠷᠠᠨ ᠬᠠᠯᠢᠭᠤᠷᠠᠵᠤ᠂ ᠬᠤᠯᠠ ᠶᠢᠨ ᠠᠭᠤᠯᠠᠰ ᠤᠨᠢᠶᠠᠷᠳᠤᠨ ᠤᠶᠢᠷ᠎ᠠ ᠶᠢᠨ ᠤᠰᠤ ᠵᠡᠷᠭᠡᠯᠭᠡᠨᠳᠤᠨ ᠡᠳᠡᠭᠡᠳ ᠰᠠᠶᠢᠬᠠᠨ ᠦᠵᠡᠭᠳᠡᠨ᠎ᠡ᠃ ᠴᠦᠨᠳᠦᠪ ᠤᠨ ᠭᠤᠤᠯ ᠠᠳᠡᠭᠢ ᠪᠤᠯᠤᠩ ᠪᠤᠯᠭᠠᠨ ᠠᠴᠠ ᠨᠢ ᠪᠤᠯᠤᠷ ᠲᠤᠯᠭᠢᠶ᠎ᠠ ᠬᠠᠶᠠᠯᠠᠭᠤᠯᠵᠤ᠂ ᠨᠤᠭᠤᠯᠤᠭ᠎ᠠ ᠪᠦᠭᠦᠨ ᠠᠴᠠ ᠨᠢ ᠨᠤᠳᠤᠭ ᠤᠨ ᠲᠠᠭᠤᠤ ᠪᠠᠨ ᠠᠶᠠᠯᠠᠭᠤᠯᠤᠭᠰᠠᠭᠠᠷ ᠠᠵᠤ ᠠᠮᠢᠳᠤᠷᠠᠯ ᠤᠨ ᠭᠦᠰᠡᠯ ᠡᠷᠡᠮᠵᠢᠯᠡᠯ ᠤᠨ ᠪᠤᠭᠤᠯᠠᠭ᠎ᠠ ᠶᠢ ᠵᠢᠳᠭᠦᠨ ᠲᠤᠷᠤᠨ᠎ᠠ ᠵᠦᠭ ᠲᠡᠮᠦᠭᠦᠯᠡᠨ᠎ᠡ᠃ ᠴᠦᠨᠳᠦᠪ ᠤᠨ ᠭᠤᠤᠯ ᠤᠨ ᠡᠭᠢ ᠰᠡᠭᠦᠵᠢ ᠭᠦᠨᠳᠡᠢ ᠳᠠᠭ᠎ᠠ ᠮᠤᠷᠢ ᠳᠠᠪᠭᠢᠭᠤᠯᠤᠨ ᠭᠦᠷᠦᠮᠡᠷ ᠪᠠᠭᠢᠭᠤᠬᠠᠨ ᠬᠠᠷᠠᠭᠳᠠᠪᠠᠴᠤ᠂ ᠠᠰᠠᠯᠠᠵᠤ ᠤᠷᠤᠮ᠎ᠠ ᠦᠭᠡᠢ ᠲᠡᠮᠡᠭᠡᠨ ᠪᠦᠭᠦ‍ ᠰᠢᠭ ᠳᠡᠭᠡᠯ ᠳᠤᠭᠤᠯ ᠳᠡᠩᠨᠡᠭᠦᠯ ᠲᠠᠢ ᠪᠠᠶᠢᠳᠠᠭ᠃ ᠳᠡᠩᠨᠡᠭᠦᠯ ᠤᠨ ᠬᠤᠷᠠᠮᠠᠯ ᠤᠰᠤᠨ ᠳᠤ ᠨᠤᠭᠤᠭᠠᠨ ᠵᠠᠮᠠᠭ ᠭᠦᠭᠡᠴᠤᠷᠡᠨ ᠵᠠᠮᠠᠭ ᠤᠨ ᠲᠤᠤᠭᠤᠷ ᠵᠢᠭᠠᠰᠤ ᠵᠢᠷᠭᠠᠬᠠᠢ ᠵᠢᠷᠪᠢᠭᠢᠨᠡᠨ᠂ ᠳᠡᠭᠡᠭᠦᠷ ᠨᠢ ᠲᠡᠭᠦᠨ ᠤ ᠳᠠᠷᠤᠯᠭ᠎ᠠ ᠪᠤᠯᠤᠭᠰᠠᠨ ᠪᠢᠴᠢᠬᠠᠨ ᠴᠠᠭᠠᠨ ᠤᠰᠤᠨ ᠰᠢᠪᠠᠭᠤ ᠵᠢᠵᠢᠭ ᠮᠦᠩᠭᠦᠪ ᠨᠢᠰᠭᠡᠯ ᠰᠢᠭ ᠡᠯᠢᠨ ᠴᠠᠷᠪᠠᠨ ᠨᠢᠰᠦᠯᠳᠦᠨ᠎ᠡ᠃ ᠬᠤᠯᠤᠰᠤ ᠡᠪᠡᠰᠤᠨ ᠤ ᠴᠢᠯᠦᠭᠡᠨ ᠳᠤ ᠵᠠᠶᠢᠴᠠᠨ ᠤᠮᠪᠠᠭ᠋ᠤ ᠪᠤᠷᠤ ᠨᠤᠭᠤᠰᠤ ᠬᠤᠤᠰ ᠬᠤᠤᠰ ᠪᠠᠷ ᠨᠤᠷᠭᠢᠯᠤᠨ ᠱᠤᠩᠪᠠᠵᠤ᠂ ᠳᠡᠷᠳᠡᠭᠡ ᠬᠤᠯᠠ ᠳᠤ ᠰᠢᠳᠦᠯᠡᠩ ᠢᠮᠠᠭ᠎ᠠ ᠰᠢᠭ ᠪᠦᠳᠦᠭᠦᠨ ᠲᠤᠭᠤᠷᠤᠤ ᠦᠯᠦᠯᠵᠡᠨ ᠵᠤᠭᠰᠤᠵᠤ ᠵᠤᠭᠠᠴᠠᠭᠰᠠᠳ ᠢ ᠪᠠᠷᠠᠯᠠᠨ᠎ᠠ᠃ ᠦᠯᠦᠩ ᠡᠪᠡᠰᠤᠨ ᠳᠤ ᠰᠢᠷᠭᠤᠭᠰᠠᠨ ᠭᠤᠯᠢᠶ᠎ᠠ ᠨᠤᠭᠤᠳ ᠵᠢᠷᠵᠢᠭᠢᠨᠡᠨ ᠨᠠᠯᠠᠭᠠᠷ ᠨᠠᠮᠤᠷ ᠢ ᠮᠡᠳᠡᠭᠡᠯᠡᠨ᠎ᠡ᠃ ᠵᠤ ᠳᠡᠭᠡᠷ᠎ᠡ ᠬᠠᠶᠠ ᠪᠠᠰᠠ ᠪᠤᠷᠤ ᠭᠦᠷᠦᠭᠡᠰᠦ ᠭᠠᠷᠴᠤ ᠢᠷᠡᠨ ᠨᠠᠰᠢ ᠴᠠᠰᠢ ᠵᠤᠷᠴᠢᠬᠤ ᠭᠦᠮᠦᠰ ᠢ ᠭᠡᠳᠡᠨ᠎ᠡ᠃       ᠳᠡᠩᠨᠡᠭᠦᠯ ᠤᠨ ᠭᠤᠤᠯ ᠤᠨ ᠲᠠᠯ᠎ᠠ ᠪᠤᠯ ᠴᠡᠴᠡᠭ ᠨᠠᠪᠴᠢᠰ ᠤᠨ ᠲᠠᠯᠠᠢ᠂ ᠴᠡᠩᠭᠡᠷ ᠪᠤᠯᠠᠭ ᠤᠨ ᠤᠨᠳᠤᠷᠤᠯ ᠭᠡᠵᠤ ᠮᠡᠳᠡᠭᠡᠷᠠᠢ᠃ ᠰᠡᠭᠦᠵᠢ ᠶᠢᠨ ᠭᠦᠨᠳᠡᠢ ᠶᠢᠨ ᠵᠡᠭᠦᠨ ᠠᠯᠠᠭᠠᠢ ᠳᠠᠭᠠᠤ ᠨᠢ ᠠᠭᠤᠯᠠᠨ ᠰᠠᠷᠠᠯᠠᠩ᠂ ᠭᠡᠭᠡᠷ᠎ᠡ ᠶᠢᠨ ᠤᠳᠪᠠᠯᠠ᠂ ᠬᠤᠨᠳᠠᠭᠠᠨ ᠬᠤᠸᠠᠷ᠂ ᠴᠠᠭᠢᠷᠮ᠎ᠠ ᠴᠡᠴᠡᠭ᠂ ᠴᠠᠨ᠎ᠠ ᠴᠡᠴᠡᠭ᠂ ᠴᠠᠢ ᠶᠢᠨ ᠬᠤᠸᠠᠷ᠂ ᠲᠤᠷᠤᠭ ᠰᠠᠷᠠᠨ᠎ᠠ ᠲᠠᠭᠢᠶᠠᠨ ᠰᠡᠴᠢᠭ᠂ ᠰᠤᠪᠤᠷᠭᠠᠨ ᠬᠤᠸᠠᠷ ᠵᠡᠷᠭᠡ ᠵᠦᠢᠯ ᠪᠦᠷᠢ ᠶᠢᠨ ᠴᠡᠴᠡᠭ ᠬᠤᠸᠠᠷ ᠦᠩᠭᠡ ᠢᠯᠭᠠᠷᠠᠨ ᠲᠡᠯᠭᠡᠷᠡᠵᠤ᠂ ᠴᠡᠴᠡᠭ ᠤᠨ ᠭᠡᠰᠡᠷ ᠳᠡᠭᠡᠭᠦᠷ ᠨᠢ ᠪᠠᠯᠳᠤ ᠵᠦᠭᠡᠢ ᠦᠩᠭᠢᠨᠡᠨ ᠡᠷᠭᠢᠴᠡᠨ᠎ᠡ᠃      ᠰᠡᠭᠦᠵᠢ ᠶᠢᠨ ᠭᠦᠨᠳᠡᠢ ᠶᠢᠨ ᠴᠠᠭᠠᠨ ᠮᠦᠭᠦ ᠪᠤᠯ ᠴᠠᠭᠠᠷᠢᠭ ᠳᠠᠳᠠᠵᠤ ᠤᠷᠭᠤᠳᠠᠭ᠃ ᠵᠠᠮ ᠢ ᠳᠠᠭᠠᠭᠠᠳ ᠮᠠᠰᠢ ᠤᠯᠠᠨ ᠡᠪᠡᠰᠤᠨ ᠴᠠᠭᠠᠷᠠᠭ ᠬᠠᠷᠭᠤᠳᠠᠭ᠃ ᠡᠨᠡ ᠪᠤᠯ ᠴᠠᠭᠠᠨ ᠮᠦᠭᠦ ᠶᠢᠨ ᠴᠠᠭᠠᠷᠠᠭ ᠶᠤᠮ᠃ ᠡᠷᠳᠡ ᠤᠷᠢᠳᠤ ᠶᠢᠨ ᠴᠠᠭ ᠲᠤ ᠭᠡᠨ᠎ᠡ᠃ ᠡᠵᠡᠨ ᠬᠤᠷᠮᠤᠰᠳᠠ ᠲᠡᠭᠷᠢ ᠶᠢᠨ ᠬᠤᠪᠢᠯᠭᠠᠨ ᠳᠠᠭᠢᠨᠢ ᠨᠢ ᠭᠦᠮᠦᠨ ᠤ ᠶᠢᠷᠳᠢᠨᠴᠤ ᠶᠢᠨ ᠬᠠᠪᠤ ᠴᠡᠩᠭᠡᠯ ᠢ ᠡᠳ᠋ᠯᠡᠭᠦ ᠭᠡᠵᠤ ᠵᠤᠨ ᠨᠠᠮᠤᠷ ᠤᠨ ᠰᠦᠨᠢ ᠰᠦᠨ ᠴᠠᠭᠠᠨ ᠪᠠᠩᠵᠢᠯ ᠡᠮᠦᠰᠴᠦ᠂ ᠬᠤᠨ ᠴᠠᠭᠠᠨ ᠰᠢᠭᠦᠷ ᠪᠠᠷᠢᠵᠤ᠂ ᠴᠦᠨᠳᠦᠪ ᠤᠨ ᠭᠤᠤᠯ ᠤᠨ ᠳᠡᠨᠵᠢ ᠳᠤ ᠪᠠᠭᠤᠵᠤ ᠴᠡᠩᠭᠢᠯᠳᠦᠨ ᠨᠠᠭᠠᠳᠤᠵᠤ ᠪᠠᠷᠠᠭᠠᠳ ᠦᠷᠯᠦᠭᠡ ᠡᠷᠳᠡ ᠨᠠᠷᠠᠨ ᠠᠴᠠ ᠡᠮᠦᠨ᠎ᠡ ᠳᠡᠭᠡᠷ᠎ᠡ ᠲᠢᠪ ᠤᠨ ᠤᠷᠤᠨ ᠳᠠᠭᠠᠨ ᠪᠤᠴᠠᠳᠠᠭ ᠪᠠᠶᠢᠵᠠᠢ᠃ ᠨᠢᠭᠡᠨ ᠤᠳᠠᠭ᠎ᠠ ᠪᠤᠯᠭᠤᠮᠵᠢ ᠦᠭᠡᠢ ᠠᠴᠠ ᠪᠤᠯᠵᠤ ᠬᠤᠪᠢᠯᠭᠠᠨ ᠳᠠᠭᠢᠨᠢ ᠬᠤᠨ ᠴᠠᠭᠠᠨ ᠰᠢᠭᠦᠷ ᠢᠶᠠᠨ ᠮᠠᠷᠳᠠᠭᠠᠳ ᠶᠠᠪᠤᠭᠰᠠᠨ ᠪᠠᠶᠢᠵᠠᠢ᠃ ᠡᠭᠦᠨ ᠳᠤ ᠬᠤᠨ ᠴᠠᠭᠠᠨ ᠰᠢᠭᠦᠷ ᠨᠢ ᠰᠤᠪᠤᠳᠯᠢᠭ ᠡᠪᠡᠰᠤᠨ ᠳᠤ ᠨᠠᠭᠠᠯᠳᠤᠨ ᠰᠢᠩᠭᠡᠵᠤ ᠭᠠᠵᠠᠷ ᠤᠨ ᠠᠭᠤᠷ ᠪᠠᠳᠠᠷᠠᠨ ᠠᠷᠭ᠎ᠠ ᠪᠢᠯᠢᠭ ᠤᠨ ᠬᠠᠷᠭᠤᠭᠠᠨ ᠢᠶᠠᠷ ᠴᠠᠭᠠᠨ ᠮᠦᠭᠦ ᠪᠤᠯᠵᠤ ᠬᠤᠪᠢᠯᠤᠭᠰᠠᠨ ᠭᠡᠨ᠎ᠡ᠃ ᠳᠡᠭᠡᠭᠡᠳ ᠯᠡ ᠰᠡᠭᠦᠵᠢ ᠭᠦᠨᠳᠡᠢ ᠳᠤ ᠴᠠᠭᠠᠨ ᠮᠦᠭᠦ ᠤᠨᠴᠠ ᠡᠯᠪᠡᠭ ᠤᠷᠭᠤᠬᠤ ᠪᠤᠯᠪᠠ᠃ ᠴᠠᠭᠠᠨ ᠮᠦᠭᠦ ᠪᠤᠯ ᠦᠭᠡᠭᠦᠯᠢᠭ ᠳᠡᠭᠡᠷ᠎ᠡ ᠪᠠᠨ ᠲᠤᠮᠤ᠂ ᠵᠦᠭᠡᠯᠡᠨ ᠳᠡᠭᠡᠷ᠎ᠡ ᠪᠠᠨ ᠠᠮᠳᠠᠷᠬᠠᠭ ᠪᠤᠯᠬᠤᠷ ᠳᠠᠪᠤᠰᠤ ᠤᠰᠤ ᠶᠢ ᠨᠢ ᠳᠠᠭᠠᠷᠠᠭᠤᠯᠵᠤ ᠴᠢᠨᠠᠵᠤ ᠢᠳᠡᠭᠦ ᠳᠤ ᠡᠳᠡᠭᠡᠳ ᠰᠠᠶᠢᠬᠠᠨ ᠠᠮᠳᠠ ᠲᠠᠢ ᠪᠠᠶᠢᠳᠠᠭ᠃      ᠰᠡᠭᠦᠵᠢ ᠭᠦᠨᠳᠡᠢ ᠶᠢᠨ ᠵᠡᠭᠦᠨ ᠡᠮᠦᠨ᠎ᠡ ᠠᠯᠳᠠᠨ ᠤᠯᠤᠰ ᠤᠨ ᠭᠢᠯᠢ ᠶᠢᠨ ᠭᠡᠷᠡᠮ ᠤᠨ ᠤᠨᠠᠭᠠᠤᠯᠢ ᠭᠤᠤ ᠶᠢᠨ ᠪᠠᠭᠤᠷᠢ ᠪᠠᠶᠢᠳᠠᠭ᠃ ᠲᠡᠤᠭᠡᠨ ᠳᠡᠭᠡᠷ᠎ᠡ ᠲᠡᠭᠦᠨ ᠢ ᠠᠯᠳᠠᠨ ᠤᠯᠤᠰ ᠤᠨ ᠭᠢᠯᠢ ᠶᠢᠨ ᠭᠡᠷᠡᠮ ᠪᠤᠶᠤ ᠴᠠᠭᠠᠨ ᠭᠡᠷᠡᠮ ᠭᠡᠳᠡᠭ᠃ ᠳᠡᠭᠦᠨ ᠤ ᠵᠡᠭᠦᠨ ᠨᠢ ᠤᠩᠨᠢᠭᠤᠳ ᠪᠠᠷᠠᠭᠤᠨ ᠲᠤᠰᠠᠯᠠᠭᠴᠢ ᠶᠢᠨ ᠤᠪᠤᠭ᠎ᠠ ᠪᠠᠶᠢᠳᠠᠭ᠃       ᠬᠠᠪᠤᠷ ᠠᠳᠡ ᠤᠴᠢᠬᠤ ᠭᠦᠮᠦᠰ ᠬᠤᠷᠴᠠ ᠤᠯᠠᠭᠠᠨ ᠴᠡᠴᠡᠭ ᠢ ᠦᠵᠡᠨ᠎ᠡ ᠭᠡᠵᠤ ᠴᠤᠪᠤᠷᠠᠯᠳᠤᠵᠤ ᠪᠠᠶᠢᠳᠠᠭ᠃ ᠳᠡᠩᠨᠡᠭᠦᠯ ᠤᠨ ᠭᠤᠤᠯ ᠤᠨ ᠵᠡᠭᠦᠨ ᠡᠮᠦᠨ᠎ᠡ ᠬᠠᠭᠤᠴᠢᠨ ᠬᠤᠷᠢᠶ᠎ᠠ ᠶᠢᠨ ᠠᠶᠢᠯ ᠤᠨ ᠡᠮᠦᠨᠡᠭᠦ ᠠᠭᠤᠯᠠᠨ ᠭᠤᠤ ᠨᠤᠭᠤᠳ ᠢᠶᠠᠷ ᠬᠠᠪᠤᠷ ᠪᠤᠯᠤᠭᠰᠠᠭᠠᠷ ᠬᠤᠷᠴᠠ ᠤᠯᠠᠭᠠᠨ ᠴᠡᠴᠡᠭ ᠠᠭᠤᠯᠠ ᠶᠢ ᠪᠦᠷᠭᠦᠨ ᠳᠡᠯᠭᠡᠷᠡᠵᠤ᠂ ᠵᠢᠷᠤᠭ ᠰᠡᠭᠦᠳᠡᠷ ᠳᠠᠳᠠᠭᠴᠢᠳ ᠤᠨ ᠲᠤᠷ᠎ᠠ ᠪᠠᠬ᠎ᠠ ᠶᠢ ᠳᠠᠳᠠᠵᠤ ᠪᠠᠶᠢᠳᠠᠭ᠃       ᠦᠨᠦ ᠠᠳᠡᠭᠢ ᠠᠭᠤᠯᠠᠨ ᠤᠷᠤᠢ ᠪᠤᠯᠭᠠᠨ ᠢᠶᠠᠷ ᠰᠠᠯᠭᠢᠨ ᠭᠦᠴᠦᠨ ᠢᠶᠠᠷ ᠴᠠᠭᠢᠯᠭᠠᠨ ᠭᠠᠷᠭᠠᠬᠤ ᠰᠠᠩᠰᠠ ᠪᠤᠰᠬᠠᠵᠤ᠂ ᠳᠡᠩᠨᠡᠭᠦᠯ ᠤᠨ ᠭᠤᠤᠯ ᠤᠨ ᠲᠠᠯ᠎ᠠ ᠨᠤᠳᠤᠭ ᠲᠤ ᠪᠠᠰᠠ ᠨᠢᠭᠡᠨ ᠦᠩᠭᠡ ᠦᠵᠡᠮᠵᠢ ᠶᠢ ᠨᠡᠮᠡᠴᠢᠵᠠᠢ᠃ ᠤᠳᠤ ᠳᠤᠬᠠᠢ ᠶᠢᠨ ᠤᠷᠤᠨ ᠤ ᠭᠦᠮᠦᠰ ᠠᠳᠡ ᠵᠤᠭᠠᠴᠠᠯ ᠤᠨ ᠦᠢᠯᠡᠰ ᠢ ᠡᠷᠭᠢᠯᠡᠨ ᠬᠤᠯᠠ ᠤᠶᠢᠷ᠎ᠠ ᠶᠢᠨ ᠵᠤᠴᠢᠳ ᠢ ᠬᠠᠯᠠᠭᠤᠨ ᠢᠶᠠᠷ ᠤᠭᠳᠤᠵᠤ ᠪᠤᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号