ᠣᠩᠨᠢᠭᠤᠳ ᠤᠨ ᠬᠤᠪᠴᠠᠰᠤ ᠵᠠᠰᠠᠯ ︵ᠨᠢᠭᠡ︶
ᠨᠡᠶᠢᠲᠡᠯᠡᠭᠰᠡᠨ ᠴᠠᠭ᠄
2017-09-08
     ᠤᠩᠨᠢᠭᠤᠳ ᠬᠤᠪᠴᠠᠰᠤ ᠵᠠᠰᠠᠯ ︵ᠨᠠᠮᠲᠠᠶᠢᠰᠦᠡᠷᠥᠩ︶      ᠤᠩᠨᠢᠭᠤᠳ ᠬᠤᠪᠴᠠᠰᠦ ᠵᠠᠰᠠᠯ ᠨᠢ ᠭᠡᠯᠪᠡᠷᠢ ᠮᠠᠶ᠋ᠢᠭ ᠪᠠ ᠤᠷᠠᠯᠢᠭ ᠤᠨ ᠲᠠᠯ᠎ᠠ ᠪᠠᠷ ᠬᠤᠷᠴᠢᠨ ᠪᠠᠭᠠᠷᠢᠨ ᠤ ᠮᠤᠩᠭᠤᠯ ᠬᠤᠪᠴᠠᠰᠦ ᠵᠠᠰᠠᠯ ᠳᠤ ᠬᠠᠷᠢᠶᠠᠯᠠᠭᠳᠠᠳᠠᠭ ᠪᠤᠯᠪᠠᠴᠤ᠂ ᠲᠡᠭᠦᠨ ᠳᠤ ᠪᠠᠰᠠ ᠦᠭᠡᠷ᠎ᠡ ᠪᠤᠰᠤᠳ ᠠᠴᠠ ᠢᠯᠠᠭᠠᠭᠳᠠᠬᠤ ᠢᠯᠡ ᠲᠤᠳᠤ ᠦᠪᠡᠷᠮᠢᠴᠡ ᠭᠡᠪ ᠨᠠᠮᠪᠠ ᠪᠠ ᠤᠨᠴᠠᠯᠢᠭ ᠲᠠᠢ ᠶᠤᠮ᠃ ᠤᠩᠨᠢᠭᠤᠳ ᠠᠶᠢᠮᠠᠭ ᠪᠤᠯ ᠴᠢᠩᠭᠢᠰ ᠬᠠᠭᠠᠨ ᠤ ᠲᠡᠭᠦᠦ ᠬᠠᠴᠢᠭᠤᠨ ᠤ ᠬᠤᠶᠢᠴᠠᠰ ᠤᠨ ᠨᠤᠶᠠᠯᠠᠯ ᠲᠤᠤᠷᠠᠭᠢ ᠴᠠᠭᠠᠨ ᠲᠦᠮᠡᠨ ᠮᠦᠨ᠃ ᠴᠢᠩᠭᠢᠰ ᠬᠠᠭᠠᠨ ᠬᠠᠴᠢᠭᠤᠨ ᠤ ᠭᠦᠪᠡᠭᠦᠨ ᠠᠯᠴᠢᠲᠠᠢ ᠨᠤᠶᠠᠨ ᠳᠤ 2000 ᠡᠷᠦᠭᠡ ᠦᠭᠴᠦ᠂ ᠪᠤᠶᠢᠷ ᠨᠠᠭᠤᠷ ᠠᠴᠠ ᠡᠮᠦᠨᠡᠭᠢ ᠤᠯᠠᠭᠠᠢ ᠭᠤᠤᠯ᠂ ᠬᠤᠯᠤᠭᠤᠷ ᠭᠤᠤᠯ ︵ᠪᠠᠯᠭᠠᠷ ᠭᠤᠤᠯ︶ ᠤᠷᠴᠢᠮ ᠤᠨ ᠨᠤᠳᠤᠭ ᠪᠡᠯᠴᠢᠭᠡᠷ ᠢ ᠬᠤᠪᠢᠶᠠᠨ ᠦᠭᠴᠠᠢ᠃ 16 ᠳ᠋ᠤᠭᠠᠷ ᠵᠠᠭᠤᠨ ᠤ ᠡᠭᠢ ᠪᠠᠷ ᠤᠩᠨᠢᠭᠤᠳ ᠠᠶᠢᠮᠠᠭ ᠤᠳᠤ ᠶᠢᠨ ᠦᠵᠦᠮᠦᠴᠢᠨ ᠤᠷᠴᠢᠮ ᠨᠤᠳᠤᠭᠯᠠᠵᠤ ᠪᠠᠶᠢᠭᠰᠠᠨ ᠢᠶᠠᠨ 17 ᠳ᠋ᠤᠭᠠᠷ ᠵᠠᠭᠤᠨ ᠤ ᠡᠭᠢᠨ ᠢᠶᠠᠷ ᠡᠮᠦᠨᠡᠰᠢᠯᠡᠵᠤ ᠰᠢᠷᠠᠮᠦᠡᠷᠢᠨ ᠤ ᠠᠷᠦ ᠪᠠᠷ ᠨᠤᠳᠤᠭᠯᠠᠵᠠᠢ᠃ ᠬᠤᠵᠢᠮ ᠨᠢ ᠴᠢᠩ ᠤᠯᠤᠰ ᠠᠴᠠ ᠤᠩᠨᠢᠭᠤᠳ ᠬᠤᠶᠠᠷ ᠬᠤᠰᠢᠭᠤ ᠶᠢ ᠪᠠᠶᠢᠭᠤᠯᠤᠭᠰᠠᠨ ᠤ ᠲᠠᠷᠠᠭ᠎ᠠ ᠰᠢᠷᠠᠮᠦᠡᠷᠢᠨ ᠤ ᠡᠮᠦᠨ᠎ᠡ ᠭᠦᠪᠡᠭᠡ ᠪᠠᠷ ᠨᠤᠳᠤᠭᠯᠠᠬᠤ ᠪᠤᠯᠵᠠᠢ᠃
    ᠤᠩᠨᠢᠭᠤᠳ ᠤᠨ ᠬᠤᠪᠴᠠᠰᠦ ᠵᠠᠰᠠᠯ ᠨᠢ ᠶᠡᠭᠡ ᠡᠷᠲᠡ ᠲᠡᠭᠡᠨ ᠲᠠᠶᠠᠭᠠᠷ ᠮᠤᠩᠭᠤᠯ ᠤᠨ ᠬᠤᠪᠴᠠᠰᠦ ᠵᠠᠰᠠᠯ ᠲᠠᠢ ᠠᠳᠠᠯᠢᠬᠠᠨ ᠪᠠᠶᠢᠭᠰᠠᠨ ᠶᠤᠮ᠃ ᠴᠢᠩ ᠤᠯᠤᠰ ᠤᠨ ᠦᠶ᠎ᠡ ᠠᠴᠠ ᠮᠠᠨᠵᠤ ᠦᠨᠳᠦᠰᠦᠳᠡᠨ ᠤ ᠨᠦᠯᠦᠭᠡ ᠪᠠᠷ ᠮᠠᠨᠵᠤ ᠮᠠᠶ᠋ᠢᠭ ᠤᠨ ᠬᠤᠪᠴᠠᠰᠦ ᠵᠠᠰᠠᠯ ᠤᠨ ᠬᠡᠯᠪᠡᠷᠢ ᠶᠢ ᠦᠪᠡᠷ ᠤᠨ ᠬᠤᠪᠴᠠᠰᠦ ᠳᠠᠭᠠᠨ ᠰᠢᠩᠭᠡᠨ ᠠᠪᠴᠤ᠂ ᠡᠷᠡᠭᠲᠠᠶᠢᠴᠤᠳ ᠨᠢ ᠤᠭᠤᠳᠤᠷ ᠤᠤᠵᠢ ︵ᠬᠠᠨᠵᠢᠶᠠᠷᠢ︶᠂ ᠡᠮᠡᠭᠲᠠᠶᠢᠴᠤᠳ ᠨᠢ ᠤᠷᠳᠤ ᠤᠤᠵᠢ ᠡᠮᠦᠰᠭᠦ ᠪᠤᠯᠵᠤ᠂ ᠲᠡᠷᠯᠢᠭ ᠢᠶᠠᠨ ᠴᠡᠭᠡᠵᠢ ᠪᠠᠷ ᠢᠶᠠᠨ ᠪᠠᠭ᠋ᠠᠨ ᠴᠢᠬᠤᠯ᠂ ᠲᠤᠤᠷ᠎ᠠ ᠪᠠᠨ ᠤᠨᠤᠭᠤ ᠲᠠᠢ ᠭᠢᠭᠦ ᠪᠤᠯᠵᠠᠢ᠃ ᠬᠤᠵᠢᠮ ᠨᠢ ᠭᠢᠳᠠᠳ ᠬᠤᠪᠴᠠᠰᠦ ᠵᠠᠰᠠᠯ ᠤᠨ ᠨᠦᠯᠦᠭᠡ ᠶᠢ ᠭᠦᠷᠳᠡᠵᠤ᠂ ᠬᠤᠪᠴᠠᠰᠦᠨ ᠤ ᠴᠢᠮᠡᠭᠯᠡᠯ ᠪᠤᠯᠬᠤ ᠬᠤᠸᠠᠷ ᠵᠢᠷᠤᠭ ᠨᠢ ᠤᠯᠠᠮ ᠨᠠᠷᠢᠯᠢᠭ ᠪᠤᠯᠵᠤ᠂ ᠬᠠᠳᠬᠤᠮᠠᠯ ᠬᠠᠳᠬᠤᠬᠤ ᠤᠷ᠎ᠠ ᠮᠡᠷᠭᠡᠵᠢᠯ ᠨᠢ ᠭᠤᠸ᠎ᠠ ᠰᠠᠶᠢᠬᠠᠨ ᠪᠤᠯᠪᠠ᠃ ᠢᠯᠠᠩᠭᠤᠶ᠎ᠠ ᠱᠠᠬᠠᠢ ᠤᠶᠤᠬᠤ ᠤᠷ᠎ᠠ ᠮᠡᠷᠭᠡᠵᠢᠯ ᠨᠢ ᠭᠢᠳᠠᠳ ᠦᠨᠳᠦᠰᠦᠳᠡᠨ ᠤ ᠭᠠᠷ ᠢᠶᠠᠷ ᠤᠶᠤᠭᠰᠠᠨ ᠬᠠᠳᠬᠤᠮᠠᠯ ᠬᠤᠸᠠᠷ ᠲᠠᠢ ᠱᠠᠬᠠᠢ ᠤᠨ ᠭᠡᠪ ᠶᠠᠩᠵᠤ ᠪᠠ ᠤᠶᠤᠳᠠᠯ ᠤᠨ ᠤᠷ᠎ᠠ ᠮᠡᠷᠭᠡᠵᠢᠯ ᠢ ᠠᠮᠢᠳᠤᠯᠢᠭ ᠢᠶᠠᠷ ᠰᠢᠩᠭᠡᠨ ᠠᠪᠴᠦ᠂ ᠦᠪᠡᠷ ᠤᠨ ᠭᠡᠪ ᠨᠠᠮᠪᠠ ᠲᠠᠢ ᠱᠠᠬᠠᠢ ᠭᠤᠳᠤᠯ ᠢ ᠡᠭᠦᠳᠦᠨ ᠪᠦᠳᠦᠭᠡᠵᠤ ᠴᠢᠳᠠᠭᠰᠠᠨ ᠪᠠᠶᠢᠨ᠎ᠠ᠃ ᠤᠩᠨᠢᠭᠤᠳ ᠬᠤᠪᠴᠠᠰᠦ ᠵᠠᠰᠠᠯ ᠢ ᠲᠤᠷᠠᠳᠬᠤ ᠳᠤ ᠠᠤᠬᠠᠨ ᠠᠶᠢᠮᠠᠭ ᠤᠨ ᠬᠤᠪᠴᠠᠰᠦ ᠵᠠᠰᠠᠯ ᠢ ᠶᠠᠷᠢᠬᠤ ᠴᠢᠬᠤᠯᠠ ᠲᠠᠢ᠃ ᠴᠢᠯᠦᠭᠡᠯᠡᠭᠳᠡᠭᠰᠡᠨ ᠤ ᠲᠠᠷᠠᠭ᠎ᠠ᠂ ᠤᠩᠨᠢᠭᠤᠳ ᠵᠡᠭᠦᠨ ᠭᠠᠷᠤᠨ ᠬᠤᠰᠢᠭᠤ ᠪᠠ ᠠᠤᠬᠠᠨ ᠵᠡᠭᠦᠨ ᠭᠠᠷᠤᠨ ᠬᠤᠰᠢᠭᠤ ᠪᠤᠯᠤᠨ ᠪᠤᠷᠤᠬᠤᠳᠠ ᠰᠢᠶᠠᠨ ᠢ ᠨᠡᠶᠢᠯᠡᠭᠦᠯᠵᠤ ᠨᠢᠭᠡᠯᠡ ᠤᠩᠨᠢᠭᠤᠳ ᠬᠤᠰᠢᠭᠤ ᠪᠤᠯᠭᠠᠨ ᠪᠠᠶᠢᠭᠤᠯᠤᠭᠰᠠᠨ ᠶᠤᠮ᠃ ᠠᠤᠬᠠᠨ ᠪᠠᠭᠠᠷᠢᠨ ᠤ ᠬᠤᠪᠴᠠᠰᠦ ᠵᠠᠰᠠᠯ ᠨᠢ ᠤᠤᠯ ᠠᠴᠠ ᠪᠠᠨ ᠠᠳᠠᠯᠢᠪᠳᠤᠷ ᠪᠠᠶᠢᠭᠰᠠᠨ ᠶᠤᠮ᠃ ᠦᠨᠦ ᠤᠩᠨᠢᠭᠤᠳ ᠠᠤᠬᠠᠨ ᠨᠢᠭᠡ ᠬᠤᠰᠢᠭᠤ ᠪᠤᠯᠤᠭᠰᠠᠨ ᠤ ᠰᠡᠭᠦᠯᠡᠷ᠂ ᠬᠤᠪᠴᠠᠰᠦ ᠵᠠᠰᠠᠯ ᠨᠢ ᠤᠯᠠᠮ ᠢᠵᠢᠯᠰᠢᠨ ᠨᠢᠭᠡᠳᠴᠤ ᠦᠨᠳᠦᠰᠦᠨ ᠲᠡᠭᠡᠨ ᠢᠯᠭᠠᠭ᠎ᠠ ᠦᠭᠡᠢ ᠪᠤᠯᠪᠠ᠃    ᠨᠢᠭᠡ᠂ ᠤᠩᠨᠢᠭᠤᠳ ᠬᠤᠪᠴᠠᠰᠦ ᠵᠠᠰᠠᠯ ᠤᠨ ᠲᠦᠷᠦᠯ ᠵᠦᠢᠯ    ᠤᠩᠨᠢᠭᠤᠳ ᠬᠤᠪᠴᠠᠰᠤ ᠵᠠᠰᠠᠯ ᠢ ᠡᠩ ᠤᠨ ᠬᠤᠪᠴᠠᠰᠤ ᠵᠠᠰᠠᠯ᠂ ᠦᠩᠭᠡ ᠶᠢᠨ ︵ᠲᠦᠷᠦ ᠶᠢᠨ︶ ᠬᠤᠪᠴᠠᠰᠤ ᠵᠠᠰᠠᠯ ᠭᠡᠵᠤ ᠬᠤᠶᠠᠷ ᠶᠡᠭᠡ ᠲᠦᠷᠦᠯ ᠬᠤᠪᠢᠶᠠᠵᠤ ᠪᠤᠯᠤᠨ᠎ᠠ᠃ ᠪᠠᠰᠠ ᠪᠦᠰᠡᠲᠠᠢ ᠭᠦᠮᠦᠨ ᠤ ᠬᠤᠪᠴᠠᠰᠦ ᠵᠠᠰᠠᠯ᠂ ᠪᠦᠰᠡᠭᠦᠢ ᠭᠦᠮᠦᠨ ᠤ ᠬᠤᠪᠴᠠᠰᠤ ᠵᠠᠰᠠᠯ᠂ ᠪᠡᠶ᠎ᠡ ᠭᠦᠢᠴᠡᠭᠰᠡᠨ ᠬᠡᠤᠬᠡᠨᠴᠤᠳ ᠤᠨ ᠬᠤᠪᠴᠠᠰᠤ ᠵᠠᠰᠠᠯ᠂ ᠰᠢᠨ᠎ᠡ ᠭᠦᠷᠭᠡᠨ ᠰᠢᠨ᠎ᠡ ᠪᠡᠷᠢ ᠶᠢᠨ ᠬᠤᠪᠴᠠᠰᠤ ᠵᠠᠰᠠᠯ᠂ ᠡᠷᠡᠭᠲᠠᠢ ᠡᠮᠡᠭᠲᠠᠢ ᠬᠤᠬᠡᠳ ᠤᠨ ᠬᠤᠪᠴᠠᠰᠤ ᠵᠠᠰᠠᠯ ᠭᠡᠵᠤ ᠬᠤᠪᠢᠶᠠᠵᠤ ᠪᠤᠯᠤᠨ᠎ᠠ᠃ ᠡᠭᠦᠨ ᠠᠴᠠ ᠭᠠᠳᠠᠨ᠎ᠠ ᠪᠦᠭᠡᠴᠢᠨ ᠤ ᠬᠤᠪᠴᠠᠰᠤ ᠵᠠᠰᠠᠯ᠂ ᠯᠠᠮᠠ ᠨᠠᠷ ᠤᠨ ᠬᠤᠪᠴᠠᠰᠤ ᠵᠠᠰᠠᠯ᠂ ᠨᠦᠭᠴᠡᠭᠰᠡᠳ ᠤᠨ ᠮᠦᠩᠭᠡᠳᠡ ᠶᠢᠨ ᠬᠤᠪᠴᠠᠰᠤ ᠵᠠᠰᠠᠯ ᠭᠡᠵᠤ ᠪᠠᠶᠢᠳᠠᠭ ᠪᠤᠯᠪᠠᠴᠤ ᠭᠤᠤᠯ ᠬᠤᠪᠴᠠᠰᠤ ᠵᠠᠰᠠᠯ ᠳᠤ ᠤᠷᠤᠬᠤ ᠦᠭᠡᠢ ᠶᠤᠮ᠃ ᠡᠶᠢᠮᠦ ᠠᠴᠠ ᠠᠳᠡ ᠨᠠᠷᠢᠨ ᠲᠠᠨᠢᠯᠴᠠᠭᠤᠯᠬᠤ ᠦᠭᠡᠢ᠃ ᠪᠦᠰᠡᠲᠠᠢ ᠡᠷᠡᠭᠲᠠᠢ ᠭᠦᠮᠦᠨ ᠤ ᠲᠦᠷᠪᠡᠨ ᠤᠯᠠᠷᠢᠯ ᠤᠨ ᠬᠤᠪᠴᠠᠰᠤ ᠳᠤ ᠠᠳᠠᠯᠢ ᠪᠤᠰᠤ ᠭᠡᠯᠪᠡᠷᠢ ᠶᠢᠨ ᠴᠠᠭᠠᠨ᠂ ᠭᠦᠭᠡ᠂ ᠴᠡᠩᠭᠡᠷ ᠵᠡᠷᠭᠡ ᠦᠩᠭᠡ ᠶᠢᠨ ᠦᠨᠳᠦᠷ ᠤᠭᠳᠤᠷ ᠬᠤᠪᠴᠠᠰᠤ᠂ ᠲᠠᠷᠦᠢ ᠲᠡᠷᠯᠢᠭ᠂ ᠲᠡᠪᠡᠯ᠂ ᠴᠠᠮᠴᠠ᠂ ᠫᠠᠩᠬᠤ ︵ᠭᠦᠪᠦᠩ ᠲᠡᠷᠯᠢᠭ︶᠂ ᠤᠯᠤᠩᠲᠠᠢ᠂ ᠬᠠᠨᠳᠠᠭᠠᠰᠤ᠂ ᠬᠠᠨᠵᠢᠶᠠᠷᠢ ᠵᠡᠷᠭᠡ ᠪᠠᠶᠢᠳᠠᠭ᠃ ᠦᠮᠦᠳᠦ ᠳᠤ ᠨᠢ ᠠᠷᠤ ᠦᠪᠦᠷ ᠨᠢ ᠢᠯᠭᠠᠭ᠎ᠠ ᠦᠭᠡᠢ ᠦᠨᠳᠦᠷ ᠵᠠᠬ᠎ᠠ ᠲᠠᠢ᠂ ᠠᠭᠤᠵᠢᠮ ᠠᠯᠠ ᠲᠠᠢ᠂ ᠱᠤᠪᠳᠤᠩ ᠰᠢᠬᠤᠨᠠᠭ ᠲᠠᠢ ᠠᠷᠠᠰᠤᠨ ᠦᠮᠦᠳᠦ᠂ ᠭᠦᠪᠦᠩ ᠦᠮᠦᠳᠦ᠂ ᠲᠠᠩ ᠦᠮᠦᠳᠦ᠂ ᠵᠢᠶᠠ ᠦᠮᠦᠳᠦ ᠪᠠ ᠲᠤᠤᠬᠤ ᠦᠮᠦᠳᠦ ᠪᠠᠶᠢᠵᠤ ᠪᠠᠶᠢᠭᠰᠠᠨ ᠢᠶᠠᠨ ᠦᠨᠦ ᠪᠤᠯ ᠤᠳᠤ ᠮᠠᠶ᠋ᠢᠭ ᠤᠨ ᠦᠮᠦᠳᠦ ᠪᠤᠯᠵᠤ ᠬᠤᠪᠢᠷᠠᠵᠠᠢ᠃ ᠭᠤᠳᠤᠯ ᠳᠤ ᠨᠢ ᠪᠤᠯᠢᠭᠠᠷᠢᠨ ᠭᠤᠳᠤᠯ᠂ ᠠᠷᠠᠰᠤᠨ ᠭᠤᠳᠤᠯ᠂ ᠢᠰᠡᠭᠡᠢ ᠭᠤᠳᠤᠯ᠂ ᠪᠦᠰ ᠭᠤᠳᠤᠯ ᠪᠠᠶᠢᠳᠠᠭ᠃ ᠪᠦᠰ ᠭᠤᠳᠤᠯ ᠢ ᠪᠠᠰᠠ ᠤᠯᠭᠤᠢ ᠭᠤᠳᠤᠯ᠂ ᠤᠷᠢᠶᠠᠮᠠᠯ ᠭᠤᠳᠤᠯ᠂ ᠰᠡᠶᠢᠯᠡᠭᠦᠷ ᠲᠠᠢ ᠭᠤᠳᠤᠯ᠂ ᠭᠦᠷᠭᠡᠯᠡᠭᠦ ᠭᠤᠳᠤᠯ᠂ ᠲᠤᠮᠤᠭ ᠲᠠᠢ ᠭᠤᠳᠤᠯ᠂ ᠭᠡᠵᠤ ᠤᠯᠠᠨ ᠵᠦᠢᠯ ᠬᠤᠪᠢᠶᠠᠳᠠᠭ᠃ ᠱᠠᠬᠠᠢ ᠶᠢ ᠪᠠᠰᠠ ᠠᠷᠠᠰᠤᠨ ᠱᠠᠬᠠᠢ᠂ ᠪᠦᠰ ᠱᠠᠬᠠᠢ᠂ ᠭᠡᠵᠤ ᠬᠤᠪᠢᠶᠠᠨ᠎ᠠ᠃ ᠪᠦᠰ ᠱᠠᠬᠠᠢ ᠶᠢ ᠤᠶᠤᠭᠰᠠᠨ ᠤᠶᠤᠳᠠᠯ ᠢᠶᠠᠷ ᠨᠢ ᠤᠷᠢᠶᠠᠮᠠᠯ ᠱᠠᠬᠠᠢ᠂ ᠰᠡᠶᠢᠯᠡᠭᠦᠷ ᠲᠠᠢ ᠱᠠᠬᠠᠢ᠂ ᠤᠯᠭᠤᠢ ᠱᠠᠬᠠᠢ ᠭᠡᠵᠤ ᠬᠤᠪᠢᠶᠠᠨ᠎ᠠ᠃ ᠡᠰᠭᠢᠵᠤ ᠵᠤᠭᠢᠶᠠᠭᠰᠠᠨ ᠭᠡᠯᠪᠡᠷᠢ ᠪᠠᠷ ᠨᠢ ᠵᠠᠯᠭᠠᠭᠤᠷ ᠲᠠᠢ ᠱᠠᠬᠠᠢ᠂ ᠬᠠᠮ᠎ᠠ ᠱᠠᠬᠠᠢ᠂ ᠱᠤᠩᠬᠤ ᠬᠤᠩᠰᠢᠶᠠᠷ ᠲᠠᠢ ᠱᠠᠬᠠᠢ ᠭᠡᠭᠦ ᠵᠡᠷᠭᠡ ᠪᠠᠷ ᠬᠤᠪᠢᠶᠠᠨ᠎ᠠ᠃ ᠭᠤᠳᠤᠯ ᠢ ᠪᠠᠰᠠ ᠬᠠᠮ᠎ᠠ ᠭᠤᠳᠤᠯ᠂ ᠡᠭᠡᠳᠡᠩ ᠭᠤᠳᠤᠯ᠂ ᠱᠤᠩᠬᠤ ᠬᠤᠩᠰᠢᠶᠠᠷ ᠲᠠᠢ ᠭᠤᠳᠤᠯ᠂ ᠵᠠᠯᠭᠠᠭᠤᠷ ᠲᠠᠢ ᠭᠤᠳᠤᠯ ᠭᠡᠵᠤ ᠬᠤᠪᠢᠶᠠᠨ᠎ᠠ᠃ ᠬᠤᠭᠡᠳ ᠤᠨ ᠱᠠᠬᠠᠢ ᠳᠤ ᠪᠠᠷᠰ ᠱᠠᠬᠠᠢ᠂ ᠮᠤᠤᠷ ᠱᠠᠬᠠᠢ ᠭᠡᠵᠤ ᠪᠠᠶᠢᠳᠠᠭ᠃ ᠤᠶᠢᠮᠤᠰᠤ ᠳᠤ ᠨᠢ ᠢᠰᠡᠭᠡᠢ ᠤᠶᠢᠮᠤᠰᠤ᠂ ᠭᠦᠪᠦᠩ ᠤᠶᠢᠮᠤᠰᠤ᠂ ᠵᠢᠶᠠ ᠤᠶᠢᠮᠤᠰᠤ᠂ ᠨᠤᠤᠰᠤᠨ ᠤᠳᠠᠰᠤᠨ ᠤᠶᠢᠮᠤᠰᠤ᠂ ᠤᠳᠠᠰᠤᠨ ᠤᠶᠢᠮᠤᠰᠤ ᠭᠡᠵᠤ ᠪᠠᠶᠢᠳᠠᠭ᠃ ᠮᠠᠯᠠᠭᠠᠢ ᠳᠤ ᠨᠢ ᠦᠨᠡᠭᠡᠨ ᠠᠷᠠᠰᠤᠨ ᠮᠠᠯᠠᠭᠠᠢ᠂ ᠢᠰᠡᠭᠡᠢ ᠲᠤᠭᠤᠷᠴᠤᠭ᠂ ᠬᠤᠷᠠᠭᠠᠨ ᠠᠷᠠᠰᠤ ᠪᠤᠶᠤ ᠬᠠᠷ᠎ᠠ ᠦᠭᠡᠳᠡᠩ ᠬᠠᠳᠠᠭᠰᠠᠨ ᠲᠦᠭᠦᠷᠢᠭ ᠮᠠᠯᠠᠭᠠᠢ᠂ ᠯᠢᠮᠤᠤ ᠮᠠᠯᠠᠭᠠᠢ᠂ ᠰᠡᠭᠦᠪᠴᠡᠳᠦ ᠰᠠᠷᠠᠪᠴᠢ ᠲᠠᠢ ᠲᠦᠭᠦᠷᠢᠭ ᠮᠠᠯᠠᠭᠠᠢ᠂ ᠪᠦᠷᠭᠦ ᠮᠠᠯᠠᠭᠠᠢ᠂ ᠵᠠᠩᠵᠤᠨ ᠮᠠᠯᠠᠭᠠᠢ᠂ ᠮᠠᠬᠤᠵᠠ ᠮᠠᠯᠠᠭᠠᠢ ᠪᠠᠶᠢᠳᠠᠭ᠃ ᠪᠦᠰᠡᠭᠦᠢ ᠡᠮᠡᠭᠲᠠᠢ ᠭᠦᠮᠦᠨ ᠤ ᠲᠦᠷᠪᠡᠨ ᠤᠯᠠᠷᠢᠯ ᠤᠨ ᠬᠤᠪᠴᠠᠰᠤ ᠵᠠᠰᠠᠯ ᠨᠢ ᠭᠢᠯᠠᠰᠤᠮ᠎ᠠ ᠰᠠᠶᠢᠬᠠᠨ ᠪᠠᠶᠢᠳᠠᠭ᠃ ᠤᠩᠨᠢᠭᠤᠳ ᠡᠮᠡᠭᠲᠠᠶᠢᠴᠤᠳ ᠭᠦᠭᠡ᠂ ᠴᠡᠩᠭᠡᠷ᠂ ᠨᠤᠭᠤᠭᠠᠨ᠂ ᠬᠤᠨᠳᠠᠨ᠂ ᠴᠠᠭᠠᠨ ᠦᠩᠭᠡ ᠲᠠᠢ ᠮᠠᠩᠨᠤᠭ ᠲᠡᠪᠡᠯ ᠪᠠ ᠪᠦᠰ ᠪᠤᠶᠤ ᠲᠤᠷᠭᠠᠨ ᠲᠡᠷᠯᠢᠭ ᠡᠮᠦᠰᠴᠦ᠂ ᠭᠠᠳᠠᠭᠤᠷ ᠨᠢ ᠬᠤᠸᠠᠷ ᠴᠡᠴᠡᠭ ᠬᠠᠳᠬᠤᠮᠠᠯᠯᠠᠭᠰᠠᠨ ᠬᠠᠷ᠎ᠠ ᠲᠤᠷᠭᠠᠨ ᠤᠷᠳᠤ ᠤᠤᠵᠢ ᠲᠠᠪᠬᠤᠷᠯᠠᠨ ᠡᠮᠦᠰᠳᠡᠭ᠃ ᠪᠦᠰᠡᠭᠦᠢ ᠭᠦᠮᠦᠨ ᠤ ᠬᠤᠪᠴᠠᠰᠤ ᠳᠤ ᠲᠡᠷᠯᠢᠭ ᠠᠴᠠ ᠭᠠᠳᠠᠨ᠎ᠠ ᠠᠷᠠᠰᠤᠨ ᠲᠡᠪᠡᠯ᠂ ᠵᠢᠶᠠ ᠴᠠᠮᠴᠠ᠂ ᠫᠠᠩᠬᠤ ︵ᠭᠦᠪᠤᠩ ᠲᠡᠷᠯᠢᠭ︶᠂ ᠬᠠᠨᠳᠠᠭᠠᠰᠤ᠂ ᠬᠠᠨᠵᠢᠶᠠᠷᠢ ᠵᠡᠷᠭᠡ ᠪᠠᠶᠢᠳᠠᠭ᠃ ᠪᠦᠰᠡᠭᠦᠢ ᠭᠦᠮᠦᠨ ᠤ ᠦᠮᠦᠳᠦ ᠨᠢ ᠪᠦᠰᠡᠳᠠᠢ ᠭᠦᠮᠦᠨ ᠤ ᠬᠢ ᠲᠠᠢ ᠦᠨᠳᠦᠰᠦᠨ ᠲᠡᠭᠡᠨ ᠠᠳᠠᠯᠢ᠃ ᠦᠮᠦᠳᠦ ᠨᠢ ᠠᠷᠠᠰᠤᠨ ᠦᠮᠦᠳᠦ᠂ ᠤᠳᠠᠮᠠᠯ ᠠᠷᠠᠰᠤᠨ ᠦᠮᠦᠳᠦ᠂ ᠭᠦᠳᠡᠰᠤᠨ ᠠᠷᠠᠰᠤᠨ ᠦᠮᠦᠳᠦ᠂ ᠭᠦᠪᠦᠩ ᠦᠮᠦᠳᠦ᠂ ᠨᠤᠤᠰᠤᠨ ᠦᠮᠦᠳᠦ᠂ ᠵᠢᠶᠠ ᠦᠮᠦᠳᠦ᠂ ᠲᠠᠩ ᠦᠮᠦᠳᠦ ᠵᠡᠷᠭᠡ ᠪᠠᠶᠢᠳᠠᠭ᠃ ᠡᠮᠡᠭᠳᠠᠢ ᠭᠦᠮᠦᠨ ᠤ ᠭᠤᠳᠤᠯ ᠱᠠᠬᠠᠢ ᠶᠢᠨ ᠦᠨᠳᠦᠰᠦᠨ ᠭᠡᠯᠪᠡᠷᠢ ᠨᠢ ᠡᠷᠡᠭᠳᠠᠢ ᠭᠦᠮᠦᠨ ᠤ ᠬᠢ ᠲᠠᠢ ᠠᠳᠠᠯᠢ ᠶᠤᠮ᠃ ᠢᠯᠠᠭᠠᠭ᠎ᠠ ᠨᠢ ᠭᠡᠷᠡᠭᠯᠡᠭᠰᠡᠨ ᠮᠠᠲ᠋ᠧᠷᠢᠶᠠᠯ ᠪᠤᠯᠤᠨ ᠤᠶᠤᠭᠰᠠᠨ ᠤᠶᠤᠳᠠᠯ ᠳᠤ ᠨᠢ ᠪᠠᠶᠢᠳᠠᠭ᠃ ᠡᠮᠡᠭᠲᠠᠢ ᠭᠦᠮᠦᠨ ᠤ ᠭᠤᠳᠤᠯ ᠳᠤ ᠬᠠᠮ᠎ᠠ ᠭᠤᠳᠤᠯ᠂ ᠱᠤᠩᠬᠤ ᠭᠤᠳᠤᠯ ᠵᠡᠷᠭᠡ ᠪᠠᠶᠢᠵᠤ᠂ ᠭᠤᠳᠤᠯ ᠲᠡᠭᠡᠷ᠎ᠡ ᠪᠠᠨ ᠤᠷᠢᠶᠠᠮᠠᠯ ᠤᠷᠢᠶᠠᠬᠤ ᠪᠤᠶᠤ ᠬᠠᠳᠬᠤᠮᠠᠯ ᠬᠠᠳᠬᠤᠮᠠᠯᠯᠠᠵᠤ᠂ ᠤᠭᠠᠯᠵᠠ ᠬᠤᠸᠠᠷ ᠢ ᠤᠷᠠᠯᠠᠨ ᠤᠶᠤᠳᠠᠭ᠃ ᠪᠦᠰᠭᠦ᠋ᠢᠴᠤᠳ ᠪᠠᠰᠠ ᠰᠡᠶᠢᠯᠡᠭᠦᠷ ᠲᠠᠢ ᠭᠤᠳᠤᠯ ᠡᠮᠦᠰᠳᠡᠭ᠃ ᠪᠦᠰᠭᠦ᠋ᠢᠴᠤᠳ ᠵᠤᠨ ᠳᠠᠭᠠᠨ ᠬᠤᠸᠠᠷ ᠲᠠᠢ ᠱᠠᠬᠠᠢ ᠡᠮᠦᠰᠳᠡᠭ᠃ ᠤᠩᠨᠢᠭᠤᠳ ᠡᠮᠡᠭᠲᠢᠴᠤᠳ ᠭᠤᠳᠤᠯ ᠱᠠᠬᠠᠢ ᠳᠠᠭᠠᠨ ᠡᠯ᠎ᠡ ᠵᠦᠢᠯ ᠤ ᠠᠷᠢᠶᠠᠳᠠᠨ ᠭᠦᠷᠦᠭᠡᠰᠦ᠂ ᠴᠡᠴᠡᠭ ᠬᠤᠸᠠᠷ ᠪᠤᠯᠤᠨ ᠭᠡ ᠤᠭᠠᠯᠵᠠ ᠶᠢ ᠡᠪ ᠲᠦᠢᠲᠠᠢ ᠮᠢᠷᠠᠯᠵᠢᠳᠠᠯ᠎ᠠ ᠰᠠᠶᠢᠬᠠᠨ ᠬᠠᠳᠬᠤᠮᠠᠯᠯᠠᠨ ᠤᠶᠤᠳᠠᠭ᠃ ᠪᠦᠰᠡᠭᠦᠢ ᠭᠦᠮᠦᠨ ᠤ ᠡᠨᠦᠰᠭᠦ ᠤᠶᠢᠮᠤᠰᠤ ᠨᠢ ᠪᠦᠰᠡᠲᠠᠢ ᠭᠦᠮᠦᠨ ᠲᠠᠢ ᠦᠨᠳᠦᠰᠦᠨ ᠳᠤ ᠪᠠᠨ ᠠᠳᠠᠯᠢ᠃ ᠪᠦᠰᠡᠭᠦᠢ ᠭᠦᠮᠦᠨ ᠲᠤᠯᠤᠭᠠᠢ ᠳᠠᠭᠠᠨ ᠬᠤᠶᠠᠷ ᠤᠭ ᠪᠤᠭᠤᠵᠤ᠂ ᠲᠠᠳᠠᠭᠤᠷ ᠲᠠᠳᠠᠨ᠂ ᠬᠠᠳᠬᠤᠭᠤᠷ ᠬᠠᠳᠬᠤᠨ᠂ ᠤᠨᠵᠢᠯᠭ᠎ᠠ ᠵᠡᠭᠦᠵᠤ᠂ ᠠᠯᠴᠢᠭᠤᠷ ᠤᠷᠢᠶᠠᠨ᠂ ᠴᠢᠭᠢᠨ ᠳᠤ ᠪᠠᠨ ᠰᠦᠢᠭᠡ ᠵᠡᠭᠦᠨ᠎ᠡ᠃ ᠡᠪᠤᠯ ᠪᠤᠯ ᠲᠤᠯᠤᠭᠠᠢ ᠳᠤ ᠪᠠᠨ ᠦᠨᠡᠭᠡᠨ ᠠᠷᠠᠰᠤ ᠲᠠᠢ ᠂ ᠬᠠᠳᠬᠤᠮᠠᠯ ᠬᠤᠸᠠᠷ ᠲᠠᠢ ᠴᠢᠭᠢᠪᠴᠢ ᠪᠤᠶᠤ ᠦᠨᠡᠭᠡᠨ ᠠᠷᠠᠰᠤᠨ ᠮᠠᠯᠠᠭᠠᠢ ᠵᠠᠭᠦᠳᠡᠭ᠃ ᠲᠤᠯᠠᠭᠠᠨ ᠴᠠᠭ ᠲᠤ ᠡᠮᠡᠭᠲᠠᠶᠢᠴᠤᠳ ᠱᠢᠷᠦᠨ ᠮᠠᠯᠠᠭᠠᠢ᠂ ᠲᠤᠭᠤᠢ ᠮᠠᠯᠠᠭᠠᠢ᠂ ᠨᠠᠷᠠᠨ ᠮᠠᠯᠠᠭᠠᠢ ᠵᠡᠷᠭᠡ ᠶᠢ ᠲᠤᠯᠤᠭᠠᠢ ᠳᠠᠭᠠᠨ ᠵᠡᠭᠦᠳᠡᠭ᠃ ᠬᠡᠦᠬᠡᠨ ᠭᠦᠮᠦᠨ ᠤ ᠬᠤᠪᠴᠠᠰᠤ ᠬᠤᠨᠢᠷ ᠨᠢ ᠵᠠᠯᠠᠭᠤ ᠪᠦᠰᠡᠭᠦᠢ ᠭᠦᠮᠦᠨ ᠤ ᠬᠢ ᠲᠠᠢ ᠨᠡᠯᠢᠶᠡᠳ ᠲᠦᠰᠦᠭᠡᠲᠠᠢ᠃ ᠭᠤᠤᠯ ᠢᠯᠭᠠᠭ᠎ᠠ ᠨᠢ ᠬᠡᠦᠬᠡᠨ ᠭᠦᠮᠦᠨ ᠪᠤᠯ ᠪᠦᠰᠡ ᠪᠦᠰᠡᠯᠡᠵᠤ᠂ ᠪᠦᠰᠡᠭᠦᠢ ᠭᠦᠮᠦᠨ ᠪᠤᠯ ᠪᠦᠰᠡ ᠪᠦᠰᠡᠯᠡᠳᠡᠭ ᠦᠭᠡᠢ ᠪᠠᠶᠢᠵᠠᠢ᠃ ᠴᠢᠯᠦᠭᠡᠯᠡᠭᠳᠡᠭᠰᠡᠨ ᠤ ᠲᠠᠷᠠᠭ᠎ᠠ ᠪᠦᠰᠡᠭᠦ᠋ᠢᠴᠤᠳ ᠴᠤ ᠪᠦᠰᠡ ᠪᠦᠰᠡᠯᠡᠭᠦ ᠪᠤᠯᠪᠠ᠃ ᠬᠡᠦᠬᠡᠨ ᠭᠦᠮᠦᠨ ᠠᠷᠤᠨᠰᠢ ᠪᠠᠨ ᠭᠠᠭᠴᠠ ᠭᠡᠵᠢᠭᠡ ᠭᠦᠷᠦᠵᠤ᠂ ᠵᠤᠯᠠᠢ ᠲᠡᠭᠡᠭᠦᠷ ᠢᠶᠠᠨ ᠲᠠᠩ ᠱᠢᠷᠦᠨ ᠲᠠᠳᠠᠭᠤᠷ ᠳᠠᠳᠠᠵᠤ᠂ ᠲᠤᠯᠤᠭᠠᠢ ᠳᠠᠭᠠᠨ ᠪᠤᠯᠭ᠎ᠠ ᠬᠠᠯᠢᠭᠤ ᠬᠤᠷᠠᠭᠠᠨ ᠦᠰᠦ ᠬᠠᠳᠠᠭᠰᠠᠨ ᠬᠤᠷᠭᠤᠢ ᠭᠦᠪᠦᠭᠡ ᠲᠠᠢ ᠢᠰᠡᠭᠡᠢ ᠲᠤᠭᠤᠷᠴᠤᠭ ᠵᠠᠭᠦᠵᠤ᠂ ᠡᠩᠭᠡᠷ ᠤᠨ ᠲᠤᠪᠴᠢᠨ ᠠᠴᠠ ᠪᠠᠨ ᠬᠠᠳᠬᠤᠮᠠᠯ ᠬᠤᠸᠠᠷ ᠲᠠᠢ ᠪᠦᠭᠡᠷᠡᠨ ᠬᠤᠪᠳᠠᠭ᠎ᠠ ᠵᠡᠭᠦᠵᠤ᠂ ᠳᠤᠳᠤᠷ᠎ᠠ ᠨᠢ ᠦᠨᠦᠷᠳᠦ ᠡᠪᠡᠰᠦ ᠭᠢᠳᠡᠭ᠃ ᠬᠡᠦᠬᠡᠨ ᠭᠦᠮᠦᠨ ᠠᠷᠪᠠᠨ ᠬᠤᠶᠠᠷ ᠠᠴᠠ ᠡᠮᠦᠨ᠎ᠡ ᠪᠤᠯ ᠲᠠᠪ ᠭᠡᠵᠢᠭᠡ ᠲᠠᠯᠪᠢᠵᠤ ᠪᠠᠶᠢᠵᠠᠢ᠃ ᠤᠩᠨᠢᠭᠤᠳ ᠬᠤᠭᠡᠳ ᠤᠨ ᠬᠤᠪᠴᠠᠰᠦ ᠵᠠᠰᠠᠯ ᠳᠤ ᠡᠯᠢᠭᠡᠪᠴᠢ᠂ ᠪᠠᠷᠢᠨᠳᠠᠭ᠂ ᠠᠯᠠ ᠲᠠᠢ ᠦᠮᠦᠳᠦ᠂ ᠲᠡᠷᠯᠢᠭ᠂ ᠫᠠᠩᠬᠤ᠂ ᠪᠦᠰ ᠭᠤᠳᠤᠯ᠂ ᠪᠦᠰ ᠱᠠᠬᠠᠢ ᠪᠠᠶᠢᠨ᠎ᠠ᠃ ᠪᠢᠴᠢᠬᠠᠨ ᠬᠡᠦᠬᠡᠨ ᠳᠤ ᠲᠤᠯᠤᠭᠠᠢ ᠳᠤ ᠨᠢ ᠲᠤᠷᠭᠠᠨ ᠠᠯᠴᠢᠭᠤᠷ ᠲᠠᠯᠪᠢᠨ ᠦᠭᠴᠦ᠂ ᠡᠪᠤᠯ ᠪᠤᠯ ᠴᠢᠭᠢᠲᠠᠢ ᠮᠠᠯᠠᠭᠠᠢ ᠵᠡᠭᠦᠯᠭᠡᠳᠡᠭ᠃ ᠭᠦᠦ ᠭᠦᠮᠦᠨ ᠳᠤ ᠡᠪᠤᠯ ᠪᠤᠯ ᠴᠢᠭᠢᠲᠠᠢ ᠮᠠᠯᠠᠭᠠᠢ᠂ ᠲᠤᠭᠤᠷᠴᠤᠭ ᠵᠡᠭᠦᠯᠭᠡᠵᠤ᠂ ᠵᠤᠨ ᠪᠤᠯ ᠰᠠᠷᠠᠪᠴᠢᠳᠤ ᠲᠦᠭᠦᠷᠢᠭ ᠮᠠᠯᠠᠭᠠᠢ ᠵᠡᠭᠦᠯᠭᠡᠳᠡᠭ᠃     ᠬᠤᠶᠠᠷ᠂ ᠤᠩᠨᠢᠭᠤᠳ ᠬᠤᠪᠴᠠᠰᠤ ᠵᠠᠰᠠᠯ ᠤᠨ ᠤᠨᠴᠠᠯᠢᠭ     ᠤᠩᠨᠢᠭᠤᠳ ᠬᠤᠪᠴᠠᠰᠤ ᠵᠠᠰᠠᠯ ᠨᠢ ᠬᠤᠷᠴᠢᠨ ᠪᠠᠭᠠᠷᠢᠨ ᠤ ᠬᠤᠪᠴᠠᠰᠤ ᠵᠠᠰᠠᠯ ᠳᠤ ᠬᠠᠷᠢᠶᠠᠯᠠᠭᠳᠠᠳᠠᠭ ᠪᠤᠯᠪᠠᠴᠤ ᠪᠤᠰᠤᠳ ᠬᠤᠰᠢᠭᠤ ᠨᠤᠳᠤᠭ ᠠᠴᠠ ᠢᠯᠡ ᠲᠤᠳᠤ ᠢᠯᠠᠭᠠᠭᠳᠠᠬᠤ ᠦᠪᠡᠷᠮᠢᠴᠡ ᠤᠨᠴᠠᠯᠢᠭ ᠲᠠᠢ ᠶᠤᠮ᠃ 1 ᠂ ᠡᠷᠡᠭᠲᠠᠢ ᠡᠮᠡᠭᠲᠠᠢ᠂ ᠭᠦᠭᠰᠢᠨ ᠵᠠᠯᠠᠭᠤ ᠶᠢᠨ ᠢᠯᠠᠭᠠᠯ ᠢᠯᠡ ᠲᠤᠳᠤ᠃ ᠵᠠᠯᠠᠭᠤᠴᠤᠳ ᠪᠤᠯ ᠬᠤᠷᠴᠠ ᠰᠤᠷᠭᠤᠭ ᠦᠩᠭᠡ ᠶᠢᠨ ᠲᠤᠷᠭ᠎ᠠ ᠲᠤᠷᠳᠠᠩ᠂ ᠦᠭᠡᠳᠡᠩ ᠢ ᠰᠤᠩᠭᠤᠨ ᠬᠤᠪᠴᠠᠰᠤ ᠭᠢᠳᠡᠭ᠃ ᠨᠠᠰᠤᠲᠠᠶᠢᠴᠤᠳ ᠪᠤᠯ ᠲᠠᠷᠤᠤ ᠪᠤᠷᠤᠭᠵᠢᠭᠤᠨ ᠦᠩᠭᠡ ᠶᠢ ᠰᠤᠩᠭᠤᠵᠤ ᠬᠤᠪᠴᠠᠰᠤ ᠭᠢᠳᠡᠭ᠃ 2᠂ ᠪᠦᠰᠡ ᠪᠦᠰᠡᠯᠡᠭᠦ ᠲᠡᠭᠡᠨ ᠵᠠᠯᠠᠭᠤᠴᠤᠳ ᠪᠤᠯ ᠲᠤᠷᠭ᠎ᠠ ᠲᠤᠷᠳᠠᠩ᠂ ᠴᠢᠰᠴᠡᠦ ᠪᠦᠰᠡ ᠪᠦᠰᠡᠯᠡᠨ᠂ ᠠᠷᠤ ᠨᠢᠷᠤᠭᠤᠨ ᠳᠠᠭᠠᠨ ᠴᠠᠴᠤᠭ ᠭᠠᠷᠭᠠᠳᠠᠭ᠃ ᠨᠠᠰᠤᠲᠠᠶᠢᠴᠤᠳ ᠪᠤᠯ ᠵᠢᠶᠠᠨᠴᠠᠤ ᠪᠦᠰᠡ ᠪᠦᠰᠡᠯᠡᠵᠤ᠂ ᠴᠠᠴᠤᠭ ᠭᠠᠷᠭᠠᠳᠠᠭ ᠦᠭᠡᠢ᠃ 3᠂ ᠤᠩᠨᠢᠭᠤᠳ ᠬᠤᠪᠴᠠᠰᠤᠨ ᠤ ᠵᠠᠭᠠᠮ᠎ᠠ ᠶᠢᠨ ᠲᠤᠪᠴᠢᠨ ᠤ ᠲᠤᠤᠷ᠎ᠠ ᠬᠤᠷᠤᠭᠤ ᠦᠷᠭᠡᠨ ᠠᠮᠢᠰᠬᠤᠯ ᠦᠯᠡᠳᠡᠭᠡᠵᠤ᠂ ᠲᠡᠪᠡᠯ ᠲᠡᠷᠯᠢᠭ ᠲᠤ ᠲᠠᠩ ᠰᠢᠯᠪᠢ ᠲᠤᠪᠴᠢ ᠬᠠᠳᠠᠵᠤ᠂ ᠰᠠᠮᠫᠠᠨ ᠵᠠᠩᠭᠢᠳᠬᠤ ᠪᠤᠶᠤ ᠭᠠᠤᠯᠢ᠂ ᠮᠦᠩᠭᠦᠨ ᠲᠤᠪᠴᠢ ᠲᠠᠭᠠᠷᠠᠭᠤᠯᠳᠠᠭ᠃ 4᠂ ᠤᠩᠨᠢᠭᠤᠳ ᠲᠡᠷᠯᠢᠭ ᠲᠡᠪᠡᠯ ᠨᠢ ᠰᠢᠨᠠᠭ᠎ᠠ ᠲᠠᠢ᠃ ᠮᠠᠨᠵᠤ ᠲᠡᠷᠯᠢᠭ ᠪᠠ ᠮᠠᠩᠨᠤᠭ ᠲᠡᠪᠡᠯ ᠪᠤᠯ ᠰᠢᠨᠠᠭ᠎ᠠ ᠤᠷᠤᠭᠤᠯᠳᠠᠭ ᠦᠭᠡᠢ᠃ ᠤᠩᠨᠢᠭᠤᠳ ᠲᠡᠷᠯᠢᠭ ᠲᠡᠪᠡᠯ ᠪᠤᠯ ᠤᠨᠤᠭᠤ ᠦᠭᠡᠢ ᠪᠤᠶᠤ ᠬᠤᠶᠠᠷ ᠤᠨᠤᠭᠤ ᠲᠠᠢ᠃ ᠤᠷᠳᠤᠰ ᠲᠡᠷᠯᠢᠭ ᠪᠤᠯ ᠲᠦᠷᠪᠡᠨ ᠤᠨᠤᠭᠤ ᠲᠠᠢ᠃ 5᠂ ᠤᠩᠨᠢᠭᠤᠳ ᠮᠤᠩᠭᠤᠯᠴᠤᠳ ᠪᠦᠰᠡ ᠪᠦᠰᠡᠯᠡᠭᠦ ᠳᠤ ᠪᠠᠨ ᠦᠵᠦᠮᠦᠴᠢᠨ ᠮᠤᠩᠭᠤᠯᠴᠤᠳ ᠰᠢᠭ ᠠᠭᠰᠤᠵᠤ ᠪᠦᠰᠡᠯᠡᠳᠡᠭ ᠦᠭᠡᠢ ᠪᠤᠯᠬᠤᠷ ᠭᠤᠳᠤᠯ ᠤᠨ ᠵᠤᠯᠠᠭ ᠨᠢ ᠬᠤᠷᠮᠤᠢ ᠲᠤᠤᠭᠤᠷ ᠬᠠᠷᠠᠭᠳᠠᠳᠠᠭ ᠦᠭᠡᠢ᠃ 6᠂ ᠤᠩᠨᠢᠭᠤᠳ ᠲᠡᠷᠯᠢᠭ ᠲᠡᠪᠡᠯ ᠨᠢ ᠳᠤᠳᠤᠭᠠᠳᠤ ᠡᠩᠭᠡᠷ ᠲᠠᠢ᠃ ᠭᠡᠪᠡᠴᠤ ᠵᠠᠷᠢᠮ ᠭᠦᠮᠦᠨ ᠳᠤᠳᠤᠭᠠᠳᠤ ᠡᠩᠭᠡᠷ ᠢᠶᠠᠨ ᠤᠭᠳᠤᠷ ᠰᠢᠭ ᠭᠠᠷᠭᠠᠳᠠᠭ᠃ 7᠂ ᠤᠩᠨᠢᠭᠤᠳ ᠭᠤᠳᠤᠯ ᠤᠨ ᠪᠤᠷᠪᠢ ᠠᠴᠠ ᠲᠡᠭᠡᠭᠰᠢᠭᠢ ᠵᠤᠯᠭ᠎ᠠ ᠲᠦᠷᠡᠢ ᠶᠢᠨ ᠵᠠᠯᠭᠠᠰᠤ ᠭᠡᠰᠡᠭ ᠤᠨ ᠲᠠᠭᠢᠷ ᠤᠬᠤᠯᠠᠭᠠᠰᠤ ᠨᠢ ᠨᠡᠯᠢᠶᠡᠳ ᠶᠡᠭᠡ᠂ ᠲᠦᠷᠡᠢ ᠨᠢ ᠪᠠᠭ᠋ᠠᠨ ᠤᠭᠳᠤᠷ ᠪᠠᠶᠢᠳᠠᠭ᠃ ᠡᠨᠡ ᠲᠠᠯ᠎ᠠ ᠪᠠᠷ ᠠᠷᠤ ᠬᠤᠷᠴᠢᠨ ᠵᠠᠷᠭᠡ ᠬᠤᠰᠢᠭᠤ ᠠᠴᠠ ᠢᠯᠡ ᠲᠤᠳᠤ ᠢᠯᠠᠭᠠᠭ᠎ᠠ ᠲᠠᠢ ᠶᠤᠮ᠃ 8᠂ ᠤᠩᠨᠢᠭᠤᠳ ᠭᠡ ᠤᠭᠠᠯᠵᠠ ᠤᠨ ᠲᠦᠷᠰᠦ ᠵᠢᠷᠤᠭ ᠨᠢ ᠭᠤᠶᠤ᠂ ᠨᠠᠷᠢᠯᠢᠭ ᠪᠦᠭᠡᠳ ᠲᠦᠷᠦᠯ ᠵᠦᠢᠯ ᠨᠢ ᠤᠯᠠᠨ ᠪᠠᠶᠢᠳᠠᠭ᠃ ᠭᠡ ᠤᠭᠠᠯᠵᠠ ᠶᠢ ᠭᠡᠷᠡᠭᠯᠡᠭᠦ ᠭᠠᠵᠠᠷ ᠨᠢ ᠴᠤ ᠲᠤᠰ ᠲᠤᠰ ᠤᠨ ᠴᠢᠩᠭ᠎ᠠ ᠱᠠᠭᠠᠷᠳᠠᠯᠭ᠎ᠠ ᠲᠠᠢ ᠪᠠᠶᠢᠳᠠᠭ᠃ ᠡᠳᠡᠭᠡᠷ ᠭᠡ ᠤᠭᠠᠯᠵᠠ ᠨᠢ ᠤᠩᠨᠢᠭᠤᠳ ᠬᠤᠪᠴᠠᠰᠤ ᠵᠠᠰᠠᠯ ᠤᠨ ᠰᠤᠶᠤᠯ ᠤᠨ ᠪᠡᠯᠭᠡ ᠲᠡᠮᠳᠡᠭ ᠢ ᠢᠯᠡᠷᠡᠭᠦᠯᠵᠤ ᠪᠠᠶᠢᠳᠠᠭ᠃ 9᠂ ᠤᠩᠨᠢᠭᠤᠳ ᠬᠤᠪᠴᠠᠰᠤᠨ ᠤ ᠤᠶᠤᠳᠠᠯ ᠤᠨ ᠤᠷᠠᠨ ᠬᠠᠳᠬᠤᠮᠠᠯ ᠤᠨ ᠤᠷ᠎ᠠ ᠮᠡᠷᠭᠡᠵᠢᠯ ᠤᠨ ᠢᠯᠡᠷᠡᠭᠦᠯᠭᠦ ᠬᠠᠳᠬᠤᠮᠠᠯ ᠤᠨ ᠠᠷᠭ᠎ᠠ ᠮᠠᠶ᠋ᠢᠭ ᠨᠢ ᠤᠯᠠᠨ ᠲᠦᠷᠦᠯ ᠪᠠᠶᠢᠳᠠᠭ᠃ ᠤᠩᠨᠢᠭᠤᠳ ᠤᠷᠠᠨ ᠬᠠᠳᠬᠤᠮᠠᠯᠴᠢᠨ ᠤ ᠭᠠᠷ ᠢᠶᠠᠷ ᠬᠠᠳᠬᠤᠮᠠᠯᠯᠠᠭᠰᠠᠨ ᠤᠷᠠᠨ ᠪᠦᠳᠦᠭᠡᠯ ᠨᠢ ᠦᠵᠡᠭᠦ ᠳᠤ ᠭᠤᠶᠤ᠂ ᠠᠮᠢᠳᠤᠯᠢᠭ᠂ ᠪᠤᠰᠤᠭ᠎ᠠ ᠲᠦᠷᠰᠦᠳᠦ ᠲᠦᠷᠦᠭᠳᠡᠯ ᠢ ᠦᠭᠳᠡᠭ᠃ ᠤᠷᠴᠢᠮ ᠤᠨ ᠪᠦᠷᠢᠳᠭᠡᠯ ᠢ ᠦᠨᠳᠦᠰᠦᠯᠡᠪᠡᠯ᠂ ᠤᠩᠨᠢᠭᠤᠳ ᠮᠤᠩᠭᠤᠯᠴᠤᠳ ᠲᠤ ᠨᠡᠶᠢᠳᠡ 33 ᠵᠦᠢᠯ ᠤᠨ ᠤᠶᠤᠵᠤ ᠬᠠᠳᠬᠤᠮᠠᠯᠯᠠᠬᠤ ᠠᠷᠭ᠎ᠠ ᠪᠠᠶᠢᠨ᠎ᠠ᠃ ᠬᠤᠸᠠᠷ ᠬᠠᠳᠬᠤᠮᠠᠯᠯᠠᠬᠤ ᠳᠠᠭᠠᠨ ᠤᠩᠨᠢᠭᠤᠳ ᠮᠤᠩᠭᠤᠯ ᠤᠷᠠᠴᠤᠳ ᠪᠦᠰ ︵ᠲᠤᠷᠭ᠎ᠠ᠂ ᠦᠭᠡᠳᠡᠩ︶ ᠢᠶᠠᠨ ᠵᠢᠶᠠᠰᠠ ᠳᠡᠭᠡᠷ᠎ᠡ ᠲᠡᠯᠡᠵᠤ ᠳᠠᠳᠠᠵᠤ ᠪᠠᠶᠢᠭᠠᠳ ᠬᠠᠳᠬᠤᠮᠠᠯ ᠬᠠᠳᠬᠤᠮᠠᠯᠯᠠᠳᠠᠭ᠃ ᠡᠨᠡ ᠨᠢ ᠪᠤᠰᠤᠳ ᠭᠠᠵᠠᠷ ᠤᠨ ᠪᠤᠷᠤ ᠮᠠᠲ᠋ᠧᠷᠢᠶᠠᠯ ᠤᠨ ᠢᠶᠠᠨ ᠠᠷᠤ ᠲᠠᠯ᠎ᠠ ᠳᠤ ᠨᠠᠭᠠᠯᠳᠠ ᠲᠦᠷᠭᠢᠵᠤ᠂ ᠴᠠᠭᠠᠰᠤ ᠨᠠᠭᠠᠵᠤ ᠪᠠᠶᠢᠭᠠᠳ ᠬᠠᠳᠬᠤᠮᠠᠯ ᠬᠠᠳᠬᠤᠮᠠᠯᠯᠠᠬᠤ ᠠᠴᠠ ᠬᠤᠯᠠ ᠳᠠᠪᠰᠢᠩᠭᠤᠢ ᠶᠤᠮ᠃ 10᠂ ᠤᠩᠨᠢᠭᠤᠳ ᠮᠤᠩᠭᠤᠯᠴᠤᠳ ᠤᠯᠠᠩᠭᠢ ᠳᠠᠭᠠᠨ ᠲᠦᠭᠦᠷᠢᠭ ᠮᠦᠷᠦ ᠲᠠᠢ᠂ ᠨᠢᠳᠤᠷᠭ᠎ᠠ ᠦᠭᠡᠢ᠂ ᠪᠡᠯᠴᠢᠩ ᠦᠭᠡᠢ ᠲᠡᠷᠯᠢᠭ ᠲᠡᠪᠡᠯ ᠡᠮᠦᠰᠳᠡᠭ᠃     ᠭᠤᠷᠪᠠ᠂ ᠤᠩᠨᠢᠭᠤᠳ ᠬᠤᠪᠴᠠᠰᠤ ᠵᠠᠰᠠᠯ ᠤᠨ ᠰᠤᠶᠤᠯ ᠤᠨ ᠪᠡᠯᠭᠡ ᠲᠡᠮᠳᠡᠭ     ᠤᠩᠨᠢᠭᠤᠳ ᠬᠤᠪᠴᠠᠰᠤ ᠵᠠᠰᠠᠯ ᠤᠨ ᠰᠤᠶᠤᠯ ᠨᠢ ᠤᠳᠠᠭᠠᠨ ᠬᠤᠭᠤᠴᠠᠭᠠᠨ ᠤ ᠭᠦᠭᠵᠢᠯᠳᠡ ᠶᠢᠨ ᠶᠠᠪᠤᠴᠠ ᠳᠠᠭᠠᠨ ᠦᠪᠡᠷ ᠤᠨ ᠦᠪᠡᠷᠮᠢᠴᠡ ᠤᠨᠴᠠᠯᠢᠭ ᠢᠶᠠᠨ ᠪᠦᠷᠢᠯᠳᠦᠭᠦᠯᠦᠭᠰᠡᠨ ᠢᠶᠠᠷ ᠦᠯᠦ ᠪᠠᠷᠠᠨ᠂ ᠦᠪᠡᠷ ᠤᠨ ᠰᠤᠶᠤᠯ ᠤᠨ ᠪᠡᠯᠭᠡ ᠲᠡᠮᠳᠡᠭ ᠲᠠᠢ ᠪᠤᠯᠤᠭᠰᠠᠨ ᠪᠠᠶᠢᠨ᠎ᠠ᠃    ︵ᠨᠢᠭᠡ︶᠂ ᠠᠭᠤᠳᠠᠮᠴᠢ ᠴᠢᠨᠠᠷ ᠲᠠᠢ᠃ ᠤᠩᠨᠢᠭᠤᠳ ᠬᠤᠪᠴᠠᠰᠤ ᠵᠠᠰᠠᠯ ᠨᠢ ᠤᠯᠠᠮᠵᠢᠯᠠᠯᠳᠤ ᠮᠤᠩᠭᠤᠯ ᠬᠤᠪᠴᠠᠰᠤᠨ ᠤ ᠰᠤᠶᠤᠯ ᠢᠶᠠᠨ ᠵᠠᠯᠭᠠᠮᠵᠢᠯᠠᠵᠤ ᠴᠢᠳᠠᠭᠰᠠᠨ ᠪᠦᠭᠡᠳ ᠮᠠᠨᠵᠤ᠂ ᠲᠦᠪᠡᠳ᠂ ᠭᠢᠳᠠᠳ᠂ ᠰᠤᠯᠤᠩᠭᠤᠰ ᠵᠡᠷᠭᠡ ᠤᠯᠠᠨ ᠦᠨᠳᠦᠰᠦᠳᠡᠨ ᠤ ᠬᠤᠪᠴᠠᠰᠤ ᠵᠠᠰᠠᠯ ᠤᠨ ᠤᠷᠠᠯᠠᠯ ᠢ ᠠᠮᠵᠢᠯᠲᠠ ᠲᠠᠢ ᠪᠠᠷ ᠰᠢᠩᠭᠡᠨ ᠠᠪᠴᠤ ᠴᠢᠳᠠᠵᠠᠢ ᠃ ᠡᠭᠦᠯᠡᠨ ᠤᠭᠠᠯᠵᠠ᠂ ᠬᠤᠷᠮᠤᠰᠲᠠ ᠶᠢᠨ ᠦᠵᠦᠭ ︵ᠯᠠᠨᠵᠠ ᠤᠭᠠᠯᠵᠠ︶᠂ ᠵᠠᠭᠤᠰᠤᠨ ᠤᠭᠠᠯᠵᠠ᠂ ᠬᠠᠰ ᠲᠠᠮᠠᠭ᠎ᠠ ᠤᠭᠠᠯᠵᠠ᠂ ᠦᠯᠵᠡᠢ ᠵᠠᠩᠭᠢᠶ᠎ᠠ ᠤᠭᠠᠯᠵᠠ᠂ ᠫᠦᠰᠡᠨ ᠤᠭᠠᠯᠵᠠ᠂ ᠪᠠᠭᠪᠠᠭᠠᠢ ᠤᠭᠠᠯᠵᠠ᠂ ᠡᠷᠪᠡᠭᠡᠢ ᠤᠭᠠᠯᠵᠠ ᠵᠡᠷᠭᠡ ᠶᠢ ᠪᠤᠯ ᠲᠤᠮᠳᠠᠳᠤ ᠶᠢᠨ ᠡᠯ᠎ᠡ ᠦᠨᠳᠦᠰᠦᠳᠡᠨ ᠪᠦᠷ ᠨᠡᠶᠢᠳᠡᠮ ᠭᠡᠷᠡᠭᠯᠡᠵᠤ ᠪᠠᠶᠢᠳᠠᠭ᠃ ᠡᠳᠡᠭᠡᠷ ᠤᠭᠠᠯᠵᠠ ᠶᠢ ᠤᠩᠨᠢᠭᠤᠳ ᠮᠤᠩᠭᠤᠯᠴᠤᠳ ᠨᠢ ᠤᠤᠵᠢ᠂ ᠲᠡᠷᠯᠢᠭ᠂ ᠭᠤᠳᠤᠯ᠂ ᠱᠠᠬᠠᠢ᠂ ᠰᠢᠭᠤᠲᠠᠢ ᠬᠠᠪᠳᠠᠭ᠎ᠠ᠂ ᠲᠠᠶᠢᠯᠤᠤᠷ ︵ᠲᠠᠶᠢᠯᠢᠩ︶᠂ ᠪᠤᠭᠴᠤ ᠵᠡᠷᠭᠡ ᠳᠤ ᠦᠷᠭᠡᠨ ᠢᠶᠠᠷ ᠤᠯᠠᠷᠢᠭᠤᠯᠤᠨ ᠭᠡᠷᠡᠭᠯᠡᠵᠤ ᠪᠠᠶᠢᠳᠠᠭ᠃ ᠡᠨᠡ ᠨᠢ ᠤᠩᠨᠢᠭᠤᠳ ᠬᠤᠪᠴᠠᠰᠤ ᠵᠠᠰᠠᠯ ᠤᠨ ᠰᠤᠶᠤᠯ ᠤᠨ ᠠᠭᠤᠳᠠᠮ ᠪᠠᠭᠳᠠᠭᠠᠮᠵᠢ ᠲᠠᠢ ᠪᠠᠶᠢᠬᠤ ᠶᠢ ᠬᠠᠷᠠᠭᠤᠯᠵᠤ ᠪᠠᠶᠢᠳᠠᠭ᠃    ︵ᠬᠤᠶᠠᠷ︶᠂ ᠡᠶ᠎ᠡ ᠵᠤᠭᠢᠴᠠᠯᠳᠤ ᠴᠢᠨᠠᠷ ᠲᠠᠢ᠃ ᠤᠩᠨᠢᠭᠤᠳ ᠮᠤᠩᠭᠤᠯ ᠬᠤᠪᠴᠠᠰᠤ ᠵᠠᠰᠠᠯ ᠤᠨ ᠵᠢᠷᠤᠭ ᠲᠤ ᠠᠭᠤᠯᠠ ᠤᠰᠤ᠂ ᠠᠮᠢᠳᠠᠨ ᠤᠷᠭᠤᠮᠠᠯ᠂ ᠠᠷᠪᠠᠨ ᠬᠤᠶᠠᠷ ᠵᠢᠯ ᠤᠨ ᠠᠮᠢᠳᠠᠨ ᠪᠠ ᠤᠯᠠᠨ ᠠᠷᠪᠢᠨ ᠵᠦᠢᠯ ᠤᠨ ᠭᠡ ᠤᠭᠠᠯᠵᠠ ᠶᠢ ᠤᠷᠭᠠᠨᠢᠭ ᠰᠠᠶᠢᠬᠠᠨ ᠵᠢᠷᠤᠵᠤ ᠬᠠᠳᠬᠤᠮᠠᠯᠯᠠᠬᠤ ᠪᠤᠶᠤ ᠰᠡᠶᠢᠯᠡᠭᠦᠷ᠂ ᠤᠷᠢᠶᠠᠮᠠᠯ᠂ ᠨᠠᠭᠠᠮᠠᠯ᠂ ᠭᠠᠮᠠᠯ ᠤᠨ ᠤᠷ᠎ᠠ ᠮᠡᠷᠭᠡᠵᠢᠯ ᠢᠶᠠᠷ ᠤᠷᠠᠯᠠᠨ ᠤᠶᠤᠳᠠᠭ᠃ ᠡᠭᠦᠨ ᠢᠶᠠᠷ ᠲᠠᠮᠵᠢᠭᠤᠯᠵᠤ ᠦᠪᠡᠷ ᠤᠨ ᠡᠭᠡ ᠪᠠᠶᠢᠭᠠᠯᠢ ᠪᠠᠨ ᠰᠢᠳᠦᠵᠤ᠂ ᠪᠠᠶᠢᠭᠠᠯᠢ ᠶᠢᠨ ᠡᠪᠡᠰᠦ ᠤᠷᠭᠤᠮᠠᠯ᠂ ᠠᠷᠢᠶᠠᠳᠠᠨ ᠵᠢᠭᠦᠷᠳᠡᠨ ᠲᠠᠢ ᠡᠶ᠎ᠡ ᠵᠤᠭᠢᠴᠠᠯ ᠲᠠᠢ ᠠᠮᠢᠳᠤᠷᠠᠬᠤ ᠶᠢ ᠭᠦᠰᠡᠨ ᠮᠦᠷᠦᠭᠡᠳᠦᠭᠰᠡᠨ᠂ ᠨᠤᠳᠤᠭ ᠤᠰᠤ ᠪᠠᠨ ᠬᠠᠶᠢᠷᠠᠯᠠᠵᠤ ᠬᠠᠮᠠᠭᠠᠯᠠᠬᠤ ᠰᠡᠳᠭᠢᠯᠭᠡ ᠪᠠᠨ ᠢᠯᠡᠳᠭᠡᠵᠤ ᠪᠠᠶᠢᠳᠠᠭ᠃     ︵ᠭᠤᠷᠪᠠ︶᠂ ᠡᠪ ᠨᠠᠶᠢᠷᠠᠮᠳᠠᠭᠤ ᠴᠢᠨᠠᠷ ᠲᠠᠢ᠃ ᠬᠤᠪᠴᠠᠰᠤ᠂ ᠰᠢᠭᠤᠲᠠᠢ ᠬᠠᠪᠳᠠᠭ᠎ᠠ᠂ ᠲᠠᠶᠢᠯᠤᠤᠷ ᠵᠡᠷᠭᠡ ᠳᠡᠭᠡᠷ᠎ᠡ ᠲᠠᠭᠳᠠᠭ᠎ᠠ᠂ ᠪᠤᠭᠤ ᠵᠡᠷᠭᠡ ᠶᠢ ᠤᠶᠤᠵᠤ ᠪᠠᠶᠢᠬᠤ ᠨᠢ ᠡᠪ ᠨᠠᠶᠢᠷᠠᠮᠳᠠᠯ ᠢ ᠡᠷᠭᠢᠮᠯᠡᠵᠤ ᠪᠠᠶᠢᠬᠤ ᠰᠡᠳᠭᠢᠯᠭᠡ ᠪᠠᠨ ᠢᠯᠡᠳᠭᠡᠵᠤ ᠪᠠᠶᠢᠬᠤ ᠶᠤᠮ᠃    ︵ᠲᠦᠷᠪᠡ︶᠂ ᠡᠷᠡᠯᠭᠡᠭ ᠪᠠᠭᠠᠳᠤᠷᠯᠢᠭ᠂ ᠬᠠᠳᠠᠨ ᠵᠤᠷᠢᠭᠳᠤ ᠴᠢᠨᠠᠷ ᠲᠠᠢ᠃ ᠪᠦᠭᠡᠴᠢᠨ ᠤᠨ ᠲᠤᠤᠬᠤ ᠪᠠ ᠡᠷᠡᠭᠲᠠᠢ ᠡᠮᠡᠭᠲᠠᠢ ᠶᠢᠨ ᠬᠤᠪᠴᠠᠰᠤᠨ ᠲᠡᠭᠡᠷ᠎ᠡ ᠯᠤᠤ ᠭᠠᠷᠤᠳᠠᠢ᠂ ᠲᠦᠷᠪᠡᠨ ᠭᠦᠴᠦᠳᠦ ᠠᠮᠢᠳᠠᠨ ᠵᠡᠷᠭᠡ ᠶᠢ ᠤᠷᠠᠯᠠᠨ ᠤᠶᠤᠵᠤ ᠪᠠᠶᠢᠬᠤ ᠨᠢ ᠡᠷᠡᠯᠭᠡᠭ ᠪᠠᠭᠠᠳᠤᠷᠯᠢᠭ᠂ ᠢᠯᠠᠭᠳᠠᠰᠢ ᠦᠭᠡᠢ ᠬᠠᠳᠠᠨ ᠵᠤᠷᠢᠭᠲᠠᠢ ᠪᠠᠶᠢᠬᠤ ᠶᠢ ᠭᠦᠰᠡᠭᠰᠡᠨ ᠪᠡᠯᠭᠡ ᠲᠡᠮᠳᠡᠭ ᠶᠤᠮ᠃     ︵ᠲᠠᠪᠤ︶᠂ ᠪᠠᠶᠠᠨ ᠴᠢᠨᠡᠭᠡᠯᠢᠭ ᠢ ᠭᠦᠰᠡᠭᠦ᠋ᠢᠴᠢ ᠴᠢᠨᠠᠷ ᠲᠠᠢ᠃ ᠤᠩᠨᠢᠭᠤᠳ ᠮᠤᠩᠭᠤᠯᠴᠤᠳ ᠬᠤᠪᠴᠠᠰᠤ ᠵᠠᠰᠠᠯ ᠲᠡᠭᠡᠷ᠎ᠡ ᠪᠠᠨ ︽ᠪᠤᠶᠠᠨ︾᠂ ︽ᠦᠯᠵᠡᠢ︾᠂ ︽ᠪᠠᠶᠠᠨ︾ ᠭᠡᠭᠦ ᠮᠡᠳᠦ ᠮᠤᠩᠭᠤᠯ ᠦᠰᠦᠭ ᠪᠠ ᠭᠢᠳᠠᠳ ᠢᠶᠠᠷ ︽福︾᠂ ︽富︾᠂ ︽寿︾ ᠦᠰᠦᠭ ᠶᠢ ᠤᠶᠤᠵᠤ ᠬᠠᠳᠬᠤᠮᠠᠯᠯᠠᠨ᠂ ᠪᠠᠭᠪᠠᠭᠠᠢ ︵ᠭᠢᠲᠠᠳ ᠢᠶᠠᠷ 蝙蝠 ᠭᠡᠳᠡᠭ᠂ 福 ᠪᠠ 富 ᠦᠰᠦᠭ ᠲᠠᠢ ᠲᠠᠭᠤᠳᠠᠯᠭ᠎ᠠ ᠤᠶᠢᠷᠠᠯᠴᠠᠭ᠎ᠠ︶ ᠪᠤᠯᠤᠨ ᠡᠷᠪᠡᠭᠡᠢ ︵ᠭᠢᠲᠠᠳ ᠢᠶᠠᠷ 蝴碟 ᠭᠡᠳᠡᠭ᠂ 蝴 ᠦᠰᠦᠭ ᠨᠢ 福 ᠪᠠ 富 ᠦᠰᠦᠭ ᠲᠠᠢ ᠲᠠᠭᠤᠳᠠᠯᠭ᠎ᠠ ᠤᠶᠢᠷᠠᠯᠴᠠᠭ᠎ᠠ︶ ᠶᠢ ᠤᠷᠢᠶᠠᠮᠠᠯ ᠤᠶᠤᠵᠤ ᠤᠶᠤᠬᠤ᠂ ᠰᠡᠶᠢᠯᠡᠭᠦᠷ ᠰᠡᠶᠢᠯᠡᠵᠤ ᠤᠶᠤᠬᠤ᠂ ᠨᠠᠭᠠᠮᠠᠯ ᠨᠠᠭᠠᠵᠤ ᠤᠶᠤᠬᠤ ᠪᠤᠶᠤ ᠤᠷᠠᠨ ᠬᠠᠳᠬᠤᠮᠠᠯ ᠬᠠᠳᠬᠤᠮᠠᠯᠯᠠᠵᠤ ᠤᠶᠤᠳᠠᠭ᠃ ᠬᠤᠪᠴᠠᠰᠤ ᠵᠠᠰᠠᠯ ᠳᠡᠭᠡᠷ᠎ᠡ ᠡᠨᠡ ᠮᠡᠳᠦ ᠪᠡᠯᠭᠡᠳᠡᠯ ᠤᠨ ᠴᠢᠨᠠᠷ ᠲᠠᠢ ᠵᠢᠷᠤᠭ ᠲᠦᠷᠰᠦ ᠢ ᠤᠶᠤᠵᠤ ᠪᠠᠶᠢᠭ᠎ᠠ ᠦᠵᠡᠭᠳᠡᠯ ᠲᠤᠩ ᠤᠯᠠᠨ ᠪᠠᠶᠢᠳᠠᠭ᠃ ᠲᠤᠤᠷ᠎ᠠ ᠪᠤᠳᠠᠳᠠᠢ ᠲᠠᠨᠢᠯᠴᠠᠭᠤᠯᠤᠶ᠎ᠠ᠃ 1᠂ ᠬᠤᠷᠮᠤᠰᠳᠠ ᠶᠢᠨ ᠦᠵᠦᠭ ︵ᠯᠠᠨᠵᠠ ᠤᠭᠠᠯᠵᠠ︶ ᠪᠤᠯ ᠤᠷᠳᠤ ᠨᠠᠰᠤᠯᠠᠵᠤ ᠤᠳᠠᠭᠠᠨ ᠵᠢᠷᠭᠠᠬᠤ ᠶᠢᠨ ᠪᠡᠯᠭᠡ ᠲᠡᠮᠳᠡᠭ ᠮᠦᠨ᠃ 2᠂ ᠵᠤᠭᠤᠰᠤᠨ ᠤᠭᠠᠯᠵᠠ ᠪᠤᠯ ᠪᠠᠶᠠᠨ ᠡᠷᠭᠢᠮ ᠤᠨ ᠪᠡᠯᠭᠡ ᠲᠡᠮᠳᠡᠭ ᠮᠦᠨ ᠃ 3᠂ ᠬᠠᠰ ᠲᠠᠮᠠᠭ᠎ᠠ ᠤᠭᠠᠯᠵᠠ ᠪᠤᠯ ᠦᠯᠵᠡᠢ ᠬᠤᠳᠤᠭ ᠤᠷᠤᠰᠢᠬᠤ ᠶᠢᠨ ᠪᠡᠯᠭᠡ ᠲᠡᠮᠳᠡᠭ ᠮᠦᠨ᠃ 4᠂ ᠦᠯᠵᠡᠢ ᠵᠠᠩᠭᠢᠶ᠎ᠠ ᠤᠭᠠᠯᠵᠠ ᠪᠤᠯ ᠦᠯᠵᠡᠢ ᠪᠡᠯᠭᠡ ᠶᠢᠨ ᠪᠡᠯᠭᠡ ᠲᠡᠮᠳᠡᠭ ᠮᠦᠨ᠃ 5᠂ ᠫᠦᠰᠡᠨ ᠤᠭᠠᠯᠵᠠ ︵ᠲᠦᠮᠡᠨ ᠦᠯᠵᠡᠢ ᠤᠭᠠᠯᠵᠠ︶ ᠪᠤᠯ ᠦᠯᠵᠡᠢ ᠮᠡᠨᠳᠦ ᠶᠢᠨ ᠪᠡᠯᠭᠡ ᠲᠡᠨᠳᠡᠭ ᠮᠦᠨ᠃ 6᠂ ᠪᠠᠭᠪᠠᠭᠠᠢ ᠤᠭᠠᠯᠵᠠ ᠪᠤᠯ ᠪᠤᠶᠠᠨ᠂ ᠪᠠᠶᠠᠨ ᠭᠡᠭᠦ ᠪᠡᠯᠭᠡ ᠲᠡᠮᠳᠡᠭ ᠲᠠᠢ ᠶᠤᠮ᠃ 7᠂ ᠡᠷᠪᠡᠭᠡᠢ᠂ ᠤᠭᠠᠯᠵᠠ ᠪᠤᠯ ᠪᠤᠶᠠᠨ ᠪᠠᠶᠠᠨ ᠢ ᠪᠡᠯᠭᠡᠳᠡᠵᠤ ᠪᠠᠶᠢᠬᠤ ᠪᠠᠷ ᠦᠯᠦ ᠪᠠᠷᠠᠨ ᠪᠠᠭ᠋ᠠᠷᠤᠨ ᠮᠠᠭᠳᠠᠵᠤ ᠪᠠᠶᠢᠬᠤ ᠰᠡᠳᠭᠢᠯᠭᠡ ᠶᠢ ᠴᠤ ᠢᠯᠡᠳᠭᠡᠳᠡᠭ᠃ 8᠂ ᠠᠨᠠᠷ ᠤᠭᠠᠯᠵᠠ ᠪᠤᠯ ᠦᠷ᠎ᠡ ᠬᠤᠭᠡᠳ ᠲᠠᠢ ᠪᠤᠯᠵᠤ ᠦᠨᠳᠦᠰᠦ ᠨᠠᠮᠠᠭ᠎ᠠ ᠲᠡᠯᠭᠡᠷᠡᠭᠦ ᠶᠢᠨ ᠪᠡᠯᠭᠡ ᠲᠡᠮᠳᠡᠭ ᠲᠤᠯᠠ ᠤᠩᠨᠢᠭᠤᠳ ᠮᠤᠩᠭᠤᠯᠴᠤᠳ ᠬᠠᠷᠢ ᠳᠤ ᠮᠤᠷᠳᠠᠬᠤ ᠬᠤᠭᠡᠨ ᠤ ᠪᠠᠨ ᠭᠤᠳᠤᠯ ᠱᠠᠬᠠᠢ ᠪᠠ ᠤᠤᠵᠢ ᠶᠢᠨ ᠡᠩᠭᠡᠷ ᠳᠡᠭᠡᠷ᠎ᠡ ᠠᠨᠠᠷ ᠢ ᠵᠢᠷᠤᠵᠤ ᠤᠶᠤᠳᠠᠭ ᠃ 9᠂ ᠠᠮᠠᠷᠠᠭᠤᠯᠤᠭᠴᠢ ᠤᠭᠠᠯᠵᠠ ︵如意图案︶ ᠪᠤᠯ ᠦᠯᠵᠡᠢ ᠪᠡᠯᠭᠡ ᠲᠠᠢ ᠰᠡᠳᠭᠢᠴᠢᠯᠡᠨ ᠪᠦᠳᠦᠭᠦ ᠶᠢ ᠪᠡᠯᠭᠡᠳᠡᠵᠤ ᠪᠠᠶᠢᠳᠠᠭ ᠪᠤᠯᠬᠤᠷ ᠤᠩᠨᠢᠭᠤᠳ ᠮᠤᠩᠭᠤᠯᠴᠤᠳ ᠡᠷᠡᠭᠲᠠᠢ ᠭᠦᠮᠦᠨ ᠤ ᠭᠤᠳᠤᠯ ᠤᠨ ᠲᠦᠷᠡᠢ ᠳᠡᠭᠡᠷ᠎ᠡ ᠵᠢᠷᠤᠵᠤ ᠤᠶᠤᠳᠠᠭ᠃ ᠠᠮᠠᠷᠠᠭᠤᠯᠤᠭᠴᠢ ᠤᠭᠠᠯᠵᠠ ᠶᠢ ᠤᠶᠤᠭᠰᠠᠨ ᠭᠤᠳᠤᠯ ᠱᠠᠬᠠᠢ ᠶᠢ ᠡᠮᠦᠰᠪᠡᠯ ᠮᠤᠷᠢᠨ ᠠᠴᠠ ᠬᠠᠶᠠᠭᠳᠠᠭᠰᠠᠨ ᠴᠤ ᠭᠦᠯ ᠬᠤᠭᠤᠷᠠᠳᠠᠭ ᠦᠭᠡᠢ ᠭᠡᠵᠤ ᠭᠡᠯᠡᠳᠡᠭ᠃ 10᠂ ᠴᠢᠨᠳᠠᠮᠤᠨᠢ ᠤᠭᠠᠯᠵᠠ ᠶᠢ ᠭᠦᠰᠡᠯ ᠢ ᠬᠠᠩᠭᠠᠭᠴᠢ ᠶᠢᠨ ᠪᠡᠯᠭᠡ ᠲᠡᠮᠳᠡᠭ ᠭᠡᠵᠤ ᠬᠤᠪᠴᠠᠰᠤ ᠵᠠᠰᠠᠯ ᠲᠡᠭᠡᠷ᠎ᠡ ᠤᠶᠤᠳᠠᠭ᠃ 11᠂ ᠯᠤᠤ ᠭᠠᠷᠤᠲᠠᠢ ᠶᠢ ᠬᠠᠭᠠᠨ ᠡᠵᠡᠨ᠂ ᠬᠠᠭᠠᠨ ᠤ ᠬᠠᠳᠤᠨ ᠤ ᠬᠤᠪᠴᠠᠰᠤᠨ ᠳᠤ ᠪᠤᠯ ᠲᠠᠪᠤᠨ ᠭᠢᠮᠤᠰᠤ ᠲᠠᠢ ᠵᠢᠷᠤᠵᠤ ᠤᠶᠤᠳᠠᠭ᠃ ᠡᠩ ᠤᠨ ᠲᠠᠶᠢᠵᠢ ᠭᠦᠮᠦᠨ ᠤ ᠬᠤᠪᠴᠠᠰᠤᠨ ᠳᠤ ᠪᠤᠯ ᠲᠦᠷᠪᠡᠨ ᠭᠢᠮᠤᠰᠤ ᠲᠠᠢ ᠵᠢᠷᠤᠵᠤ ᠤᠶᠤᠳᠠᠭ᠃ ᠬᠠᠷᠠᠴᠤ ᠪᠤᠶᠤ ᠪᠤᠭᠤᠯ ᠭᠦᠮᠦᠨ ᠤ ᠬᠤᠪᠴᠠᠰᠤᠨ ᠳᠤ ᠯᠤᠤ ᠭᠠᠷᠤᠲᠠᠢ ᠶᠢ ᠤᠶᠤᠳᠠᠭ ᠦᠭᠡᠢ ᠪᠠᠶᠢᠵᠠᠢ᠃ ᠯᠤᠤ ᠭᠠᠷᠤᠲᠠᠢ ᠪᠤᠯ ᠡᠵᠡᠨ ᠬᠠᠭᠠᠨ᠂ ᠡᠭᠡ ᠬᠠᠳᠤᠨ ᠤ ᠪᠡᠯᠭᠡ ᠲᠡᠮᠳᠡᠭ ᠮᠦᠨ᠃ ᠤᠳᠤ ᠡᠷᠭᠡ ᠳᠡᠭᠰᠢ ᠪᠤᠯᠤᠭᠰᠠᠨ ᠪᠤᠯᠬᠤᠷ ᠡᠷᠡᠭᠲᠠᠢ ᠭᠦᠮᠦᠨ ᠤ ᠬᠤᠪᠴᠠᠰᠤᠨ ᠳᠤ ᠯᠤᠤ ᠶᠢ᠂ ᠡᠮᠡᠭᠲᠠᠢ ᠭᠦᠮᠦᠨ ᠤ ᠬᠤᠪᠴᠠᠰᠤᠨ ᠳᠤ ᠭᠠᠷᠤᠲᠠᠢ ᠶᠢ ᠤᠶᠤᠵᠤ ᠪᠠᠶᠢᠨ᠎ᠠ᠃ 12᠂ ᠵᠢᠭᠠᠰᠤᠨ ᠤᠭᠠᠯᠵᠠ ᠪᠤᠯ ᠪᠠᠶᠠᠨ ᠡᠯᠪᠡᠭ ᠤᠨ ᠪᠡᠯᠭᠡ ᠲᠡᠮᠳᠡᠭ ᠮᠦᠨ᠃ 13᠂ ᠭᠠᠯ ᠤᠭᠠᠯᠵᠠ ᠪᠤᠯ ᠭᠦᠭᠵᠢᠨ ᠮᠠᠨᠳᠤᠬᠤ ᠶᠢᠨ ᠪᠡᠯᠭᠡ ᠲᠡᠮᠳᠡᠭ ᠮᠦᠨ᠃ ᠭᠠᠯ ᠤᠭᠠᠯᠵᠠ ᠶᠢ ᠪᠠᠰᠠ ᠭᠠᠯ ᠡᠷᠳᠡᠨᠢ ᠭᠡᠳᠡᠭ᠃ 14᠂ ᠮᠤᠷᠢ ᠶᠢ ᠭᠡᠶᠢᠮᠤᠷᠢ ᠮᠠᠨᠳᠤᠬᠤ ᠶᠢᠨ ᠪᠡᠯᠭᠡ ᠳᠡᠮᠳᠡᠭ ᠭᠡᠵᠤ ᠦᠵᠡᠳᠡᠭ᠃ 15᠂ ᠤᠷᠠᠨ ᠬᠠᠵᠢᠨ ᠢ ᠢᠨᠠᠭ ᠰᠢᠪᠠᠭᠤ ᠭᠡᠵᠤ ᠢᠨᠠᠭ ᠬᠠᠶᠢᠷ᠎ᠠ᠂᠂ ᠶᠢᠨ ᠪᠡᠯᠭᠡ ᠲᠡᠮᠳᠡᠭ ᠭᠡᠳᠡᠭ᠃ ᠤᠷᠠᠨ ᠬᠠᠵᠠᠨ ᠢ ᠱᠢᠨ᠎ᠡ ᠭᠦᠷᠭᠡᠨ ᠤ ᠲᠠᠮᠠᠭᠢᠨ ᠬᠠᠪᠳᠠᠭ᠎ᠠ᠂ ᠲᠡᠷ᠎ᠡ ᠶᠢᠨ ᠨᠢᠭᠤᠷ ᠪᠠ ᠰᠢᠨ᠎ᠡ ᠪᠡᠷᠢ ᠶᠢᠨ ᠭᠤᠳᠤᠯ ᠱᠠᠬᠠᠢ ᠳᠡᠭᠡᠷ᠎ᠡ ᠵᠢᠷᠤᠵᠤ ᠬᠠᠳᠬᠤᠮᠠᠯ ᠬᠠᠳᠬᠤᠵᠤ ᠤᠶᠤᠳᠠᠭ᠃ 16᠂ ᠨᠠᠷᠠᠰᠤ᠂ ᠪᠤᠭᠤᠷᠤᠯ ᠡᠪᠤᠭᠡᠨ᠂ ᠴᠠᠭᠠᠨ ᠲᠤᠭᠤᠷᠤ᠂ ᠪᠤᠭᠤ ᠶᠢ ᠤᠷᠳᠤ ᠨᠠᠰᠤᠳᠤ ᠲᠦᠷᠪᠡᠨ ᠠᠮᠢᠳᠠᠨ ᠭᠡᠳᠡᠭ᠃ ᠤᠷᠳᠤ ᠨᠠᠰᠤᠯᠠᠬᠤ ᠶᠢᠨ ᠪᠡᠯᠭᠡ ᠲᠡᠮᠳᠡᠭ ᠭᠡᠵᠤ ᠲᠡᠷ᠎ᠡ ᠶᠢᠨ ᠨᠢᠭᠤᠷ᠂ ᠲᠠᠶᠢᠯᠢᠩ ᠵᠡᠷᠭᠡ ᠳᠡᠭᠡᠷ᠎ᠡ ᠵᠢᠷᠤᠵᠤ ᠬᠠᠳᠬᠤᠮᠠᠯ ᠤᠶᠤᠳᠠᠭ᠃ 17᠂ ᠯᠢᠩᠬᠸ᠎ᠠ ᠶᠢ ᠠᠷᠢᠭᠤᠨ ᠴᠢᠪᠡᠷ ᠤᠨ ᠪᠡᠯᠭᠡ ᠲᠡᠮᠳᠡᠭ ᠭᠡᠵᠤ ᠬᠤᠪᠴᠠᠰᠤ ᠵᠠᠰᠠᠯ ᠳᠤ ᠦᠷᠭᠡᠨ ᠢᠶᠠᠷ ᠵᠢᠷᠤᠵᠤ ᠬᠠᠳᠬᠤᠮᠠᠯ ᠤᠶᠤᠳᠠᠭ᠃ 18᠂ ᠭᠦᠢᠯᠡᠰᠦ ᠶᠢᠨ ᠬᠤᠸᠠᠷ ᠢ ᠪᠠᠳᠠᠷᠠᠨ ᠭᠦᠭᠵᠢᠭᠦ ᠶᠢᠨ ᠪᠡᠯᠭᠡ ᠲᠡᠮᠳᠡᠭ ᠭᠡᠵᠤ᠂ ᠬᠤᠪᠴᠠᠰᠤ ᠵᠠᠰᠠᠯ ᠳᠤ ᠵᠢᠷᠤᠵᠤ ᠬᠠᠳᠬᠤᠮᠠᠯ ᠬᠠᠳᠬᠤᠵᠤ ᠤᠶᠤᠬᠤ ᠪᠤᠶᠤ ᠨᠠᠭᠠᠮᠠᠯ ᠨᠠᠭᠠᠵᠤ ᠤᠶᠤᠳᠠᠭ᠃ ᠦᠢᠯᠡᠳᠪᠦᠷᠢᠯᠡᠯ ᠤᠨ ᠭᠦᠭᠵᠢᠯᠳᠡ ᠶᠢ ᠲᠠᠭᠠᠯᠳᠤᠨ ᠤᠩᠨᠢᠭᠤᠳ ᠮᠤᠩᠭᠤᠯᠴᠤᠳ ᠤᠨ ᠬᠤᠪᠴᠠᠰᠤ ᠵᠠᠰᠠᠯ ᠪᠤᠯᠤᠨ ᠬᠤᠪᠴᠠᠰᠤ ᠵᠠᠰᠠᠯ ᠤᠨ ᠭᠡ ᠤᠭᠠᠯᠵᠠ ᠳᠤ ᠲᠠᠰᠤᠷᠠᠯᠳᠠ ᠦᠭᠡᠢ ᠰᠢᠨ᠎ᠡ ᠬᠤᠪᠢᠷᠠᠯᠳᠠ ᠭᠠᠷᠴᠤ ᠪᠠᠶᠢᠨ᠎ᠠ᠃ ᠤᠩᠨᠢᠭᠤᠳ ᠬᠤᠪᠴᠠᠰᠤ ᠵᠠᠰᠠᠯ ᠤᠨ ᠰᠤᠶᠤᠯ ᠪᠤᠯ ᠲᠠᠯ᠎ᠠ ᠨᠤᠳᠤᠭ ᠤᠨ ᠰᠤᠶᠤᠯ ᠳᠤ ᠬᠠᠷᠢᠶᠠᠯᠠᠭᠳᠠᠨ᠎ᠠ᠃ ᠲᠡᠭᠦᠨ ᠤ ᠭᠤᠤᠯᠯᠠᠬᠤ ᠦᠵᠡᠯ ᠰᠠᠨᠠᠭ᠎ᠠ ᠪᠤᠯ ᠡᠭᠡ ᠪᠠᠶᠢᠭᠠᠯᠢ ᠪᠠᠨ ᠰᠢᠳᠦᠵᠤ᠂ ᠢᠳᠡᠭᠡᠯ ᠵᠢᠷᠤᠮ ᠢ ᠡᠷᠭᠢᠮᠯᠡᠨ᠂ ᠡᠶ᠎ᠡ ᠵᠤᠭᠢᠴᠠᠯ ᠢ ᠭᠦᠭᠡᠭᠡᠴᠡᠯᠳᠦᠭᠦ᠂ ᠭᠦᠴᠡᠷ ᠪᠡᠷᠭᠡᠰᠢᠶᠡᠯ ᠢ ᠢᠯᠠᠨ ᠲᠠᠪᠠᠵᠤ᠂ ᠲᠠᠰᠤᠷᠠᠯᠲᠠ ᠦᠭᠡᠢ ᠭᠦᠭᠵᠢᠨ ᠲᠠᠪᠰᠢᠬᠤ ᠪᠤᠯᠤᠨ᠎ᠠ᠃
 
ᠢᠷᠡᠯᠲᠡ᠄ ᠤᠯᠠᠭᠠᠨᠬᠠᠳᠠ ᠬᠤᠲᠠ ᠵᠢᠨ‌ᠠᠷᠠᠳ ᠤᠨ ᠵᠠᠰᠠᠭ ᠤᠨ ᠣᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号