ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠤᠨ ᠬᠠᠯᠳᠠᠪᠣᠷᠢᠳᠣ ᠠᠭᠤᠰᠬᠢᠨ ᠥᠷᠪᠢᠰᠣᠯ ᠢ  ᠰᠡᠷᠬᠡᠶᠢᠯᠡᠵᠣ ᠬᠢᠵᠠᠭᠠᠷᠯᠠᠬᠤ ᠠᠵᠢᠯ ᠢ ᠣᠯᠠᠮ ᠴᠢᠨᠠᠭᠰᠢᠳᠠ ᠴᠢᠩᠭᠠᠳᠬᠠᠬᠤ ᠲᠣᠬᠠᠢ ᠪᠠᠴᠢᠮ  ᠵᠠᠷᠯᠠᠯ
ᠨᠡᠶᠢᠲᠡᠯᠡᠭᠰᠡᠨ ᠴᠠᠭ᠄
2020/2/4
                         ︵ ᠲᠠᠪᠤᠳᠤᠭᠠᠷ  ᠲᠣᠭᠠᠳᠣ  ︶        ᠨᠠᠮ ᠤᠨ ᠲᠦᠪ ᠬᠤᠷᠢᠶᠠᠨ ᠤ ᠣᠯᠣᠰ ᠲᠦᠷᠣ ᠶᠢᠨ ᠲᠣᠪᠴᠢᠶᠠᠨ ᠤ ᠪᠠᠶᠢᠩᠭᠤ ᠶᠢᠨ ᠬᠤᠷᠠᠯᠳᠣᠭᠠᠨ ᠪᠣᠯᠣᠨ ᠪᠦᠬᠦ ᠣᠷᠣᠨ ᠤ ᠬᠢᠵᠢᠭ ᠤᠨ ᠪᠠᠶᠢᠳᠠᠯ ᠢ ᠲᠦᠢᠯᠪᠣᠷᠢᠲᠠᠢ ᠰᠡᠷᠬᠡᠶᠢᠯᠡᠵᠣ ᠬᠢᠵᠠᠭᠠᠷᠯᠠᠬᠤ ᠲᠠᠶᠢᠴᠢᠯᠠᠯᠳᠠ ᠶᠢᠨ ᠬᠤᠷᠠᠯ ᠤᠨ ᠵᠣᠷᠢᠭ ᠰᠠᠨᠠᠭ᠎ᠠ  ᠂ ᠥᠪᠡᠷᠳᠡᠭᠡᠨ ᠵᠠᠰᠠᠬᠤ ᠣᠷᠣᠨ ᠤ ᠭᠡᠨᠡᠳᠳᠡ ᠪᠠᠷ ᠡᠬᠦᠰᠬᠦ ᠣᠯᠠᠨ ᠨᠡᠶᠢᠳᠡ ᠶᠢᠨ ᠡᠷᠡᠭᠦᠯ ᠬᠠᠮᠠᠭᠠᠯᠠᠯ ᠤᠨ ᠬᠡᠷᠡᠭ ᠣᠴᠢᠷ  ᠎ ᠤᠨ  l  ᠲᠡᠰ ᠤᠨ ᠴᠤᠤᠷᠢᠶᠠᠳᠤᠯᠭ᠎ᠠ ᠶᠢᠨ ᠱᠠᠭᠠᠷᠳᠠᠯᠭ᠎ᠠ ᠶᠢ ᠦᠨᠳᠣᠰᠣᠯᠡᠵᠣ᠂ ᠬᠢᠵᠢᠭ ᠤᠨ ᠬᠠᠯᠳᠠᠪᠣᠷᠢᠯᠠᠯ ᠤᠨ ᠲᠦᠭᠰᠢᠬᠦᠷᠢ ᠶᠢ ᠪᠦᠬᠦ ᠲᠠᠯ᠎ᠠ ᠪᠠᠷ ᠬᠢᠵᠠᠭᠠᠷᠯᠠᠬᠤ ᠶᠢᠨ ᠲᠦᠯᠣᠭᠡ ᠂  ᠣᠩᠨᠢᠭᠤᠣᠨ ᠬᠤᠰᠢᠭᠤᠨ ᠤ ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠤᠨ ᠬᠠᠯᠳᠠᠪᠣᠷᠢᠳᠣ ᠠᠭᠤᠰᠬᠢᠨ ᠥᠷᠪᠢᠰᠣᠯ ᠢ ᠰᠡᠷᠬᠡᠶᠢᠯᠡᠵᠣ ᠬᠢᠵᠠᠭᠠᠷᠯᠠᠬᠤ ᠠᠵᠢᠯ ᠤᠨ ᠵᠢᠯᠣᠭᠤᠳᠬᠤ ᠬᠡᠯᠳᠡᠰ ᠠᠴᠠ ᠲᠣᠭᠳᠠᠭᠠᠭᠰᠠᠨ ᠨᠢ᠂ 2020  ᠣᠨ ᠤ 1  ᠰᠠᠷ᠎ᠠ ᠶᠢᠨ  30  ᠎ ᠤ ᠡᠳᠣᠷ  ᠎ ᠤᠨ ᠦᠳᠡ ᠶᠢᠨ 12  ᠴᠠᠭ ᠠᠴᠠ ᠡᠬᠢᠯᠡᠨ᠄       ᠨᠢᠭᠡ᠂  ᠪᠦᠬᠦ ᠬᠤᠰᠢᠭᠤᠨ ᠤ ᠰᠠᠭᠤᠭᠠᠯᠢ ᠠᠷᠠᠣᠨ ᠤᠨ ᠲᠤᠭᠤᠷᠢᠭ ᠲᠤ ᠲᠣᠣᠷᠠᠬᠢ ᠮᠡᠳᠣ ᠪᠠᠴᠢᠮ ᠠᠷᠭ᠎ᠠ ᠠᠪᠴᠣ ᠬᠠᠮᠢᠶᠠᠷᠣᠨ᠎ᠠ᠃          1. ᠪᠦᠬᠦ ᠡᠳᠣᠷ ᠲᠤ ᠶᠠᠮᠠᠷᠪᠠ ᠲᠡᠷᠭᠡ ᠬᠦᠰᠭᠡ ᠪᠣᠯᠣᠨ ᠭᠠᠳᠠᠨᠠᠬᠢ ᠬᠦᠮᠣᠰ ᠤᠨ ᠰᠠᠭᠤᠭᠠᠯᠢ ᠠᠷᠠᠣᠨ ᠎ ᠤᠨ ᠲᠤᠭᠤᠷᠢᠭ ᠲᠤ ᠣᠷᠣᠬᠤ ᠶᠢ ᠬᠢᠵᠠᠭᠠᠷᠯᠠᠨ᠎ᠠ᠃          2. ᠰᠠᠭᠤᠭᠠᠯᠢ ᠠᠷᠠᠣᠨ ᠤᠨ ᠲᠤᠭᠤᠷᠢᠭ ᠤᠨ ᠬᠦᠮᠣᠰ ᠤᠨ ᠭᠠᠷᠴᠣ ᠣᠷᠣᠬᠤ ᠴᠠᠭ ᠢ ᠥᠷᠯᠣᠭᠡ ᠶᠢᠨ 7  ᠴᠠᠭ —  ᠣᠷᠣᠢ ᠶᠢᠨ 20  ᠴᠠᠭ  ᠢᠶᠠᠷ  ᠬᠢᠵᠠᠭᠠᠷᠯᠠᠵᠣ᠂ ᠤᠨᠴᠠᠭᠠᠢ ᠪᠠᠴᠢᠮ ᠶᠠᠪᠣᠳᠠᠯ ᠦᠬᠡᠢ ᠪᠣᠯ ᠣᠷᠣᠵᠣ ᠭᠠᠷᠴᠣ ᠪᠣᠯᠬᠤ ᠦᠬᠡᠢ᠃          3. ᠦᠨᠡᠨᠬᠦ ᠣᠷᠣᠵᠣ ᠭᠠᠷᠬᠤ ᠴᠢᠬᠤᠯᠠ ᠲᠠᠢ ᠪᠣᠯ ᠲᠣᠣᠷᠵᠢᠭᠤᠯᠣᠨ ᠬᠠᠮᠢᠶᠠᠷᠣᠭᠴᠢ   ︵ᠰᠠᠭᠤᠭᠠᠯᠢ ᠲᠤᠭᠤᠷᠢᠭ ᠤᠨ ᠠᠳᠠᠯ ᠦᠢᠯᠡᠰ ᠤᠨ ᠬᠠᠮᠢᠶᠠᠷᠣᠯᠳᠠ ᠪᠣᠯᠣᠨ ᠨᠡᠷ᠎ᠡ ᠵᠢᠭᠠᠭᠰᠠᠨ ᠬᠠᠮᠢᠶᠠᠷᠣᠭᠴᠢ︶᠎ ᠶᠢᠨ ᠣᠷᠢᠳᠴᠢᠯᠠᠨ ᠦᠯᠡᠳᠡᠭᠡᠭᠰᠡᠨ 24  ᠴᠠᠭ ᠢᠶᠠᠷ ᠵᠢᠵᠢᠬᠦᠷᠯᠡᠬᠦ ᠤᠳᠠᠰᠤᠨ ᠳᠤ ᠮᠡᠳᠡᠭᠳᠡᠬᠦ  ᠬᠡᠷᠡᠭᠲᠠᠢ᠃        ᠬᠤᠶᠠᠷ  ᠂  ᠪᠦᠬᠦ ᠬᠤᠰᠢᠭᠤᠨ ᠳᠤ ᠲᠣᠣᠷᠠᠬᠢ ᠮᠡᠳᠣ ᠲᠡᠷᠭᠡ ᠬᠦᠰᠭᠡ ᠠᠴᠠ ᠭᠠᠳᠠᠨ᠎ᠠ ᠬᠤᠪᠢ ᠶᠢᠨ ᠲᠡᠷᠭᠡ᠂  ᠲᠦᠷᠢᠶᠡᠰᠣᠨ ᠲᠡᠷᠭᠡ᠂  ᠲᠣᠣᠷᠵᠢᠯ ᠤᠨ  ᠪᠣᠯᠵᠤᠭ᠎ᠠ ᠲᠠᠢ ᠲᠡᠷᠭᠡ ᠵᠡᠷᠭᠡ ᠮᠠᠰᠢᠨ ᠲᠡᠷᠭᠡ ᠵᠠᠮ ᠳᠤ ᠭᠠᠷᠴᠣ ᠪᠣᠯᠬᠤ ᠦᠬᠡᠢ᠃         1.  ᠪᠠᠴᠢᠮ ᠠᠪᠤᠷᠠᠯᠳᠠ ᠶᠢᠨ ᠲᠡᠷᠭᠡ ᠬᠦᠰᠭᠡ᠂  ᠬᠠᠣᠯᠢ ᠬᠡᠷᠡᠭᠵᠢᠬᠦᠯᠬᠦ ᠲᠡᠷᠭᠡ ᠬᠦᠰᠭᠡ᠂ ᠬᠤᠭ ᠨᠣᠪᠰᠢ ᠴᠡᠪᠡᠷᠯᠡᠬᠦ᠂  ᠱᠠᠯᠠᠪᠳᠠᠨ ᠵᠠᠰᠠᠨ ᠰᠡᠯᠪᠢᠬᠦ᠂ ᠪᠠᠴᠢᠮ ᠪᠠᠶᠢᠳᠠᠯ ᠢ ᠠᠷᠭᠠᠴᠠᠬᠤ ᠵᠡᠷᠭᠡ ᠨᠡᠶᠢᠭᠡᠮ ᠤᠨ ᠣᠯᠠᠨ ᠨᠡᠶᠢᠳᠡ ᠶᠢᠨ ᠪᠠᠳᠣᠯᠠᠪᠣᠷᠢ ᠶᠢᠨ ᠲᠡᠷᠭᠡ ᠬᠦᠰᠭᠡ ᠬᠡᠪ ᠤᠨ ᠶᠣᠰᠣᠭᠠᠷ ᠵᠠᠮ ᠳᠤ  ᠭᠠᠷᠴᠣ ᠪᠣᠯᠣᠨ᠎ᠠ᠃         2.  ᠦᠢᠯᠡᠳᠪᠣᠷᠢᠯᠡᠯ ᠠᠮᠢᠳᠣᠷᠠᠯ ᠤᠨ  ᠬᠡᠷᠡᠭᠴᠡᠭᠡᠳᠦ ᠪᠣᠳᠠᠰ ᠬᠦᠷᠭᠡᠬᠦ ᠲᠡᠷᠭᠡ  ᠂ ᠪᠠᠴᠢᠮ ᠠᠪᠣᠷᠠᠯᠳᠠ ᠎ ᠶᠢᠨ ᠡᠳ᠋ ᠪᠣᠳᠠᠰ ᠬᠦᠷᠭᠡᠬᠦ ᠲᠡᠷᠭᠡ᠂ ᠬᠢᠵᠢᠭ ᠤᠨ ᠪᠠᠶᠢᠳᠠᠯ ᠢ ᠰᠡᠷᠬᠡᠶᠢᠯᠡᠵᠣ ᠬᠢᠵᠠᠭᠠᠷᠯᠠᠬᠤ ᠲᠡᠷᠭᠡ ᠨᠢ ᠬᠡᠷᠡᠴᠢ ᠲᠡᠮᠳᠡᠭ  ᠎ ᠢᠶᠠᠨ ᠦᠵᠡᠬᠦᠯᠣᠨ ᠵᠠᠮ ᠳᠤ ᠭᠠᠷᠣᠨ᠎ᠠ᠃  ᠵᠠᠮ ᠳᠤ ᠭᠠᠷᠬᠤ ᠬᠡᠷᠡᠴᠢ ᠲᠡᠮᠳᠡᠭ ᠣᠯᠭᠤᠬᠤ ᠨᠢᠭᠡᠴᠡ᠄ ᠣᠩᠨᠢᠭᠤᠣᠨ ᠬᠤᠰᠢᠭᠤᠨ ᠤ ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠤᠨ ᠬᠠᠯᠳᠠᠪᠣᠷᠢᠳᠣ ᠠᠭᠤᠰᠬᠢᠨ ᠥᠷᠪᠢᠰᠣᠯ ᠎ ᠢ  ᠰᠡᠷᠬᠡᠶᠢᠯᠡᠵᠣ ᠬᠢᠵᠠᠭᠠᠷᠯᠠᠬᠤ ᠠᠵᠢᠯ  ᠎ ᠤᠨ ᠵᠢᠯᠣᠭᠤᠳᠬᠤ ᠬᠡᠯᠳᠡᠰ ᠤᠨ ᠠᠯᠪᠠᠨ ᠭᠡᠷ᠂ ᠬᠦᠯᠢᠶᠡᠨ ᠠᠪᠬᠤ ᠣᠳᠠᠰᠣ ᠄  0476 —  6352391︔        3. ᠡᠪᠡᠳᠴᠢᠲᠡᠨ ᠬᠦᠷᠭᠡᠬᠦ ᠬᠤᠪᠢ ᠡᠷᠣᠬᠡ ᠶᠢᠨ ᠲᠡᠷᠭᠡ ᠬᠦᠰᠭᠡ ᠣᠷᠢᠳᠠᠪᠡᠷ ᠵᠠᠮ ᠳᠤ ᠭᠠᠷᠴᠣ᠂ ᠲᠠᠷᠠᠭ᠎ᠠ ᠨᠢ ᠶᠠᠪᠣᠬᠤ ᠵᠠᠮ᠂  ᠬᠦᠷᠬᠦ ᠭᠠᠵᠠᠷ ᠢᠶᠠᠨ ᠵᠠᠮ ᠬᠠᠷᠢᠯᠴᠠᠭᠠᠨ ᠤ ᠴᠠᠭᠳᠠᠭᠠᠨ ᠤ ᠰᠠᠯᠠᠭ᠎ᠠ ᠮᠦᠴᠢᠷ ᠲᠤ ᠮᠡᠳᠡᠬᠦᠯᠣᠨ ᠲᠠᠩᠰᠠᠯᠠᠭᠤᠯᠬᠤ ᠬᠡᠷᠡᠭᠲᠠᠢ᠃  ᠮᠡᠳᠡᠬᠦᠯᠣᠨ  ᠲᠠᠩᠰᠠᠯᠠᠭᠤᠯᠬᠤ  ᠎ ᠶᠢ ᠬᠦᠯᠢᠶᠡᠨ ᠠᠪᠬᠤ ᠨᠢᠭᠡᠴᠡ᠄  ᠬᠤᠰᠢᠭᠤᠨ ᠤ ᠵᠠᠮ ᠬᠠᠷᠢᠯᠴᠠᠭᠠᠨ ᠤ ᠴᠠᠭᠳᠠᠭ᠎ᠠ ᠶᠢᠨ ᠶᠡᠭᠡ ᠠᠩᠬᠢ  ᠂  ᠬᠦᠯᠢᠶᠡᠨ ᠠᠪᠬᠤ ᠣᠳᠠᠰᠣ᠄ 0476 —  6341122  ᠃         4 . ᠴᠠᠭᠠᠨ ᠰᠠᠷ᠎ᠠ ᠶᠢᠨ ᠬᠤᠭᠤᠴᠠᠭᠠᠨ ᠳᠤ ᠨᠣᠳᠤᠭ ᠲᠠᠭᠠᠨ ᠢᠷᠡᠭᠰᠡᠣᠨ ᠪᠣᠴᠠᠬᠤ ᠲᠦᠯᠣᠪᠯᠡᠭᠡ ᠲᠠᠢ ᠪᠣᠯ ᠨᠡᠶᠢᠭᠡᠮ ᠲᠣᠭᠤᠷᠢᠭ ᠤᠨ ᠲᠣᠣᠷᠵᠢᠭᠤᠯᠣᠨ ᠬᠠᠮᠢᠶᠠᠷᠣᠭᠴᠢ ᠶᠢᠨ ᠣᠷᠢᠳᠴᠢᠯᠠᠨ ᠦᠯᠡᠳᠡᠭᠡᠭᠰᠡᠨ 24  ᠴᠠᠭ ᠢᠶᠠᠷ ᠵᠢᠵᠢᠬᠦᠷᠯᠡᠬᠦ ᠣᠳᠠᠰᠣ ᠶᠢ ᠤᠳᠠᠰᠤᠳᠠᠵᠤ᠂ ᠰᠣᠮᠣ ᠰᠢᠶᠠᠩ ᠪᠠᠯᠭᠠᠰᠣ ᠵᠡᠭᠡᠯᠢ ᠭᠤᠳᠣᠮᠵᠢ ᠳᠤ ᠲᠠᠩᠰᠠᠯᠠᠭᠤᠯᠣᠭᠰᠠᠨ ᠤ ᠲᠠᠷᠠᠭ᠎ᠠ ᠰᠠᠯᠵᠣ ᠶᠠᠪᠣᠵᠣ ᠪᠣᠯᠣᠨ᠎ᠠ᠃ ᠭᠡᠪᠡᠴᠣ ᠬᠢᠵᠢᠭ ᠤᠨ ᠪᠠᠶᠢᠳᠠᠯ ᠲᠠᠭᠤᠰᠬᠤ ᠠᠴᠠ ᠡᠮᠣᠨ᠎ᠡ ᠲᠠᠬᠢᠨ ᠣᠩᠨᠢᠭᠤᠣᠨ ᠬᠤᠰᠢᠭᠤᠨ ᠳᠤ ᠪᠣᠴᠠᠨ ᠢᠷᠡᠵᠣ ᠪᠣᠯᠬᠤ ᠦᠬᠡᠢ᠃  ᠠᠳᠡ ᠠᠴᠠ ᠰᠠᠯᠵᠤ ᠬᠤᠪᠸᠢ  ᠎ ᠳᠤ  ᠤᠴᠢᠬᠤ ᠎ ᠪᠠᠷ ᠲᠦᠯᠣᠪᠯᠡᠵᠣ ᠪᠠᠶᠢᠭ᠎ᠠ ᠬᠦᠮᠣᠰ ᠲᠤ ᠣᠩᠨᠢᠭᠤᠣᠨ ᠬᠤᠰᠢᠭᠤᠨ ᠤ ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠎ ᠤᠨ ᠬᠠᠯᠳᠠᠪᠣᠷᠢᠳᠣ ᠠᠭᠤᠰᠬᠢᠨ ᠥᠷᠪᠢᠰᠣᠯ ᠢ ᠰᠡᠷᠬᠡᠶᠢᠯᠡᠵᠣ ᠬᠢᠵᠠᠭᠠᠷᠯᠠᠬᠤ ᠠᠵᠢᠯ  ᠎ ᠤᠨ ᠵᠢᠯᠣᠭᠤᠳᠬᠤ ᠬᠡᠯᠳᠡᠰ ᠤᠨ ᠭᠤᠷᠪᠠᠳᠤᠭᠠᠷ  ᠲᠤᠭᠠᠳᠤ  ᠪᠠᠴᠢᠮ ᠵᠠᠷᠯᠠᠯ ᠤᠨ  ᠵᠤᠷᠢᠭ ᠰᠠᠨᠠᠭ᠎ᠠ ᠶᠢ ᠬᠡᠷᠡᠭᠵᠢᠬᠦᠯᠬᠦ ᠬᠡᠷᠡᠭᠲᠠᠢ᠃        ᠲᠡᠭᠡᠷᠡᠬᠢ ᠬᠦᠯᠢᠶᠠᠨ ᠠᠪᠬᠤ ᠨᠢᠭᠡᠴᠡ ᠨᠢ 24  ᠴᠠᠭ ᠢᠶᠠᠷ ᠲᠣᠰᠬᠠᠢ ᠬᠦᠮᠣᠨ ᠵᠢᠵᠢᠬᠦᠷᠯᠡᠬᠦ ᠬᠡᠷᠡᠭᠲᠠᠢ᠃      ᠭᠤᠷᠪᠠ᠂  ᠬᠢᠵᠢᠭ ᠤᠨ ᠪᠠᠶᠢᠳᠠᠯ  ᠎ ᠢ ᠰᠡᠷᠭᠡᠶᠢᠯᠡᠨ ᠬᠢᠵᠠᠭᠠᠷᠯᠠᠬᠤ ᠬᠤᠭᠤᠴᠠᠭᠠᠨ ᠳᠤ ᠲᠤᠤᠷᠠᠬᠢ ᠮᠡᠳᠦ  ᠠᠵᠢᠯᠯᠠᠭ᠎ᠠ ᠤᠷᠤᠰᠢᠵᠤ᠂ ᠪᠠᠶᠢᠴᠠᠭᠠᠭᠠᠳ ᠦᠨᠡᠨ  ᠪᠤᠯᠪᠠᠯ᠂ ᠬᠠᠤᠯᠢ ᠶᠤᠰᠤᠭᠠᠷ ᠴᠢᠩᠭ᠎ᠠ ᠴᠤᠬᠢᠯᠳᠠ ᠦᠭᠬᠦᠨ᠎ᠡ᠃       1. ᠵᠤᠷᠢᠯᠭ᠎ᠠ ᠲᠠᠢ ᠲᠤᠳᠠᠭᠠᠨ ᠵᠠᠶᠢᠯᠠᠬᠤ᠂ ᠮᠠᠭᠤ ᠰᠠᠨᠠᠭᠠᠨ ᠤ ᠡᠭᠦᠳᠡᠨ ᠠᠴᠠ ᠬᠠᠷᠰᠢᠯᠠᠬᠤ ᠵᠡᠷᠭᠡ ᠬᠡᠯᠪᠡᠷᠢ ᠎ ᠪᠠᠷ ᠬᠢᠵᠢᠭ ᠢ ᠰᠡᠷᠭᠡᠶᠢᠯᠡᠬᠦ᠂ ᠬᠢᠵᠢᠭ ᠢ ᠪᠠᠶᠢᠴᠠᠭᠠᠬᠤ᠂ ᠲᠤᠰᠠᠭᠠᠷᠯᠠᠬᠤ ᠠᠷᠭ᠎ᠠ ᠠᠪᠴᠠᠯ ᠲᠠᠢ ᠬᠠᠮᠵᠢᠯᠴᠠᠬᠤ ᠦᠭᠡᠢ  ᠪᠠᠶᠢᠬᠤ  ︔        2.  ᠭᠤᠳᠤᠭᠠᠨ ᠬᠠᠷᠢᠶᠠᠬᠤ᠂ ᠲᠦᠯᠬᠢᠵᠥ ᠲᠠᠳᠠᠬᠤ ᠵᠡᠷᠭᠡ ᠬᠦᠴᠥᠷᠭᠡᠭᠯᠡᠯ ᠤᠨ ᠠᠷᠭ᠎ᠠ  ᠎ ᠪᠠᠷ ᠬᠢᠵᠢᠭ ᠤᠨ ᠪᠠᠶᠢᠳᠠᠯ  ᠎ ᠢ ᠰᠡᠷᠭᠡᠶᠢᠯᠡᠨ ᠬᠢᠵᠠᠭᠠᠷᠯᠠᠬᠤ ᠠᠵᠢᠯᠳᠠᠳ ᠤᠨ ᠬᠠᠤᠯᠢ ᠶᠤᠰᠤᠭᠠᠷ ᠬᠢᠵᠢᠭ ᠢ ᠰᠡᠷᠭᠡᠶᠢᠯᠡᠬᠦ  ᠲᠤᠰᠢᠶᠠᠯ ᠢᠶᠠᠨ ᠭᠦᠢᠴᠡᠳᠭᠡᠬᠦ ᠶᠢ ᠬᠠᠷᠰᠢᠯᠠᠭᠰᠡᠨ︔        3. ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠲᠤ ᠬᠠᠯᠳᠠᠪᠦᠷᠢᠯᠠᠭᠳᠠᠭᠰᠡᠨ ᠪᠤᠯᠤᠯᠴᠠᠭ᠎ᠠ ᠲᠠᠢ ᠪᠠᠨ ᠮᠠᠳᠠᠵᠤ ᠪᠠᠶᠢᠭᠠᠳ᠂  ᠵᠤᠷᠢᠯᠭ᠎ᠠ ᠲᠠᠢ ᠪᠠᠷ ᠤᠯᠠᠨ ᠨᠡᠶᠢᠳᠡ ᠶᠢᠨ ᠲᠠᠯᠠᠪᠤᠷ ᠲᠤ ᠤᠴᠢᠬᠤ ᠪᠤᠶᠤ ᠪᠠᠶᠢᠳᠠᠯ ᠢᠶᠠᠨ ᠨᠢᠭᠤᠨ ᠲᠠᠯᠳᠠᠯᠠᠵᠤ ᠪᠤᠰᠤᠳ ᠲᠠᠢ  ᠤᠶᠢᠷᠠᠳᠤᠭᠰᠡᠨ︔        4. ᠦᠨ᠎ᠡ ᠬᠠᠩᠰᠢ ᠶᠢ ᠦᠷᠢᠰᠥᠯᠳᠥᠨ ᠦᠰᠭᠡᠬᠦ᠂ ᠰᠦᠯᠪᠡᠭᠡᠯᠡᠨ ᠦᠰᠭᠡᠬᠦ᠂ ᠬᠤᠷᠠᠮᠳᠤᠯᠠᠭᠤᠯᠤᠨ ᠲᠠᠷᠤᠵᠤ ᠬᠤᠨᠵᠢᠨ ᠵᠠᠪᠰᠢᠬᠤ ᠵᠡᠷᠭᠡ ᠠᠵᠢᠯᠯᠠᠭ᠎ᠠ ᠪᠠᠷ ᠵᠠᠬ᠎ᠠ ᠲᠡᠯᠭᠡᠭᠦᠷ ᠤᠨ ᠡᠮᠬᠢ ᠲᠢᠭᠯᠢᠮ ᠢ ᠰᠠᠮᠠᠭᠤᠷᠠᠭᠤᠯᠤᠭᠰᠠᠨ︔         5. ᠬᠠᠭᠤᠷᠮᠠᠭ ᠮᠠᠭᠤ ᠠᠮᠠᠪᠴᠢ᠂ ᠰᠡᠷᠭᠡᠶᠢᠯᠡᠵᠥ ᠬᠠᠮᠠᠭᠠᠯᠠᠬᠤ ᠬᠤᠪᠴᠠᠰᠤ ᠵᠡᠷᠭᠡ ᠰᠡᠷᠭᠡᠶᠢᠯᠡᠵᠥ ᠬᠠᠮᠠᠭᠠᠯᠠᠬᠤ ᠬᠡᠷᠡᠭᠰᠡᠯ᠂ ᠡᠮ ᠡᠮᠨᠡᠯᠭᠡ ᠶᠢᠨ ᠡᠳ᠋ ᠪᠤᠳᠠᠰ ᠢ ᠦᠢᠯᠡᠳᠪᠥᠷᠢᠯᠡᠵᠥ  ᠪᠤᠷᠤᠯᠠᠭᠤᠯᠤᠭᠰᠡᠨ︔         6. ᠬᠤᠰᠢᠭᠤᠨ ᠤ ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠤᠨ ᠬᠠᠯᠳᠠᠪᠤᠷᠢᠳᠤ ᠠᠭᠤᠰᠬᠢᠨ ᠦᠷᠪᠢᠰᠥᠯ ᠢ ᠰᠡᠷᠭᠡᠶᠢᠯᠡᠨ ᠬᠢᠵᠠᠭᠠᠷᠯᠠᠬᠤ ᠠᠵᠢᠯ ᠤᠨ ᠵᠢᠯᠤᠭᠤᠳᠬᠤ ᠬᠡᠯᠳᠡᠰ ᠤᠨ ᠮᠡᠳᠡᠭᠳᠡᠯ᠂ ᠵᠠᠷᠯᠠᠯ  ᠎ ᠢ ᠬᠡᠷᠡᠭᠵᠢᠬᠦᠯᠬᠦ ᠶᠢ ᠡᠰᠡᠷᠭᠦᠴᠡᠭᠰᠡᠨ  ᠵᠡᠷᠭᠡ ᠠᠵᠢᠯᠯᠠᠭ᠎ᠠ  ︔      ᠲᠦᠷᠪᠡ᠂ ᠤᠳᠤᠬᠠᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠲᠦᠭᠰᠢᠭᠦᠷᠢᠳᠡᠢ ᠪᠠᠶᠢᠳᠠᠯ ᠢ ᠦᠨᠳᠥᠰᠥᠯᠡᠨ᠂ ᠦᠷᠭᠡᠨ ᠤᠯᠠᠨ ᠲᠦᠮᠡᠨ ᠦᠵᠡᠯ ᠰᠠᠨᠠᠭᠠᠨ ᠤ ᠲᠠᠨᠢᠯᠳᠠ ᠪᠤᠯᠤᠨ ᠦᠪᠡᠷ ᠢ ᠪᠠᠨ ᠬᠠᠮᠠᠭᠠᠯᠠᠬᠤ ᠲᠠᠨᠢᠯᠳᠠ ᠪᠠᠨ ᠲᠡᠭᠡᠭᠰᠢᠯᠡᠭᠦᠯᠵᠥ᠂ ᠬᠢᠵᠢᠭ ᠤᠨ ᠪᠠᠶᠢᠳᠠᠯ ᠢ ᠬᠤᠯᠪᠤᠭᠠᠯᠠᠨ ᠰᠡᠷᠭᠡᠶᠢᠯᠡᠵᠥ ᠬᠤᠯᠪᠤᠭᠠᠯᠠᠨ ᠬᠢᠵᠠᠭᠠᠷᠯᠠᠬᠤ ᠂ ᠤᠯᠠᠨ ᠢᠶᠠᠷ ᠢᠶᠠᠨ ᠰᠡᠷᠭᠡᠶᠢᠯᠡᠵᠥ ᠤᠯᠠᠨ ᠢᠶᠠᠷ ᠢᠶᠠᠨ ᠬᠢᠵᠠᠭᠠᠷᠯᠠᠬᠤ ᠠᠵᠢᠯᠯᠠᠭ᠎ᠠ ᠳᠤ ᠬᠦᠳᠡᠯᠥᠩᠬᠦᠢ ᠢᠳᠡᠪᠬᠢᠳᠡᠢ ᠤᠷᠤᠯᠴᠠᠨ ᠲᠡᠮᠵᠢᠵᠤ᠂ ᠠᠯᠢ ᠴᠢᠳᠠᠬᠤ ᠪᠠᠷ ᠭᠠᠳᠠᠭᠰᠢ ᠭᠠᠷᠬᠤ ᠪᠠᠨ ᠴᠦᠬᠡᠳᠬᠡᠨ᠂ ᠤᠶᠢᠷ᠎ᠠ ᠰᠠᠳᠤᠨ ᠨᠠᠶᠢᠵᠠ ᠨᠦᠬᠦᠳ ᠲᠠᠢ ᠪᠠᠨ ᠰᠢᠨ᠎ᠡ ᠵᠢᠯ ᠴᠠᠭᠠᠨ ᠰᠠᠷ᠎ᠠ ᠶᠢᠨ  ᠵᠤᠯᠭᠠᠯᠳᠠ  ᠬᠢᠵᠥ ᠲᠡᠶᠢᠯᠬᠦ ᠦᠭᠡᠢ ᠪᠠᠨ ᠤᠷᠢᠳᠴᠢᠯᠠᠨ ᠮᠡᠳᠡᠭᠳᠡᠬᠦ ᠶᠢᠨ ᠬᠠᠮᠳᠤ  ᠬᠦᠳᠡᠯᠦᠩᠬᠦᠢ ᠪᠠᠷ ᠲᠡᠪᠴᠢᠬᠦ ᠬᠡᠷᠡᠭᠲᠠᠢ  ᠃             ᠤᠩᠨᠢᠭᠤᠳ ᠬᠤᠰᠢᠭᠤᠨ ᠤ ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠤᠨ ᠬᠠᠯᠳᠠᠪᠤᠷᠢᠳᠤ        ᠠᠭᠤᠰᠬᠢᠨ  ᠦᠷᠪᠢᠰᠥᠯ  ᠎ ᠢ  ᠰᠡᠷᠭᠡᠶᠢᠯᠡᠨ ᠬᠢᠵᠠᠭᠠᠷᠯᠠᠬᠤ ᠠᠵᠢᠯ ᠤᠨ ᠵᠢᠯᠤᠭᠤᠳᠬᠤ ᠬᠡᠯᠳᠡᠰ                                        2020 ᠤᠨ ᠤ 1  ᠰᠠᠷ᠎ᠠ ᠶᠢᠨ 30  ᠎ ᠤ  ᠡᠳᠥᠷ
 
ᠢᠷᠡᠯᠲᠡ᠄ ᠤᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠠᠯᠪᠠᠨ ᠬᠡᠷ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号