ᠬᠤᠰᠢᠭᠤᠨ ᠲᠣᠳᠣᠷᠠᠬᠢ ᠬᠡᠰᠡᠭ ᠪᠦᠯᠣᠭ᠌ ᠵᠠᠮ ᠱᠣᠭᠤᠮ ᠢ ᠬᠢᠵᠠᠭᠠᠷᠯᠠᠵᠣ ᠬᠠᠮᠢᠶᠠᠷᠠᠬᠤ ᠲᠣᠬᠠᠢ ᠪᠠᠴᠢᠮ ᠮᠡᠳᠡᠭᠳᠡᠯ
ᠨᠡᠶᠢᠲᠡᠯᠡᠭᠰᠡᠨ ᠴᠠᠭ᠄
2020/2/4
                    ︵ ᠲᠦᠷᠪᠡᠳᠣᠭᠡᠷ ᠲᠣᠭᠠᠳᠣ︶              ᠣᠯᠠᠭᠠᠨᠬᠠᠳᠠ ᠬᠤᠳᠠ ᠶᠢᠨ ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠤᠨ ᠬᠠᠯᠳᠠᠪᠣᠷᠢᠳᠣ ᠠᠭᠤᠰᠬᠢᠨ ᠥᠷᠪᠢᠰᠣᠯ ᠢ ᠰᠡᠷᠬᠡᠶᠢᠯᠡᠨ ᠬᠢᠵᠠᠭᠠᠷᠯᠠᠬᠤ ᠠᠵᠢᠯ ᠤᠨ ᠵᠢᠯᠣᠭᠤᠳᠬᠤ ᠬᠡᠯᠳᠡᠰ ᠤᠨ  ︵ᠬᠤᠶᠠᠳᠣᠭᠠᠷ ᠵᠠᠷᠯᠢᠭ︶   ᠤᠨ ᠱᠠᠭᠠᠷᠳᠠᠯᠭ᠎ᠠ ᠶᠢ ᠦᠨᠳᠣᠰᠣᠯᠡᠵᠣ᠂  ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠤᠨ ᠬᠠᠯᠳᠠᠪᠣᠷᠢᠳᠣ ᠠᠭᠤᠰᠬᠢᠨ ᠥᠷᠪᠢᠰᠣᠯ ᠤᠨ ᠬᠢᠵᠢᠭ ᠢ ᠰᠡᠷᠬᠡᠶᠢᠯᠡᠨ ᠬᠢᠵᠠᠭᠠᠷᠯᠠᠬᠤ ᠠᠵᠢᠯ ᠢ ᠣᠯᠠᠮ ᠨᠢᠭᠡ ᠠᠯᠬᠤᠮ ᠰᠠᠶᠢᠳᠣᠷ ᠬᠢᠬᠦ ᠶᠢᠨ ᠲᠦᠯᠣᠭᠡ᠂ ᠣᠩᠨᠢᠭᠤᠣᠨ ᠬᠤᠰᠢᠭᠤᠨ ᠤ ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠤᠨ ᠬᠠᠯᠳᠠᠪᠣᠷᠢᠳᠣ ᠠᠭᠤᠰᠬᠢᠨ ᠥᠷᠪᠢᠰᠣᠯ ᠢ  ᠰᠡᠷᠬᠡᠶᠢᠯᠡᠨ ᠬᠢᠵᠠᠭᠠᠷᠯᠠᠬᠤ ᠠᠵᠢᠯ ᠤᠨ ᠵᠢᠯᠣᠭᠤᠳᠬᠤ ᠬᠡᠯᠳᠡᠰ ᠠᠴᠠ ᠲᠣᠭᠳᠠᠭᠠᠯ ᠭᠠᠷᠭᠠᠨ ᠲᠣᠰ ᠡᠳᠣᠷ ᠠᠴᠠ ᠡᠬᠢᠯᠡᠨ᠄         ᠨᠢᠭᠡ᠂  ᠪᠣᠷᠣᠬᠤᠳᠠ ᠶᠢᠨ ᠬᠤᠳᠠ ᠲᠣᠭᠤᠶᠢᠯᠠᠭᠰᠠᠨ ᠵᠠᠮ ᠤᠨ ᠠᠭᠤᠯᠵᠠᠭᠤᠷ᠂ ᠬᠠᠶᠢᠯᠠᠰᠣ ᠵᠡᠭᠡᠯᠢ ᠶᠢᠨ ᠠᠭᠤᠯᠵᠠᠭᠤᠷ  ︵ ᠣᠷᠣᠵᠣ  ᠭᠠᠷᠴᠣ ᠪᠣᠯᠣᠨ᠎ᠠ  ︶  ᠂ S304 ᠵᠠᠮ ᠬᠢᠭᠡᠣᠨ ᠵᠡᠭᠦᠨ ᠭᠠᠳᠠᠨ᠎ᠠ ᠲᠤᠭᠤᠷᠢᠯᠳᠠ  ᠶᠢᠨ ᠵᠠᠮ ᠤᠨ ᠠᠭᠤᠯᠵᠠᠭᠤᠷ ︵ᠤᠷᠤᠵᠤ ᠭᠠᠷᠴᠦ ᠪᠤᠯᠤᠨ᠎ᠠ︶᠂ G306 ᠵᠠᠮ ︵ᠤᠤᠯ ᠤᠨ S 205 ᠵᠠᠮ  ︶ ᠪᠤᠯᠤᠨ ᠬᠤᠶᠢᠳᠤ ᠭᠠᠳᠠᠨ᠎ᠠ ᠲᠤᠭᠤᠷᠢᠯᠳᠠ ᠶᠢᠨ ᠵᠠᠮ ᠤᠨ ᠠᠭᠤᠯᠵᠠᠭᠤᠷ ︵ᠭᠠᠷᠴᠦ ᠪᠤᠯᠤᠨ᠎ᠠ︶  ᠂  G306 ᠵᠠᠮ ᠪᠤᠯᠤᠨ ᠡᠮᠦᠨ᠎ᠡ ᠭᠠᠳᠠᠨ᠎ᠠ ᠲᠤᠭᠤᠷᠢᠯᠳᠠ ᠶᠢᠨ ᠵᠠᠮ ᠤᠨ ᠠᠭᠤᠯᠵᠠᠭᠤᠷ ︵ᠭᠠᠷᠴᠦ ᠪᠤᠯᠤᠨ᠎ᠠ︶᠂  205 ᠮᠤᠵᠢ  ᠶᠢᠨ  ᠵᠠᠮ  ᠪᠤᠯᠤᠨ ᠬᠤᠶᠢᠳᠤ ᠲᠤᠭᠤᠷᠢᠯᠳᠠ ᠶᠢᠨ ᠠᠭᠤᠯᠵᠠᠭᠤᠷ  ᠵᠠᠮ ︵ᠭᠠᠷᠴᠦ ᠪᠤᠯᠤᠨ᠎ᠠ  ︶  ᠨᠡᠪᠳᠡᠷᠡᠭᠦ ᠠᠴᠠ ᠭᠠᠳᠠᠨ᠎ᠠ ᠪᠤᠰᠤᠳ ᠬᠤᠳᠠ ᠪᠠᠯᠭᠠᠰᠤᠨ   ᠳᠤ ᠤᠷᠤᠵᠤ ᠭᠠᠷᠬᠤ  ᠵᠠᠮ ᠤᠨ ᠠᠭᠤᠯᠵᠠᠭᠤᠷ   ᠢ  ᠪᠦᠬᠦᠨ ᠢ ᠪᠢᠳᠡᠭᠦᠮᠵᠢᠯᠡᠨ᠎ᠡ᠃        ᠬᠤᠶᠠᠷ᠂ ᠪᠤᠷᠤᠬᠤᠳᠠ ᠶᠢᠨ ᠬᠤᠳᠠ ᠲᠤᠭᠤᠷᠢᠭ ᠲᠤ ᠤᠷᠤᠬᠤ ᠪᠠᠷ ᠲᠦᠯᠦᠪᠡᠯᠡᠵᠤ ᠪᠠᠶᠢᠭ᠎ᠠ ᠲᠡᠷᠭᠡ ᠬᠦᠰᠭᠡ ᠬᠠᠰᠯᠤᠤ ᠵᠠᠮ ᠪᠤᠯᠤᠨ ᠬᠠᠶᠢᠯᠠᠰᠤ ᠵᠡᠭᠡᠯᠢ ᠶᠢᠨ ᠠᠭᠤᠯᠵᠠᠭᠤᠷ᠂  S304 ᠵᠠᠮ ᠪᠤᠯᠤᠨ ᠵᠡᠭᠦᠨ ᠭᠠᠳᠠᠨ᠎ᠠ ᠲᠤᠭᠤᠷᠢᠯᠳᠠ ᠶᠢᠨ ᠵᠠᠮ ᠤᠨ ᠠᠭᠤᠯᠵᠠᠭᠤᠷ ᠢᠶᠠᠷ ᠲᠤᠭᠤᠷᠢᠨ ᠶᠠᠪᠤᠬᠤ ᠶᠢᠨ ᠬᠠᠮᠳᠤ ᠪᠡᠶ᠎ᠡ ᠶᠢᠨ ᠬᠠᠯᠠᠭᠤᠨ ᠤ ᠬᠡᠮᠵᠢᠯᠳᠡ᠂ ᠰᠡᠷᠭᠡᠶᠢᠯᠡᠨ ᠬᠢᠵᠠᠷᠭᠠᠯᠠᠬᠤ ᠪᠠᠶᠢᠴᠠᠭᠠᠯᠳᠠ ᠵᠢᠴᠢ ᠢᠳᠬᠠᠨ  ᠪᠤᠴᠠᠭᠠᠯᠭᠠᠬᠤ  ᠵᠡᠷᠭᠡ ᠠᠵᠢᠯ ᠳᠤ  ᠬᠠᠮᠵᠢᠯᠴᠠᠬᠤ ᠬᠡᠷᠡᠭᠲᠠᠢ᠃       ᠭᠤᠷᠪᠠ᠂  ᠤᠯᠠᠭᠠᠨᠬᠳᠠ ᠶᠢᠨ ᠪᠤᠰᠤ ᠲᠡᠷᠭᠡ ᠬᠦᠰᠭᠡ  ᠪᠣᠯᠣᠨ ᠬᠦᠮᠦᠰ   ᠤᠨ ᠪᠤᠷᠤᠬᠤᠳᠠ ᠶᠢᠨ ᠬᠤᠳᠠ ᠲᠤᠭᠤᠷᠢᠭ ᠲᠤ ᠣᠷᠣᠬᠤ ᠶᠢ ᠴᠠᠭᠠᠵᠠᠯᠠᠵᠤ᠂ ᠡᠬᠦᠨ ᠢᠶᠠᠷ ᠥᠩᠭᠡᠷᠡᠬᠦ ᠲᠡᠷᠭᠡ ᠬᠦᠰᠭᠡ ᠪᠦᠬᠦᠨ ᠢᠶᠠᠷ ᠭᠠᠳᠠᠨ᠎ᠠ ᠲᠤᠭᠤᠷᠢᠯᠳᠠ ᠵᠠᠮ ᠢᠶᠠᠷ ᠲᠤᠭᠤᠷᠢᠨ  ᠶᠠᠪᠤᠬᠤ ᠬᠡᠷᠡᠭᠲᠠᠢ᠃ ᠤᠯᠠᠭᠠᠬᠠᠳᠠ ᠶᠢᠨ ᠪᠤᠰᠤ ᠲᠡᠷᠭᠡ ᠬᠦᠰᠭᠡ  ᠳ᠋ᠠᠨᠳᠦ᠋ᠩ  ᠠᠴᠠ ᠰᠢᠯᠢᠨᠬᠤᠳᠠ ᠬᠦᠷᠬᠦ ᠦᠨᠳᠦᠷ ᠬᠤᠷᠳᠤᠴᠠᠳᠤ ᠵᠠᠰᠠᠮᠠᠯ ᠵᠠᠮ ᠤᠨ ᠪᠤᠷᠤᠬᠤᠳᠠ ᠳᠤ ᠪᠠᠭᠤᠬᠤ ᠭᠠᠵᠠᠷ᠂  ᠴᠢᠶᠤᠤ ᠲᠸᠦ ᠳᠤ ᠪᠠᠭᠤᠬᠤ ᠭᠠᠵᠠᠷ ᠠᠴᠠ ᠭᠠᠷᠬᠤ   ᠶᠢ ᠴᠠᠭᠠᠵᠠᠯᠠᠨ᠎ᠠ᠃      ᠲᠦᠷᠪᠡ᠂  ᠪᠠᠴᠢᠮ ᠠᠪᠤᠷᠠᠯᠳᠠ ᠶᠢᠨ  ᠡᠳ᠋ ᠪᠤᠳᠠᠰ ᠤᠨ ᠲᠡᠭᠡᠭᠡᠪᠦᠷᠢ ᠶᠢᠨ ᠲᠡᠷᠭᠡ ᠬᠦᠰᠭᠡ  ᠂ ᠠᠮᠢᠳᠤᠷᠠᠯ  ᠤᠨ ᠴᠢᠬᠤᠯᠠ ᠬᠡᠷᠡᠭᠰᠡᠯ ᠤᠨ ᠲᠡᠭᠡᠭᠡᠪᠦᠷᠢ ᠶᠢᠨ ᠲᠡᠷᠭᠡ ᠬᠦᠰᠭᠡ᠂ ᠪᠠᠴᠢᠮ ᠠᠪᠤᠷᠠᠯᠳᠠ ᠶᠢᠨ ᠲᠡᠷᠭᠡ ᠬᠦᠰᠭᠡ ᠵᠢᠴᠢ ᠵᠢᠯᠤᠭᠤᠴᠢ ᠦᠢᠯᠡᠴᠢᠯᠡᠭᠴᠢᠳ ᠨᠢ ᠰᠤᠷᠠᠭ ᠵᠠᠩᠬᠢ ᠶᠢᠨ ᠲᠠᠩᠰᠠᠯᠠᠯᠳᠠ᠂ ᠪᠡᠶ᠎ᠡ ᠶᠢᠨ ᠬᠠᠯᠠᠭᠤᠨ ᠤ ᠬᠡᠮᠵᠢᠯᠳᠡ᠂  ᠲᠡᠷᠭᠡ ᠬᠦᠰᠭᠡ ᠶᠢᠨ ᠠᠷᠢᠭᠤᠳᠬᠠᠯ ᠵᠡᠷᠭᠡ ᠶᠢ ᠬᠦᠢᠴᠡᠳᠭᠡᠭᠰᠡᠨ ᠤ  ᠲᠠᠷᠠᠭ᠎ᠠ ᠪᠤᠷᠤᠬᠤᠳᠠ ᠶᠢᠨ ᠬᠤᠳᠠ ᠲᠤᠭᠤᠷᠢᠭ  ᠲᠤ ᠤᠷᠤᠵᠤ ᠪᠤᠯᠤᠨ᠎ᠠ᠃     ᠲᠠᠪᠤ᠂ ᠪᠤᠷᠬᠤᠳᠠ ᠶᠢᠨ ᠬᠤᠳᠠ ᠲᠤᠭᠤᠷᠢᠭ ᠤᠨ ᠲᠦᠷᠢᠶᠡᠰᠦᠨ ᠮᠠᠰᠢᠨ ᠲᠡᠷᠭᠡ ᠨᠢ ᠵᠦᠪᠬᠡᠨ ᠭᠠᠳᠠᠨ᠎ᠠ ᠲᠤᠭᠤᠷᠢᠯᠳᠠ ᠶᠢᠨ ᠵᠠᠮ ᠤᠨ ᠲᠤᠳᠤᠷ᠎ᠠ ᠦᠢᠯᠴᠢᠯᠡᠭᠡ ᠬᠢᠵᠤ ᠬᠤᠳᠠ ᠲᠤᠭᠤᠷᠢᠭ ᠠᠴᠠ ᠭᠠᠷᠴᠦ ᠪᠤᠯᠬᠤ ᠦᠭᠡᠢ᠃                 ᠤᠩᠨᠢᠭᠤᠳ ᠬᠤᠰᠢᠭᠤᠨ ᠤ ᠰᠢᠨ᠎ᠡ ᠬᠡᠯᠪᠡᠷᠢ ᠶᠢᠨ ᠲᠢᠳᠡᠮᠯᠢᠭ ᠸᠢᠷᠦᠰ ᠤᠨ ᠬᠠᠯᠳᠠᠪᠦᠷᠢᠳᠦ           ᠠᠭᠤᠰᠬᠢᠨ ᠦᠷᠪᠢᠰᠦᠯ ᠢ ᠰᠡᠷᠭᠡᠶᠢᠯᠡᠨ ᠬᠢᠵᠠᠭᠠᠷᠯᠠᠬᠤ  ᠠᠵᠢᠯ ᠤᠨ ᠵᠢᠯᠣᠭᠤᠳᠬᠤ ᠬᠡᠯᠳᠡᠰ                                              2020  ᠣᠨ 1 ᠰᠠᠷ᠎ᠠ ᠶᠢᠨ 28   ᠤ ᠡᠳᠣᠷ
 
ᠢᠷᠡᠯᠲᠡ᠄ ᠤᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠠᠯᠪᠠᠨ ᠬᠡᠷ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号