ᠦᠯᠤ ᠬᠥᠳᠡᠯᠬᠦ ᠬᠥᠷᠤᠩᠭᠡ ᠶᠢᠨ ᠲᠠᠩᠰᠠᠯᠠᠯᠳᠠ᠄ 2020 ᠤᠨ ᠤ ᠡᠴᠤᠰ ᠠᠴᠠ ᠡᠮᠤᠨ᠎ᠠ ᠦᠯᠤ ᠬᠥᠳᠡᠯᠬᠦ ᠬᠥᠷᠤᠩᠭᠡ ᠶᠢᠨ ᠲᠠᠩᠰᠠᠯᠠᠯᠳᠠ ᠶᠢ 5 ᠠᠵᠢᠯᠯᠠᠬᠤ ᠡᠳᠤᠷ ᠤᠨ ᠲᠤᠳᠤᠷ᠎ᠠ ᠪᠡᠶᠡᠯᠡᠬᠦᠯᠤᠨ᠎ᠠ
ᠨᠡᠶᠢᠲᠡᠯᠡᠭᠰᠡᠨ ᠴᠠᠭ᠄
2019/3/28
      ᠦᠯᠤ ᠬᠥᠳᠡᠯᠬᠦ ᠬᠥᠷᠤᠩᠭᠡ ᠶᠢᠨ ᠲᠠᠩᠰᠠᠯᠠᠯᠳᠠ᠄ 2020 ᠤᠨ ᠤ ᠡᠴᠤᠰ ᠠᠴᠠ ᠡᠮᠤᠨ᠎ᠠ ᠦᠯᠤ ᠬᠥᠳᠡᠯᠬᠦ ᠬᠥᠷᠤᠩᠭᠡ ᠶᠢᠨ ᠲᠠᠩᠰᠠᠯᠠᠯᠳᠠ ᠶᠢ 5 ᠠᠵᠢᠯᠯᠠᠬᠤ ᠡᠳᠤᠷ ᠤᠨ ᠲᠤᠳᠤᠷ᠎ᠠ ᠪᠡᠶᠡᠯᠡᠬᠦᠯᠤᠨ᠎ᠠ       ᠰᠢᠨᠬᠤᠸᠠ ᠬᠤᠷᠢᠶᠠᠨ ᠤ ᠪᠡᠭᠡᠵᠢᠩ ᠤᠨ 3 ᠰᠠᠷ᠎ᠠ ᠶᠢᠨ 25 ᠤ ᠡᠳᠤᠷ ᠤᠨ ᠮᠡᠳᠡᠭᠡ ︵ᠰᠤᠷᠪᠤᠯᠵᠢᠯᠠᠭᠴᠢ  ᠸᠠᠩ  ᠯᠢ ᠪᠢᠨ︶ ᠪᠠᠶᠢᠭᠠᠯᠢ ᠶᠢᠨ ᠡᠬᠢ ᠪᠠᠶᠠᠯᠢᠭ ᠤᠨ ᠶᠠᠮᠤᠨ ᠤ ᠲᠡᠳ᠋ ᠰᠠᠶᠢᠳ ᠸᠠᠩ ᠭᠤᠸᠠᠩ ᠬᠤᠸᠠ  25   ᠤ  ᠡᠳᠤᠷ  ᠢᠯᠡᠷᠭᠡᠶᠢᠯᠡᠬᠦ ᠳᠡᠭᠡᠨ᠂ 2020 ᠤᠨ ᠤ ᠡᠴᠤᠰ ᠠᠴᠠ ᠡᠮᠤᠨ᠎ᠠ᠂ ᠦᠯᠤ ᠬᠥᠳᠡᠯᠬᠦ ᠬᠥᠷᠤᠩᠭᠡ ᠶᠢᠨ ᠲᠠᠩᠰᠠᠯᠠᠯᠳᠠ ᠶᠢᠨ ᠶᠠᠰᠤ ᠴᠢᠨᠠᠷ   ᠢ ᠤᠯᠠᠮ ᠨᠢᠭᠡ ᠠᠯᠬᠤᠮ ᠲᠡᠭᠡᠭᠰᠢᠯᠡᠬᠦᠯᠬᠦ ᠶᠢᠨ ᠵᠡᠷᠭᠡ ᠳᠤ᠂ ᠲᠠᠩᠰᠠᠯᠠᠯᠳᠠ ᠶᠢᠨ ᠴᠠᠭ ᠢ 5  ᠠᠵᠢᠯᠯᠠᠬᠤ  ᠡᠳᠤᠷ   ᠤᠨ  ᠲᠤᠳᠤᠷ᠎ᠠ ᠬᠢᠵᠠᠭᠠᠷᠯᠠᠬᠤ ᠪᠠᠷ ᠴᠢᠷᠮᠠᠶᠢᠨ᠎ᠠ ᠭᠡᠵᠠᠢ᠃               ᠸᠠᠩ ᠭᠤᠸᠠᠩ ᠬᠤᠸᠠ ᠲᠦᠷᠤ ᠶᠢᠨ ᠶᠠᠪᠤᠳᠠᠯ ᠤᠨ ᠬᠤᠷᠢᠶᠠᠨ ᠤ ᠰᠤᠨᠢᠨ ᠮᠡᠳᠡᠭᠡᠨ ᠤ ᠠᠯᠪᠠᠨ ᠭᠡᠷ ᠤᠨ ︽ᠦᠯᠤ‌‍ᠬᠥ᠋ᠳᠡᠯᠬᠦ ᠬᠥᠷᠤᠩᠭᠡ ᠶᠢᠨ ᠲᠠᠩᠰᠠᠯᠠᠯᠳᠠ ᠶᠢᠨ ᠰᠢᠢᠳᠪᠤᠷᠢᠯᠡᠬᠦ ᠴᠠᠭ ᠢ ᠪᠤᠭᠤᠨᠢᠰᠬᠠᠬᠤ  ᠲᠤᠬᠠᠢ  ᠮᠡᠳᠡᠭᠳᠡᠯ︾   ᠤᠨ  ᠪᠠᠶᠢᠳᠠᠯ   ᠢ ᠮᠡᠳᠡᠭᠳᠡᠬᠦ ᠬᠤᠷᠠᠯ ᠲᠡᠭᠡᠷ᠎ᠡ ᠬᠡᠯᠡᠬᠦ ᠳᠡᠭᠡᠨ᠂ ᠤᠳᠤᠬᠠᠨ ᠳᠤ ᠪᠦᠬᠦ ᠤᠯᠤᠰ   ᠤᠨ 3014  ᠲᠢᠩᠬᠢᠮ᠂  4  ᠲᠦᠮᠡ  ᠭᠠᠷᠤᠢ ᠴᠤᠩᠬᠤ᠂ 8 ᠲᠦᠮᠡ ᠭᠠᠷᠤᠢ ᠴᠤᠩᠬᠤᠨ ᠠᠵᠢᠯᠳᠠᠨ ᠡᠳᠤᠷ ᠪᠦᠷᠢ 40 ᠭᠠᠷᠤᠢ ᠲᠦᠮᠡᠨ ᠠᠵᠤ ᠠᠬᠤᠶᠢᠯᠠᠯ ᠪᠠ ᠤᠯᠠᠨ ᠲᠦᠮᠡᠨ‌‍ᠳᠥ ᠲᠠᠩᠰᠠᠯᠠᠬᠤ ᠪᠠ ᠪᠠᠶᠢᠴᠠᠭᠠᠨ ᠯᠠᠪᠯᠠᠬᠤ ᠦᠢᠯᠡᠴᠢᠯᠡᠭᠡ ᠬᠠᠩᠭᠠᠵᠤ ᠪᠠᠶᠢᠨ᠎ᠠ᠂ ᠡᠬᠦᠨ ᠳᠤ ᠡᠩ ᠤᠨ ᠲᠠᠩᠰᠠᠯᠠᠯᠳᠠ ᠶᠢ ᠬᠠᠤᠯᠢ ᠳᠤ ᠲᠤᠬᠳᠠᠭᠠᠭᠰᠠᠨ 30 ᠠᠵᠢᠯᠯᠠᠬᠤ ᠡᠳᠤᠷ ᠠᠴᠠ 15  ᠠᠵᠢᠯᠯᠠᠬᠤ ᠡᠳᠤᠷ ᠤᠷᠴᠢᠮ ᠪᠤᠯᠳᠠᠯ᠎ᠠ ᠪᠤᠭᠤᠨᠢᠰᠬᠠᠵᠤ᠂ ᠪᠠᠷᠢᠴᠠᠭᠠᠯᠠᠬᠤ ᠲᠠᠩᠰᠠᠯᠠᠯᠳᠠ ᠶᠢ 7 ᠠᠵᠢᠯᠯᠠᠬᠤ ᠡᠳᠤᠷ ᠲᠤ ᠪᠡᠶᠡᠯᠡᠬᠦᠯᠬᠦ ᠪᠤᠯᠭᠠᠭᠰᠠᠨ ᠪᠠᠶᠢᠨ᠎ᠠ᠃ ᠡᠯ᠎ᠠ ᠭᠠᠵᠠᠷ ᠤᠨ ᠬᠢᠨ ᠲᠦᠪ‌‍ᠤᠨ ︽ᠪᠠᠭᠤᠯᠭᠠᠬᠤ ᠤᠶᠠᠯᠳᠤᠭᠤᠯᠬᠤ ᠰᠢᠯᠢᠳᠡᠭᠵᠢᠬᠦᠯᠬᠦ︾ ᠦᠭᠡᠷᠡᠴᠢᠯᠠᠯᠳᠠ ᠪᠤᠯᠤᠨ ᠬᠤᠳᠠᠯᠳᠤᠭ᠎ᠠ ᠡᠵᠡᠩᠨᠡᠬᠦ ᠤᠷᠴᠢᠨ ᠨᠦᠬᠦᠴᠡᠯ‌ᠢ ᠰᠢᠯᠢᠳᠡᠭᠵᠢᠬᠦᠯᠬᠦ  ᠰᠢᠢᠳᠪᠤᠷᠢᠳᠤ  ᠪᠤᠳᠤᠯᠭ᠎ᠠ  ᠪᠠᠶᠢᠷᠢᠯᠠᠭᠤᠯᠤᠯᠳᠡ ᠶᠢ ᠲᠤᠤᠱᠯᠠᠭᠤᠯᠤᠨ ᠨᠠᠶᠢᠳᠠᠪᠤᠷᠢᠵᠢᠭᠤᠯᠵᠤ ᠪᠠᠶᠢᠨ᠎ᠠ᠂ ᠵᠢᠱᠢᠶᠡᠯᠡᠪᠡᠯ ᠵᠧᠵᠢᠶᠠᠩ ᠤᠨ ᠬᠢᠨ ︽ᠨᠢᠭᠡ ᠤᠳᠠᠭ᠎ᠠ ᠤᠴᠢᠪᠠᠯ ᠰᠢᠢᠳᠪᠤᠷᠢᠯᠡᠴᠢᠭᠡᠬᠦ︾᠂ ᠵᠢᠶᠠᠩᠰᠤ ᠶᠢᠨ ᠬᠢᠨ ︽ᠨᠢᠭᠡ ᠴᠤᠩᠬᠤᠨ‌‍ᠳᠥ ᠬᠥᠯᠢᠶᠡᠨ ᠠᠪᠬᠤ︾ ︽ᠬᠤᠷᠠᠭᠤᠯᠤᠨ ᠦᠢᠯᠡᠴᠢᠯᠡᠬᠦ︾᠂ ᠭᠤᠸᠠᠩᠰᠢ ᠶᠢᠨ ᠨᠠᠨᠨᠢᠩ᠂  ᠹᠦᠵᠢᠶᠠᠨ ᠤ ᠹᠦᠵᠸᠤ ᠶᠢᠨ ᠬᠢᠨ︽ᠢᠨᠲ᠋ᠧᠷ ᠰᠦᠯᠵᠢᠶ᠎ᠠ + ᠦᠯᠤ ᠬᠥᠳᠡᠯᠬᠦ ᠬᠥᠷᠤᠩᠭᠡ ᠶᠢᠨ ᠲᠠᠩᠰᠠᠯᠠᠯᠳᠠ︾ ᠵᠡᠷᠭᠡ ᠠᠷᠭ᠎ᠠ ᠬᠡᠮᠵᠢᠶ᠎ᠠ ᠭᠠᠷᠭᠠᠵᠤ᠂ ᠭᠡᠷ ᠪᠠᠶᠢᠰᠢᠩ‌‍ᠤᠨ ᠬᠥᠷᠤᠩᠭᠡ ᠶᠢᠨ ᠬᠠᠮᠢᠶᠠᠷᠤᠯᠳᠠ᠂ ᠭᠠᠶᠢᠯᠢ ᠶᠢᠨ ᠶᠠᠪᠤᠳᠠᠯ ᠤᠨ ᠰᠠᠯᠠᠭ᠎ᠠ ᠮᠦᠴᠢᠷ ᠲᠠᠢ ᠬᠠᠮᠳᠤᠷᠠᠨ ︽ᠨᠢᠭᠡ  ᠴᠤᠩᠬᠤᠨ  ᠳ᠋ᠥ‌‍ᠬᠥ᠋ᠯᠢᠶᠡᠨ ᠠᠪᠴᠤ᠂ ᠵᠡᠷᠭᠡ ᠪᠠᠷ ᠰᠢᠢᠳᠪᠤᠷᠢᠯᠡᠬᠦ︾ ᠪᠤᠯᠤᠨ ᠮᠡᠳᠡᠭᠡ ᠵᠠᠩᠬᠢ ᠶᠢ  