ᠬᠤᠰᠢᠭᠤᠨ ᠲᠣᠳᠣᠷᠠᠬᠢ ᠬᠡᠰᠡᠭ ᠪᠦᠯᠣᠭ᠌ ᠵᠠᠮ ᠱᠣᠭᠤᠮ ᠢ ᠬᠢᠵᠠᠭᠠᠷᠯᠠᠵᠣ ᠬᠠᠮᠢᠶᠠᠷᠠᠬᠤ ᠲᠣᠬᠠᠢ ᠪᠠᠴᠢᠮ ᠮᠡᠳᠡᠭᠳᠡᠯ
ᠨᠡᠶᠢᠲᠡᠯᠡᠭᠰᠡᠨ ᠴᠠᠭ᠄
2020/2/4
                    ︵ ᠲᠦᠷᠪᠡᠳᠣᠭᠡᠷ ᠲᠣᠭᠠᠳᠣ︶              ᠣᠯᠠᠭᠠᠨᠬᠠᠳᠠ ᠬᠤᠳᠠ ᠶᠢᠨ ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠤᠨ ᠬᠠᠯᠳᠠᠪᠣᠷᠢᠳᠣ ᠠᠭᠤᠰᠬᠢᠨ ᠥᠷᠪᠢᠰᠣᠯ ᠢ ᠰᠡᠷᠬᠡᠶᠢᠯᠡᠨ ᠬᠢᠵᠠᠭᠠᠷᠯᠠᠬᠤ ᠠᠵᠢᠯ ᠤᠨ ᠵᠢᠯᠣᠭᠤᠳᠬᠤ ᠬᠡᠯᠳᠡᠰ ᠤᠨ  ︵ᠬᠤᠶᠠᠳᠣᠭᠠᠷ ᠵᠠᠷᠯᠢᠭ︶  ᠎ ᠤᠨ ᠱᠠᠭᠠᠷᠳᠠᠯᠭ᠎ᠠ ᠶᠢ ᠦᠨᠳᠣᠰᠣᠯᠡᠵᠣ᠂  ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠤᠨ ᠬᠠᠯᠳᠠᠪᠣᠷᠢᠳᠣ ᠠᠭᠤᠰᠬᠢᠨ ᠥᠷᠪᠢᠰᠣᠯ ᠤᠨ ᠬᠢᠵᠢᠭ ᠢ ᠰᠡᠷᠬᠡᠶᠢᠯᠡᠨ ᠬᠢᠵᠠᠭᠠᠷᠯᠠᠬᠤ ᠠᠵᠢᠯ ᠢ ᠣᠯᠠᠮ ᠨᠢᠭᠡ ᠠᠯᠬᠤᠮ ᠰᠠᠶᠢᠳᠣᠷ ᠬᠢᠬᠦ ᠶᠢᠨ ᠲᠦᠯᠣᠭᠡ᠂ ᠣᠩᠨᠢᠭᠤᠣᠨ ᠬᠤᠰᠢᠭᠤᠨ ᠤ ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠤᠨ ᠬᠠᠯᠳᠠᠪᠣᠷᠢᠳᠣ ᠠᠭᠤᠰᠬᠢᠨ ᠥᠷᠪᠢᠰᠣᠯ ᠢ  ᠰᠡᠷᠬᠡᠶᠢᠯᠡᠨ ᠬᠢᠵᠠᠭᠠᠷᠯᠠᠬᠤ ᠠᠵᠢᠯ ᠤᠨ ᠵᠢᠯᠣᠭᠤᠳᠬᠤ ᠬᠡᠯᠳᠡᠰ ᠠᠴᠠ ᠲᠣᠭᠳᠠᠭᠠᠯ ᠭᠠᠷᠭᠠᠨ ᠲᠣᠰ ᠡᠳᠣᠷ ᠠᠴᠠ ᠡᠬᠢᠯᠡᠨ᠄         ᠨᠢᠭᠡ᠂  ᠪᠣᠷᠣᠬᠤᠳᠠ ᠶᠢᠨ ᠬᠤᠳᠠ ᠲᠣᠭᠤᠶᠢᠯᠠᠭᠰᠠᠨ ᠵᠠᠮ ᠤᠨ ᠠᠭᠤᠯᠵᠠᠭᠤᠷ᠂ ᠬᠠᠶᠢᠯᠠᠰᠣ ᠵᠡᠭᠡᠯᠢ ᠶᠢᠨ ᠠᠭᠤᠯᠵᠠᠭᠤᠷ  ︵ ᠣᠷᠣᠵᠣ  ᠭᠠᠷᠴᠣ ᠪᠣᠯᠣᠨ᠎ᠠ  ︶  ᠂ S304 ᠵᠠᠮ ᠬᠢᠭᠡᠣᠨ ᠵᠡᠭᠦᠨ ᠭᠠᠳᠠᠨ᠎ᠠ ᠲᠤᠭᠤᠷᠢᠯᠳᠠ ᠎ ᠶᠢᠨ ᠵᠠᠮ ᠤᠨ ᠠᠭᠤᠯᠵᠠᠭᠤᠷ ︵ᠤᠷᠤᠵᠤ ᠭᠠᠷᠴᠦ ᠪᠤᠯᠤᠨ᠎ᠠ︶᠂ G306 ᠵᠠᠮ ︵ᠤᠤᠯ ᠤᠨ S 205 ᠵᠠᠮ  ︶ ᠪᠤᠯᠤᠨ ᠬᠤᠶᠢᠳᠤ ᠭᠠᠳᠠᠨ᠎ᠠ ᠲᠤᠭᠤᠷᠢᠯᠳᠠ ᠶᠢᠨ ᠵᠠᠮ ᠤᠨ ᠠᠭᠤᠯᠵᠠᠭᠤᠷ ︵ᠭᠠᠷᠴᠦ ᠪᠤᠯᠤᠨ᠎ᠠ︶  ᠂  G306 ᠵᠠᠮ ᠪᠤᠯᠤᠨ ᠡᠮᠦᠨ᠎ᠡ ᠭᠠᠳᠠᠨ᠎ᠠ ᠲᠤᠭᠤᠷᠢᠯᠳᠠ ᠶᠢᠨ ᠵᠠᠮ ᠤᠨ ᠠᠭᠤᠯᠵᠠᠭᠤᠷ ︵ᠭᠠᠷᠴᠦ ᠪᠤᠯᠤᠨ᠎ᠠ︶᠂  205 ᠮᠤᠵᠢ ᠎ ᠶᠢᠨ  ᠵᠠᠮ  ᠪᠤᠯᠤᠨ ᠬᠤᠶᠢᠳᠤ ᠲᠤᠭᠤᠷᠢᠯᠳᠠ ᠶᠢᠨ ᠠᠭᠤᠯᠵᠠᠭᠤᠷ  ᠵᠠᠮ ︵ᠭᠠᠷᠴᠦ ᠪᠤᠯᠤᠨ᠎ᠠ  ︶  ᠨᠡᠪᠳᠡᠷᠡᠭᠦ ᠠᠴᠠ ᠭᠠᠳᠠᠨ᠎ᠠ ᠪᠤᠰᠤᠳ ᠬᠤᠳᠠ ᠪᠠᠯᠭᠠᠰᠤᠨ  ᠎ ᠳᠤ ᠤᠷᠤᠵᠤ ᠭᠠᠷᠬᠤ  ᠵᠠᠮ ᠤᠨ ᠠᠭᠤᠯᠵᠠᠭᠤᠷ  ᠎ ᠢ  ᠪᠦᠬᠦᠨ ᠢ ᠪᠢᠳᠡᠭᠦᠮᠵᠢᠯᠡᠨ᠎ᠡ᠃        ᠬᠤᠶᠠᠷ᠂ ᠪᠤᠷᠤᠬᠤᠳᠠ ᠶᠢᠨ ᠬᠤᠳᠠ ᠲᠤᠭᠤᠷᠢᠭ ᠲᠤ ᠤᠷᠤᠬᠤ ᠪᠠᠷ ᠲᠦᠯᠦᠪᠡᠯᠡᠵᠤ ᠪᠠᠶᠢᠭ᠎ᠠ ᠲᠡᠷᠭᠡ ᠬᠦᠰᠭᠡ ᠬᠠᠰᠯᠤᠤ ᠵᠠᠮ ᠪᠤᠯᠤᠨ ᠬᠠᠶᠢᠯᠠᠰᠤ ᠵᠡᠭᠡᠯᠢ ᠶᠢᠨ ᠠᠭᠤᠯᠵᠠᠭᠤᠷ᠂  S304 ᠵᠠᠮ ᠪᠤᠯᠤᠨ ᠵᠡᠭᠦᠨ ᠭᠠᠳᠠᠨ᠎ᠠ ᠲᠤᠭᠤᠷᠢᠯᠳᠠ ᠶᠢᠨ ᠵᠠᠮ ᠤᠨ ᠠᠭᠤᠯᠵᠠᠭᠤᠷ ᠢᠶᠠᠷ ᠲᠤᠭᠤᠷᠢᠨ ᠶᠠᠪᠤᠬᠤ ᠶᠢᠨ ᠬᠠᠮᠳᠤ ᠪᠡᠶ᠎ᠡ ᠶᠢᠨ ᠬᠠᠯᠠᠭᠤᠨ ᠤ ᠬᠡᠮᠵᠢᠯᠳᠡ᠂ ᠰᠡᠷᠭᠡᠶᠢᠯᠡᠨ ᠬᠢᠵᠠᠷᠭᠠᠯᠠᠬᠤ ᠪᠠᠶᠢᠴᠠᠭᠠᠯᠳᠠ ᠵᠢᠴᠢ ᠢᠳᠬᠠᠨ  ᠪᠤᠴᠠᠭᠠᠯᠭᠠᠬᠤ  ᠵᠡᠷᠭᠡ ᠠᠵᠢᠯ ᠳᠤ  ᠬᠠᠮᠵᠢᠯᠴᠠᠬᠤ ᠬᠡᠷᠡᠭᠲᠠᠢ᠃       ᠭᠤᠷᠪᠠ᠂  ᠤᠯᠠᠭᠠᠨᠬᠳᠠ ᠶᠢᠨ ᠪᠤᠰᠤ ᠲᠡᠷᠭᠡ ᠬᠦᠰᠭᠡ  ᠪᠣᠯᠣᠨ ᠬᠦᠮᠦᠰ  ᠎ ᠤᠨ ᠪᠤᠷᠤᠬᠤᠳᠠ ᠶᠢᠨ ᠬᠤᠳᠠ ᠲᠤᠭᠤᠷᠢᠭ ᠲᠤ ᠣᠷᠣᠬᠤ ᠶᠢ ᠴᠠᠭᠠᠵᠠᠯᠠᠵᠤ᠂ ᠡᠬᠦᠨ ᠢᠶᠠᠷ ᠥᠩᠭᠡᠷᠡᠬᠦ ᠲᠡᠷᠭᠡ ᠬᠦᠰᠭᠡ ᠪᠦᠬᠦᠨ ᠢᠶᠠᠷ ᠭᠠᠳᠠᠨ᠎ᠠ ᠲᠤᠭᠤᠷᠢᠯᠳᠠ ᠵᠠᠮ ᠢᠶᠠᠷ ᠲᠤᠭᠤᠷᠢᠨ  ᠶᠠᠪᠤᠬᠤ ᠬᠡᠷᠡᠭᠲᠠᠢ᠃ ᠤᠯᠠᠭᠠᠬᠠᠳᠠ ᠶᠢᠨ ᠪᠤᠰᠤ ᠲᠡᠷᠭᠡ ᠬᠦᠰᠭᠡ  ᠳ᠋ᠠᠨᠳᠦ᠋ᠩ ᠎ ᠠᠴᠠ ᠰᠢᠯᠢᠨᠬᠤᠳᠠ ᠬᠦᠷᠬᠦ ᠦᠨᠳᠦᠷ ᠬᠤᠷᠳᠤᠴᠠᠳᠤ ᠵᠠᠰᠠᠮᠠᠯ ᠵᠠᠮ ᠤᠨ ᠪᠤᠷᠤᠬᠤᠳᠠ ᠳᠤ ᠪᠠᠭᠤᠬᠤ ᠭᠠᠵᠠᠷ᠂  ᠴᠢᠶᠤᠤ ᠲᠸᠦ ᠳᠤ ᠪᠠᠭᠤᠬᠤ ᠭᠠᠵᠠᠷ ᠠᠴᠠ ᠭᠠᠷᠬᠤ  ᠎ ᠶᠢ ᠴᠠᠭᠠᠵᠠᠯᠠᠨ᠎ᠠ᠃      ᠲᠦᠷᠪᠡ᠂  ᠪᠠᠴᠢᠮ ᠠᠪᠤᠷᠠᠯᠳᠠ ᠶᠢᠨ  ᠡᠳ᠋ ᠪᠤᠳᠠᠰ ᠤᠨ ᠲᠡᠭᠡᠭᠡᠪᠦᠷᠢ ᠶᠢᠨ ᠲᠡᠷᠭᠡ ᠬᠦᠰᠭᠡ  ᠂ ᠠᠮᠢᠳᠤᠷᠠᠯ ᠎ ᠤᠨ ᠴᠢᠬᠤᠯᠠ ᠬᠡᠷᠡᠭᠰᠡᠯ ᠤᠨ ᠲᠡᠭᠡᠭᠡᠪᠦᠷᠢ ᠶᠢᠨ ᠲᠡᠷᠭᠡ ᠬᠦᠰᠭᠡ᠂ ᠪᠠᠴᠢᠮ ᠠᠪᠤᠷᠠᠯᠳᠠ ᠶᠢᠨ ᠲᠡᠷᠭᠡ ᠬᠦᠰᠭᠡ ᠵᠢᠴᠢ ᠵᠢᠯᠤᠭᠤᠴᠢ ᠦᠢᠯᠡᠴᠢᠯᠡᠭᠴᠢᠳ ᠨᠢ ᠰᠤᠷᠠᠭ ᠵᠠᠩᠬᠢ ᠶᠢᠨ ᠲᠠᠩᠰᠠᠯᠠᠯᠳᠠ᠂ ᠪᠡᠶ᠎ᠡ ᠶᠢᠨ ᠬᠠᠯᠠᠭᠤᠨ ᠤ ᠬᠡᠮᠵᠢᠯᠳᠡ᠂  ᠲᠡᠷᠭᠡ ᠬᠦᠰᠭᠡ ᠶᠢᠨ ᠠᠷᠢᠭᠤᠳᠬᠠᠯ ᠵᠡᠷᠭᠡ ᠶᠢ ᠬᠦᠢᠴᠡᠳᠭᠡᠭᠰᠡᠨ ᠤ  ᠲᠠᠷᠠᠭ᠎ᠠ ᠪᠤᠷᠤᠬᠤᠳᠠ ᠶᠢᠨ ᠬᠤᠳᠠ ᠲᠤᠭᠤᠷᠢᠭ ᠎ ᠲᠤ ᠤᠷᠤᠵᠤ ᠪᠤᠯᠤᠨ᠎ᠠ᠃     ᠲᠠᠪᠤ᠂ ᠪᠤᠷᠬᠤᠳᠠ ᠶᠢᠨ ᠬᠤᠳᠠ ᠲᠤᠭᠤᠷᠢᠭ ᠤᠨ ᠲᠦᠷᠢᠶᠡᠰᠦᠨ ᠮᠠᠰᠢᠨ ᠲᠡᠷᠭᠡ ᠨᠢ ᠵᠦᠪᠬᠡᠨ ᠭᠠᠳᠠᠨ᠎ᠠ ᠲᠤᠭᠤᠷᠢᠯᠳᠠ ᠶᠢᠨ ᠵᠠᠮ ᠤᠨ ᠲᠤᠳᠤᠷ᠎ᠠ ᠦᠢᠯᠴᠢᠯᠡᠭᠡ ᠬᠢᠵᠤ ᠬᠤᠳᠠ ᠲᠤᠭᠤᠷᠢᠭ ᠠᠴᠠ ᠭᠠᠷᠴᠦ ᠪᠤᠯᠬᠤ ᠦᠭᠡᠢ᠃                 ᠤᠩᠨᠢᠭᠤᠳ ᠬᠤᠰᠢᠭᠤᠨ ᠤ ᠰᠢᠨ᠎ᠡ ᠬᠡᠯᠪᠡᠷᠢ ᠶᠢᠨ ᠲᠢᠳᠡᠮᠯᠢᠭ ᠸᠢᠷᠦᠰ ᠤᠨ ᠬᠠᠯᠳᠠᠪᠦᠷᠢᠳᠦ           ᠠᠭᠤᠰᠬᠢᠨ ᠦᠷᠪᠢᠰᠦᠯ ᠢ ᠰᠡᠷᠭᠡᠶᠢᠯᠡᠨ ᠬᠢᠵᠠᠭᠠᠷᠯᠠᠬᠤ  ᠠᠵᠢᠯ ᠤᠨ ᠵᠢᠯᠣᠭᠤᠳᠬᠤ ᠬᠡᠯᠳᠡᠰ                                              2020  ᠣᠨ 1 ᠰᠠᠷ᠎ᠠ ᠶᠢᠨ 28  ᠎ ᠤ ᠡᠳᠣᠷ
 
ᠢᠷᠡᠯᠲᠡ᠄ ᠤᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠠᠯᠪᠠᠨ ᠬᠡᠷ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号