ᠨᠡᠪᠳᠡᠷᠡᠯᠴᠡᠬᠦᠯᠤᠨ  ᠬᠠᠮᠳᠤ   ᠪᠠᠷ  ᠡᠳ᠋ᠯᠡᠬᠦ   ᠶᠢ ᠶᠠᠪᠤᠭᠤᠯᠵᠤ᠂ ᠪᠦᠬᠦ ᠤᠯᠤᠰ ᠤᠨ ᠦᠯᠤ ᠬᠥᠳᠡᠯᠬᠦ ᠬᠥᠷᠤᠩᠭᠡ ᠶᠢᠨ ᠲᠠᠩᠰᠠᠯᠠᠯᠳᠠ ᠶᠢᠨ ᠴᠤᠩᠬᠤ ᠶᠢᠨ ᠰᠤᠷᠳᠠᠯ ᠤᠨ ᠠᠰᠠᠭᠤᠳᠠᠯ‌ᠢ ᠲᠤᠰᠬᠠᠶᠢᠯᠠᠨ ᠴᠡᠭᠴᠡᠯᠡᠨ ᠵᠠᠰᠠᠬᠤ ᠶᠢ ᠵᠤᠬᠢᠶᠠᠨ ᠪᠠᠶᠢᠭᠤᠯᠵᠤ ᠦᠷᠨᠢᠬᠦᠯᠤᠨ᠂ ᠴᠠᠭ ᠢ ᠪᠤᠭᠤᠨᠢᠰᠬᠠᠵᠤ᠂ ᠠᠷᠠᠳ ᠲᠤ ᠲᠦᠬᠦᠮ‌ᠦᠵᠡᠬᠦᠯᠤᠨ ᠠᠵᠤ ᠠᠬᠤᠶᠢᠯᠠᠯ  ᠳᠤ ᠲᠤᠰᠠ ᠬᠥᠷᠳᠡᠭᠡᠵᠤ᠂ ᠬᠤᠳᠠᠯᠳᠤᠭ᠎ᠠ ᠡᠵᠡᠩᠨᠡᠬᠦ ᠤᠷᠴᠢᠨ ᠨᠦᠬᠦᠴᠡᠯ ᠤᠨ ᠰᠢᠯᠢᠳᠡᠭᠵᠢᠬᠦ ᠶᠢ ᠠᠬᠢᠭᠤᠯᠵᠤ ᠪᠠᠶᠢᠨ᠎ᠠ ᠃ ᠬᠡᠪᠡᠴᠤ ᠵᠠᠷᠢᠮ ᠭᠠᠵᠠᠷ ᠤᠷᠤᠨ ᠨᠢ ᠦᠯᠤ ᠬᠥᠳᠡᠯᠬᠦ ᠬᠥᠷᠤᠩᠭᠡ ᠶᠢᠨ ᠲᠠᠩᠰᠠᠯᠠᠯᠳᠠ  ᠬᠢᠬᠦ  ᠴᠠᠭ   ᠨᠢ ᠤᠷᠳᠤ᠂ ᠦᠨᠡᠮᠯᠠᠯ ᠠᠪᠬᠤ ᠳᠤ ᠬᠥᠴᠢᠷᠳᠠᠢ ᠪᠠᠶᠢᠬᠤ ᠠᠰᠠᠭᠤᠳᠠᠯ ᠢ ᠮᠦᠨ ᠦᠨᠳᠤᠰᠤᠨ ᠠᠴᠠ ᠨᠢ ᠰᠢᠢᠳᠪᠤᠷᠢᠯᠡᠵᠤ ᠴᠢᠳᠠᠭᠠᠳᠤᠢ ᠪᠠᠶᠢᠵᠤ᠂ ᠤᠯᠠᠨ ᠲᠦᠮᠡᠨ ᠤ ᠬᠥᠰᠡᠯ ᠡᠷᠡᠮᠡᠯᠵᠠᠯ ᠲᠠᠢ ᠬᠠᠷᠢᠴᠠᠭᠤᠯᠪᠠᠯ ᠪᠠᠰᠠ ᠨᠡᠯᠢᠶᠡᠳ ᠶᠡᠭᠡ  ᠵᠦᠷᠢᠶ᠎ᠡ  ᠤᠷᠤᠰᠢᠵᠤ  ᠪᠠᠶᠢᠨ᠎ᠠ ᠭᠡᠵᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号