| 2020 ᠤᠨ ᠤ 4 ᠰᠠᠷ᠎ᠠ ᠶᠢᠨ 15 ᠤ ᠡᠳᠤᠷ ᠪᠣᠯᠣᠭᠰᠠᠨᠤᠩᠨᠢᠭᠤᠳ ᠬᠤᠰᠢᠭᠤᠨ ᠤ ᠠᠷᠪᠠᠨ | ᠲᠤᠯᠤᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠳᠦᠷᠪᠡᠳᠣᠬᠡᠷ ᠤᠳᠠᠭᠠᠨ ᠤ | ᠬᠤᠷᠠᠯᠳᠤᠭᠠᠨ ᠲᠡᠭᠡᠷ᠎ᠡ | ᠣᠩᠨᠢᠭᠤᠳ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ | ᠬᠤᠷᠢᠶ᠎ᠠ ᠶᠢᠨ ᠡᠷᠬᠢᠯᠡᠭᠴᠢ ᠵᠠᠩ ᠮᠢᠩ ᠵᠢᠶᠦ᠋ᠨ | ᠲᠦᠯᠦᠭᠡᠯᠡᠭᠴᠢᠳ ᠡ᠄ | ᠡᠳᠤᠭᠡ ᠪᠢ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ | ᠬᠤᠷᠢᠶ᠎ᠠ ᠶᠢᠨ ᠨᠡᠶᠢᠳᠡᠯᠭ᠎ᠠ ᠪᠠᠷ ᠶᠡᠭᠡ ᠬᠤᠷᠠᠯ ᠳᠤ ᠠᠵᠢᠯ ᠤᠨ ᠮᠡᠳᠡᠭᠦᠯᠤᠯᠳᠠ ᠬᠢᠶ᠎ᠡ᠂ ᠬᠢᠨᠡᠨ ᠵᠦᠪᠯᠡᠬᠦ ᠪᠤᠯᠪᠠᠤ᠃ | ᠦᠩᠭᠡᠷᠡᠭᠰᠡᠨ ᠨᠢᠬᠡ ᠵᠢᠯ ᠤᠨ ᠭᠤᠤᠯ ᠠᠵᠢᠯ ᠤᠨ ᠳᠣᠬᠠᠢ | 2019 ᠣᠨ ᠪᠣᠯ ᠰᠢᠨ᠎ᠡ ᠳᠣᠮᠳᠠᠳᠣ ᠣᠯᠣᠰ ᠪᠠᠶᠢᠭᠤᠯᠣᠭᠳᠠᠭᠰᠠᠨ 70 ᠵᠢᠯ ᠤᠨ ᠣᠢ ᠂ ᠪᠦᠬᠦ | ᠳᠠᠯ᠎ᠠ ᠪᠠᠷ ᠴᠢᠨᠡᠭᠡᠯᠢᠭ ᠨᠡᠶᠢᠬᠡᠮ ᠢ ᠪᠠᠶᠢᠭᠤᠯᠬᠤ ᠵᠠᠩᠬᠢᠯᠠᠭ᠎ᠠ ᠶᠢᠨ ᠵᠢᠯ ᠪᠦᠬᠡᠳ ᠣᠷᠣᠨ ᠨᠣᠳᠤᠭ ᠤᠨ ᠠᠷᠠᠳ ᠤᠨ | ᠳᠦᠯᠬᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠪᠠᠶᠢᠭᠤᠯᠣᠭᠳᠠᠭᠰᠠᠨ40 ᠵᠢᠯ ᠤᠨ ᠣᠢ ᠪᠣᠯᠣᠨ᠎ᠠ᠃ | ᠦᠩᠭᠡᠷᠡᠭᠰᠡᠨ ᠨᠢᠬᠡ ᠵᠢᠯ ᠳᠤ᠂ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ | ᠶᠢᠨ ᠬᠤᠷᠢᠶ᠎ᠠ ᠨᠢ ᠬᠤᠰᠢᠭᠤᠨ ᠤ ᠨᠠᠮ ᠤᠨ ᠬᠤᠷᠢᠶ᠎ᠠ ᠶᠢᠨ ᠤᠳᠤᠷᠢᠳᠤᠯᠭ᠎ᠠ ᠲᠤᠤᠷ᠎ᠠ᠂ ᠰᠢ ᠶᠢᠨ ᠫᠢᠩ ᠤᠨ ᠰᠢᠨ᠎ᠡ | ᠴᠠᠭ ᠦᠶ᠎ᠡ ᠶᠢᠨ ᠲᠤᠮᠳᠠᠳᠦ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ | ᠵᠢᠯᠣᠭᠤᠳᠣᠭᠤᠯᠵᠣ᠂ ᠨᠠᠮ ᠤᠨ ᠠᠷᠪᠠ ᠶᠢᠰᠦᠳᠤᠭᠡᠷ ᠶᠡᠭᠡ ᠬᠤᠷᠠᠯ᠂ ᠠᠷᠪᠠ ᠶᠢᠰᠦᠳᠤᠭᠡᠷ ᠬᠤᠭᠤᠴᠠᠭᠠᠨ ᠤ | ᠬᠤᠶᠠᠳᠤᠭᠠᠷ᠂ ᠭᠤᠷᠪᠠᠳᠤᠭᠠᠷ᠂ ᠳᠦᠷᠪᠡᠳᠣᠭᠡᠷ ᠪᠦᠭᠦᠳᠡ ᠬᠤᠷᠠᠯ ᠤᠨ ᠵᠤᠷᠢᠭ ᠰᠠᠨᠠᠭ᠎ᠠ ᠶᠢ ᠭᠦᠨᠵᠡᠭᠡᠢ ᠰᠤᠷᠤᠯᠴᠠᠨ᠂ | ᠬᠤᠰᠢᠭᠤᠨ ᠤ ᠨᠠᠮ ᠤᠨ ᠬᠤᠷᠢᠶ᠎ᠠ ᠶᠢᠨ ᠰᠢᠢᠳᠪᠦᠷᠢᠳᠣ ᠪᠣᠳᠣᠯᠭ᠎ᠠ ᠪᠠᠶᠢᠷᠢᠯᠠᠭᠤᠯᠣᠯᠳᠠ ᠶᠢ ᠨᠠᠷᠢᠨ ᠬᠢᠨᠠᠮᠠᠭᠠᠢ | ᠳᠣᠭᠤᠰᠢᠯᠠᠭᠤᠯᠵᠣ᠂ ᠡᠬᠦᠷᠬᠡ ᠴᠢᠳᠠᠮᠵᠢ ᠶᠢ ᠳᠣᠭᠳᠠᠭᠠᠬᠤ ᠪᠠᠷ ᠰᠠᠭᠤᠷᠢᠯᠠᠵᠣ᠂ ᠦᠨᠳᠦᠰᠦᠨ ᠬᠠᠣᠯᠢ ᠪᠠ ᠬᠠᠣᠯᠢ | ᠴᠠᠭᠠᠵᠠ ᠠᠴᠠ ᠰᠣᠶᠣᠷᠬᠠᠭᠰᠠᠨ ᠡᠬᠦᠷᠬᠡ ᠬᠠᠷᠢᠭᠤᠴᠠᠯᠭ᠎ᠠ ᠪᠠᠨ ᠦᠨᠡᠨ ᠬᠦ ᠡᠬᠦᠷᠬᠡᠯᠡᠵᠣ᠂ ᠬᠤᠰᠢᠭᠤᠨ ᠤ ᠠᠷᠪᠠᠨ | ᠲᠤᠯᠤᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠭᠤᠷᠪᠠᠳᠣᠭᠠᠷ ᠤᠳᠠᠭᠠᠨ | ᠤ ᠬᠤᠷᠠᠯᠳᠤᠭᠠᠨ ᠠᠴᠠ ᠳᠣᠭᠳᠠᠭᠠᠭᠰᠠᠨ ᠡᠯ᠎ᠡ ᠳᠦᠷᠦᠯ ᠤᠨ ᠬᠠᠷᠠᠯᠳᠠ ᠡᠬᠦᠷᠬᠡ ᠶᠢ ᠳᠡᠬᠦᠰ ᠠᠮᠵᠢᠯᠳᠠ ᠲᠠᠢ | ᠪᠡᠶᠡᠯᠡᠬᠦᠯᠵᠣ᠂ ᠪᠦᠬᠦ ᠬᠤᠰᠢᠭᠤᠨ ᠤ ᠠᠵᠣ ᠠᠬᠤᠢ ᠨᠡᠶᠢᠬᠡᠮ ᠤᠨ ᠬᠦᠭᠵᠢᠯᠳᠡ ᠪᠣᠯᠣᠨ ᠠᠷᠠᠳᠴᠢᠯᠠᠯ ᠬᠠᠣᠯᠢ ᠪᠠᠷ | ᠵᠠᠰᠠᠬᠤ ᠪᠠᠶᠢᠭᠤᠯᠣᠯᠳᠠ ᠳᠤ ᠢᠳᠡᠪᠬᠢᠳᠡᠢ ᠬᠤᠪᠢ ᠨᠡᠮᠡᠷᠢ ᠪᠠᠨ ᠦᠵᠡᠬᠦᠯᠦᠭᠰᠡᠨ ᠪᠠᠶᠢᠨ᠎ᠠ᠃ | ᠨᠢᠬᠡ᠂ ᠨᠠᠮ ᠤᠨ ᠣᠳᠣᠷᠢᠳᠣᠯᠭ᠎ᠠ ᠶᠢ ᠪᠠᠷᠢᠮᠳᠠᠯᠠᠵᠣ᠂ ᠣᠯᠣᠰ ᠳᠦᠷᠦ ᠶᠢᠨ ᠵᠦᠪ ᠴᠢᠭᠯᠡᠯᠳᠡ ᠶᠢ ᠪᠠᠳᠣ | ᠪᠣᠯᠭᠠᠪᠠ | ᠳᠤᠭ ᠳᠡᠮᠳᠡᠭ ᠳᠣᠳᠣᠷᠬᠠᠢ ᠪᠠᠷ ᠣᠯᠣᠰ ᠳᠦᠷᠦ ᠶᠢ ᠡᠷᠬᠢᠮᠯᠡᠬᠦ ᠶᠢ ᠪᠠᠷᠢᠮᠳᠠᠯᠠᠪᠠ᠃ ︽ᠳᠦᠷᠪᠡᠨ | ᠣᠬᠠᠮᠰᠠᠷ ︾ ᠢᠶᠠᠨ ᠪᠠᠳᠣ ᠪᠠᠬᠢ ᠪᠣᠯᠭᠠᠵᠣ᠂ ︽ᠳᠦᠷᠪᠡᠨ ᠢᠳᠡᠬᠡᠯ︾ ᠢᠶᠠᠨ ᠪᠳᠣ ᠴᠢᠩᠭ᠎ᠠ ᠪᠠᠶᠢᠯᠭᠠᠵᠣ᠂ ︽ | ᠬᠤᠶᠠᠷ ᠢ ᠬᠠᠮᠠᠭᠠᠯᠠᠬᠤ︾ ᠶᠢ ᠡᠷᠡᠰ ᠬᠡᠷᠡᠭᠵᠢᠬᠦᠯᠪᠡ᠃ ᠦᠵᠡᠯ ᠰᠠᠨᠠᠭ᠎ᠠ ᠣᠯᠣᠰ ᠳᠦᠷᠦ ᠣᠶᠢᠯᠡ ᠠᠵᠢᠯᠯᠠᠭ᠎ᠠ ᠶᠢᠨ | ᠳᠠᠯ᠎ᠠ ᠪᠠᠷ ᠰᠢ ᠶᠢᠨ ᠫᠢᠩ ᠨᠦᠬᠦᠷ ᠢᠶᠠᠷ ᠭᠤᠣᠯ ᠪᠣᠯᠭᠠᠭᠰᠠᠨ ᠨᠠᠮ ᠤᠨ ᠳᠦᠪ ᠬᠤᠷᠢᠶ᠎ᠠ ᠲᠠᠢ ᠳᠡᠬᠡᠳᠣ ᠬᠡᠮᠵᠢᠶ᠎ᠡ | ᠪᠠᠷ ᠨᠢᠬᠡᠳᠣᠯᠳᠠᠢ ᠪᠠᠶᠢᠬᠤ ᠶᠢ ᠪᠠᠳᠣᠯᠠᠪᠠ᠃ ᠶᠡᠷᠦᠩᠬᠡᠢ ᠱᠦᠵᠢ ᠶᠢᠨ ᠠᠷᠠᠳ ᠤᠨ ᠳᠦᠯᠦᠬᠡᠯᠡᠭᠴᠢᠳ ᠤᠨ ᠶᠡᠭᠡ | ᠬᠤᠷᠠᠯ ᠤᠨ ᠳᠦᠷᠢᠮ ᠢ ᠪᠠᠷᠢᠮᠳᠠᠯᠠᠨ ᠳᠡᠬᠦᠯᠳᠡᠷᠵᠢᠬᠦᠯᠬᠦ ᠳᠣᠬᠠᠢ ᠴᠢᠬᠤᠯᠠ ᠦᠵᠡᠯ ᠰᠠᠨᠠᠭ᠎ᠠ ᠶᠢᠨ ᠴᠠᠭ ᠦᠶ᠎ᠡ ᠶᠢᠨ | ᠣᠳᠬ᠎ᠠ ᠠᠭᠤᠯᠭ᠎ᠠ᠂ ᠣᠨᠣᠯ ᠤᠨ ᠣᠳᠬ᠎ᠠ ᠠᠭᠤᠯᠭ᠎ᠠ᠂ ᠦᠢᠯᠡᠳᠦᠯᠬᠡ ᠶᠢᠨ ᠣᠳᠬ᠎ᠠ ᠠᠭᠤᠯᠭ᠎ᠠ ᠶᠢ ᠬᠦᠨᠵᠡᠬᠡᠢ | ᠣᠶᠢᠯᠠᠭᠠᠵᠣ᠂ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠳᠦᠷᠢᠮ ᠢᠶᠠᠷ ᠳᠠᠮᠵᠢᠭᠤᠯᠵᠣ᠂ ᠨᠠᠮ ᠤᠨ | ᠱᠣᠭᠤᠮ ᠴᠢᠭᠯᠡᠯᠳᠡ ᠳᠦᠷᠦ ᠶᠢᠨ ᠪᠣᠳᠣᠯᠭ᠎ᠠ ᠪᠣᠯᠣᠨ ᠰᠢᠢᠳᠪᠦᠷᠢᠳᠣ ᠪᠣᠳᠣᠯᠭ᠎ᠠ ᠪᠠᠶᠢᠷᠢᠯᠠᠭᠤᠯᠣᠯᠳᠠ ᠶᠢ ᠠᠵᠢᠯ ᠤᠨ | ᠳᠣᠮᠳᠠ ᠪᠠᠨ ᠪᠦᠬᠦ ᠳᠠᠯ᠎ᠠ ᠪᠠᠷ ᠨᠠᠶᠢᠳᠠᠪᠣᠷᠢᠵᠢᠭᠤᠯᠵᠣ ᠪᠦᠳᠦᠮᠵᠢᠳᠡᠢ ᠬᠡᠷᠡᠭᠵᠢᠬᠦᠯᠪᠡ᠃ | ᠬᠤᠰᠢᠭᠤᠨ ᠤ ᠨᠠᠮ ᠤᠨ ᠬᠤᠷᠢᠶ᠎ᠠ ᠶᠢᠨ ᠣᠳᠣᠷᠢᠳᠣᠯᠭ᠎ᠠ ᠶᠢ ᠣᠬᠠᠮᠰᠠᠷ ᠠᠴᠠ ᠪᠠᠨ ᠬᠦᠯᠢᠶᠡᠵᠣ᠂ ᠴᠢᠬᠤᠯᠠ | ᠶᠡᠭᠡ ᠠᠰᠠᠭᠤᠳᠠᠯ ᠢ ᠵᠢᠭᠠᠪᠣᠷᠢ ᠠᠪᠴᠣ ᠬᠠᠷᠢᠭᠤ ᠮᠡᠳᠡᠬᠦᠯᠬᠦ ᠳᠦᠷᠢᠮ ᠢ ᠴᠢᠩᠭ᠎ᠠ ᠬᠡᠷᠡᠭᠵᠢᠬᠦᠯᠪᠡ᠃ ᠪᠠᠶᠢᠩᠭᠤ ᠶᠢᠨ | ᠬᠤᠷᠢᠶ᠎ᠠ ᠨᠢ ᠬᠤᠰᠢᠭᠤᠨ ᠤ ᠨᠠᠮ ᠤᠨ ᠬᠤᠷᠢᠶᠠᠨ ᠤ ᠰᠢᠢᠳᠪᠦᠷᠢ ᠪᠠᠶᠢᠷᠢᠯᠠᠭᠤᠯᠣᠯᠳᠠ ᠶᠢᠨ ᠴᠢᠬᠤᠯᠠ ᠪᠠᠶᠢᠳᠠᠯ᠂ | ᠡᠬᠦᠷᠬᠡ ᠳᠣᠰᠢᠶᠠᠯ ᠢᠶᠠᠨ ᠬᠦᠢᠴᠡᠳᠬᠡᠬᠦ ᠳᠣᠮᠳᠠᠬᠢ ᠴᠢᠬᠤᠯᠠ ᠪᠠᠶᠢᠳᠠᠯ ᠪᠠ ᠴᠢᠬᠤᠯᠠ ᠠᠰᠠᠭᠤᠳᠠᠯ᠂ ᠴᠢᠬᠤᠯᠠ ᠶᠡᠭᠡ | ᠳᠣᠰᠬᠠᠢ ᠳᠦᠷᠦᠯ ᠤᠨ ᠠᠵᠢᠯ ᠢ ᠦᠷᠨᠢᠬᠦᠯᠦᠭᠰᠡᠨ ᠪᠠᠶᠢᠳᠠᠯ ᠢ ᠴᠠᠭ ᠳᠣᠬᠠᠢ ᠲᠤᠨᠢ ᠬᠤᠰᠢᠭᠤᠨ ᠤ ᠨᠠᠮ ᠤᠨ | ᠬᠤᠷᠢᠶᠠᠨ ᠳᠤ ᠬᠠᠷᠢᠭᠤ ᠮᠡᠳᠡᠬᠦᠯᠵᠣ᠂ ᠠᠯᠢᠪᠠ ᠴᠢᠬᠤᠯᠠ ᠬᠡᠷᠡᠭ ᠣᠴᠢᠷ ᠴᠢᠬᠤᠯᠠ ᠠᠵᠢᠯ ᠪᠣᠯᠭᠠᠨ ᠢ ᠬᠤᠰᠢᠭᠤᠨ | ᠤ ᠨᠠᠮ ᠤᠨ ᠬᠤᠷᠢᠶᠠᠨ ᠤ ᠣᠳᠣᠷᠢᠳᠣᠯᠭ᠎ᠠ ᠳᠣᠣᠷ᠎ᠠ ᠶᠠᠪᠣᠭᠳᠠᠭᠤᠯᠪᠠ᠃ ᠳᠡᠬᠡᠳᠣ ᠱᠠᠳᠣᠨ ᠤ ᠠᠷᠠᠳ ᠤᠨ | ᠳᠦᠯᠦᠬᠡᠯᠡᠭᠴᠢᠳ ᠤᠨ ᠶᠡᠭᠡ ᠬᠤᠷᠠᠯ ᠤᠨ ᠳᠣᠭᠳᠠᠭᠠᠯ ᠢ ᠨᠠᠷᠢᠨ ᠬᠢᠨᠠᠮᠠᠭᠠᠢ ᠬᠡᠷᠡᠭᠵᠢᠬᠦᠯᠵᠣ᠂ ᠳᠡᠳᠡᠨ ᠤ | ᠵᠢᠯᠣᠭᠤᠳᠣᠯᠭ᠎ᠠ ᠶᠢ ᠰᠠᠨᠠᠭᠠᠴᠢᠯᠠᠭ᠎ᠠ ᠠᠴᠠ ᠪᠠᠨ ᠬᠦᠯᠢᠶᠡᠭᠰᠡᠨ ᠪᠠᠶᠢᠨ᠎ᠠ᠃ | ᠬᠤᠶᠠᠷ᠂ ᠦᠨᠳᠦᠷ ᠴᠢᠨᠠᠷᠳᠠᠢ ᠬᠦᠭᠵᠢᠬᠦᠯᠦᠯᠳᠡ ᠶᠢᠨ ᠳᠣᠭᠤᠷᠢᠨ ᠳᠤ ᠬᠢᠨᠡᠯᠳᠡ ᠳᠠᠯᠪᠢᠬᠤ ᠶᠢ | ᠦᠷᠨᠢᠬᠦᠯᠪᠠ | ᠪᠠᠶᠢᠩᠭᠤ ᠶᠢᠨ ᠬᠤᠷᠢᠶ᠎ᠠ ᠨᠢ ᠦᠢᠯᠡᠴᠢᠯᠡᠬᠡᠨ ᠤ ᠪᠠᠳᠣᠯᠠᠭ᠎ᠠ ᠦᠨᠳᠦᠷ ᠴᠢᠨᠠᠷᠳᠣ ᠬᠦᠭᠵᠢᠯᠳᠡ ᠳᠤ | ᠬᠢᠨᠡᠯᠳᠡ ᠳᠠᠯᠪᠢᠬᠤ ᠶᠢ ᠠᠵᠢᠯ ᠤᠨ ᠭᠤᠣᠯ ᠰᠡᠳᠣᠪ ᠪᠣᠯᠭᠠᠵᠣ᠂ ᠰᠢᠨ᠎ᠡ ᠬᠦᠭᠵᠢᠯᠳᠡ ᠶᠢᠨ ᠰᠡᠳᠬᠢᠴᠡ ᠶᠢ ᠪᠦᠬᠦ | ᠳᠠᠯ᠎ᠠ ᠪᠠᠷ ᠨᠠᠶᠢᠳᠠᠪᠣᠷᠢᠵᠢᠭᠤᠯᠵᠣ᠂ ᠬᠦᠭᠵᠢᠯᠳᠡ ᠶᠢᠨ ᠴᠢᠨᠠᠷ ᠳᠡᠬᠡᠷ᠎ᠡ ᠳᠦᠪᠯᠡᠷᠡᠬᠦᠯᠵᠣ᠂ ᠬᠢᠨᠡᠯᠳᠡ ᠳᠠᠯᠪᠢᠬᠤ | ᠡᠬᠦᠷᠬᠡ ᠴᠢᠳᠠᠪᠬᠢ ᠪᠠᠨ ᠨᠠᠷᠢᠨ ᠬᠢᠨᠠᠮᠠᠭᠠᠢ ᠬᠦᠢᠴᠡᠳᠬᠡᠭᠰᠡᠨ ᠪᠠᠶᠢᠨ᠎ᠠ᠃ | ᠠᠵᠣ ᠠᠬᠤᠢ ᠶᠢᠨ ᠠᠵᠢᠯᠯᠠᠭᠠᠨ ᠳᠤ ᠬᠢᠨᠡᠯᠳᠡ ᠳᠠᠯᠪᠢᠬᠤ ᠶᠢ ᠦᠷᠬᠦᠯᠵᠢᠯᠡᠨ ᠬᠦᠴᠦᠳᠡᠢ ᠠᠣᠬᠤᠪᠠ᠃ | ᠣᠯᠣᠰ ᠠᠷᠠᠳ ᠤᠨ ᠠᠵᠣ ᠠᠬᠤᠢ ᠪᠠ ᠨᠡᠶᠢᠬᠡᠮ ᠤᠨ ᠬᠦᠭᠵᠢᠯᠳᠡ ᠶᠢᠨ ᠳᠦᠯᠦᠪᠯᠡᠭᠡ᠂ ᠡᠳ᠋ ᠤᠨ ᠵᠠᠰᠠᠭ ᠤᠨ | ᠳᠦᠰᠦᠪ ᠢ ᠬᠦᠢᠴᠡᠳᠬᠡᠭᠰᠡᠨ ᠪᠠᠶᠢᠳᠠᠯ ᠪᠣᠯᠣᠨ ᠬᠢᠨᠡᠨ ᠪᠣᠳᠣᠯᠳᠠ ᠶᠢᠨ ᠮᠡᠳᠡᠬᠦᠯᠦᠯᠳᠡ ᠶᠢ ᠰᠣᠨᠣᠰᠴᠣ ᠬᠢᠨᠠᠨ | ᠵᠦᠪᠯᠡᠬᠡᠳ ᠠᠵᠣ ᠠᠬᠤᠢ ᠶᠢᠨ ᠬᠦᠭᠵᠢᠯᠳᠡ ᠶᠢᠨ ᠰᠢᠨ᠎ᠡ ᠬᠡᠪ ᠪᠠᠶᠢᠳᠠᠯ ᠳᠤ ᠳᠣᠬᠢᠷᠠᠵᠣ᠂ ᠬᠦᠭᠵᠢᠯᠳᠡ ᠶᠢᠨ | ᠰᠢᠨ᠎ᠡ ᠰᠡᠳᠬᠢᠴᠡ ᠶᠢ ᠪᠣᠢ ᠪᠣᠯᠭᠠᠵᠣ᠂ ᠠᠵᠣ ᠠᠬᠤᠢ ᠨᠡᠶᠢᠬᠡᠮ ᠤᠨ ᠡᠷᠡᠬᠦᠯ ᠳᠣᠭᠳᠠᠭᠤᠨ ᠬᠦᠭᠵᠢᠯᠳᠡ ᠶᠢ | ᠪᠡᠶᠡᠯᠡᠬᠦᠯᠬᠦ ᠶᠢ ᠳᠣᠷᠠᠳᠪᠠ᠃ | ᠳᠦᠰᠦᠪ ᠤᠨ ᠬᠦᠢᠴᠡᠳᠬᠡᠯ ᠤᠨ ᠪᠠᠶᠢᠳᠠᠯ ᠤᠨ ᠳᠣᠬᠠᠢ ᠬᠢᠨᠡᠯᠳᠡ ᠶᠢ ᠴᠢᠩᠭᠠᠳᠬᠠᠪᠠ᠃ 2019 ᠣᠨ ᠤ | ᠳᠡᠬᠡᠷ᠎ᠡ ᠬᠠᠭᠠᠰ ᠵᠢᠯ ᠤᠨ ᠡᠳ᠋ ᠤᠨ ᠵᠠᠰᠠᠭ ᠤᠨ ᠳᠦᠰᠦᠪ ᠤᠨ ᠬᠦᠢᠴᠡᠳᠬᠡᠯ ᠤᠨ ᠪᠠᠶᠢᠳᠠᠯ ᠢ ᠬᠢᠨᠡᠨ ᠰᠣᠨᠣᠰᠴᠣ | ᠵᠦᠪᠯᠡᠬᠡᠳ᠂ 2019 ᠣᠨ ᠤ 1—11 ᠰᠠᠷ᠎ᠠ ᠪᠣᠯᠳᠠᠯᠠᠬᠢ ᠡᠳ᠋ ᠤᠨ ᠵᠠᠰᠠᠭ ᠤᠨ ᠳᠦᠰᠦᠪ ᠢ ᠬᠦᠢᠴᠡᠳᠬᠡᠭᠰᠡᠨ | ᠪᠠᠶᠢᠳᠠᠯ ᠳᠤ ᠪᠠᠶᠢᠴᠠᠭᠠᠨ ᠰᠣᠳᠣᠯᠣᠯᠳᠠ ᠬᠢᠪᠡ᠃ ᠳᠦᠰᠦᠪ ᠤᠨ ᠳᠣᠬᠢᠷᠠᠭᠤᠯᠣᠯᠳᠠ ᠳᠣᠬᠢᠷᠠᠮᠵᠢ ᠦᠬᠡᠢ᠂ | ᠬᠡᠷᠡᠭᠵᠢᠬᠦᠯᠦᠯᠳᠡ ᠴᠢᠩᠭ᠎ᠠ ᠦᠬᠡᠢ᠂ ᠡᠳ᠋ ᠤᠨ ᠵᠠᠰᠠᠭ ᠤᠨ ᠣᠷᠣᠯᠭ᠎ᠠ ᠵᠠᠷᠣᠯᠭ᠎ᠠ ᠶᠢᠨ ᠵᠦᠷᠢᠴᠡᠯ ᠳᠣᠪᠣᠶᠢᠮ᠎ᠠ᠂ | ᠦᠷᠢ ᠦᠭᠴᠡᠭᠡ ᠶᠢ ᠳᠦᠯᠦᠬᠦ ᠡᠬᠦᠷᠬᠡ ᠬᠠᠳᠠᠭᠤᠵᠢᠯᠳᠠᠢ ᠵᠡᠷᠬᠡ ᠠᠰᠠᠭᠤᠳᠠᠯ ᠳᠤ ᠴᠢᠭᠯᠡᠬᠦᠯᠵᠣ᠂ ︽ᠠᠷᠪᠢᠯᠠᠵᠣ | ᠠᠮᠢᠳᠣᠷᠠᠬᠤ︾ ᠦᠵᠡᠯ ᠰᠠᠨᠠᠭ᠎ᠠ ᠶᠢ ᠦᠷᠬᠦᠯᠵᠢᠯᠡᠨ ᠪᠣᠢ ᠪᠣᠯᠭᠠᠵᠣ᠂ ᠳᠦᠰᠦᠪ ᠢ ᠰᠢᠨᠵᠢᠯᠡᠬᠦ ᠣᠬᠠᠭᠠᠨᠴᠢ ᠪᠠᠷ | ᠳᠣᠬᠢᠷᠠᠭᠤᠯᠵᠣ᠂ ᠡᠳ᠋ ᠤᠨ ᠵᠠᠰᠠᠭ ᠤᠨ ᠵᠠᠷᠣᠯᠭ᠎ᠠ ᠶᠢᠨ ᠪᠦᠳᠦᠴᠡ ᠶᠢ ᠰᠢᠯᠢᠳᠡᠭᠵᠢᠬᠦᠯᠵᠣ᠂ ᠵᠣᠭᠤᠰ ᠢᠶᠠᠨ | ᠬᠡᠷᠡᠭᠳᠡᠢ ᠭᠠᠵᠠᠷ ᠵᠠᠷᠣᠬᠤ ᠬᠡᠷᠡᠭᠳᠡᠢ᠃ ᠳᠦᠰᠦᠪ ᠤᠨ ᠬᠠᠣᠯᠢ ᠶᠢ ᠨᠠᠷᠢᠨ ᠬᠢᠨᠠᠮᠠᠭᠠᠢ ᠬᠡᠷᠡᠭᠵᠢᠬᠦᠯᠵᠣ᠂ ︽ᠣᠷᠢᠳᠠᠪᠠᠷ | ᠳᠦᠰᠦᠪᠯᠡᠵᠣ᠂ ᠰᠡᠬᠦᠯᠡᠷ ᠵᠠᠷᠣᠬᠤ︾ ᠶᠢ ᠪᠠᠷᠢᠮᠳᠠᠯᠠᠵᠣ᠂ ᠳᠦᠰᠦᠪ ᠦᠬᠡᠢ ᠳᠦᠰᠦᠪ ᠠᠴᠠ ᠳᠠᠪᠠᠭᠰᠠᠨ ᠳᠦᠷᠦᠯ | ᠳᠤ ᠵᠣᠭᠤᠰ ᠮᠦᠩᠬᠦ ᠪᠠᠭᠤᠯᠭᠠᠬᠤ ᠦᠬᠡᠢ᠃ ᠳᠦᠰᠦᠪ ᠨᠡᠮᠡᠭᠳᠡᠬᠦ ᠶᠢ ᠴᠢᠩᠭ᠎ᠠ ᠴᠠᠭᠠᠵᠠᠯᠠᠵᠣ᠂ ᠭᠠᠮᠰᠢᠭ ᠢ | ᠠᠷᠭᠠᠴᠠᠬᠤ᠂ ᠳᠦᠪ ᠤᠨ ᠴᠢᠬᠤᠯᠠ ᠬᠡᠷᠡᠭ ᠶᠠᠪᠣᠳᠠᠯ ᠤᠨ ᠳᠦᠷᠦᠯ ᠵᠦᠢᠯ ᠠᠴᠠ ᠭᠠᠳᠠᠨ᠎ᠠ᠂ ᠳᠦᠰᠦᠪ ᠢ ᠨᠠᠮᠠᠵᠣ | ᠪᠣᠯᠬᠤ ᠦᠬᠡᠢ᠂ ᠳᠦᠰᠦᠪ ᠤᠨ ᠬᠡᠷᠡᠭᠵᠢᠬᠦᠯᠦᠯᠳᠡ ᠶᠢ ᠳᠣᠷ᠎ᠠ ᠪᠠᠷ ᠨᠡᠮᠡᠭᠳᠡᠬᠦᠯᠵᠣ ᠪᠣᠯᠬᠤ ᠦᠬᠡᠢ᠃ ᠳᠦᠰᠦᠪ ᠢ | ᠳᠣᠬᠢᠷᠠᠭᠤᠯᠬᠤ ᠳᠣᠭᠳᠠᠯᠴᠠᠭ᠎ᠠ ᠶᠢ ᠪᠦᠷᠢᠨ ᠳᠡᠬᠦᠯᠳᠡᠷ ᠪᠣᠯᠭᠠᠵᠣ᠂ ᠳᠣᠬᠢᠷᠠᠭᠤᠯᠬᠤ ᠴᠢᠬᠤᠯᠠ ᠲᠠᠢ ᠪᠣᠯ ᠰᠢᠯᠳᠠᠭᠠᠨ | ᠪᠠᠷᠢᠮᠳᠠᠯᠠᠯ ᠪᠠᠶᠢᠵᠣ᠂ ᠠᠭᠤᠯᠭ᠎ᠠ ᠨᠢ ᠬᠠᠣᠯᠢ ᠳᠤ ᠨᠠᠶᠢᠴᠡᠪᠡᠯ ᠬᠡᠷᠡᠭᠵᠢᠬᠦᠯᠵᠣ᠂ ᠪᠡᠯᠡ ᠮᠦᠩᠬᠦᠨ ᠤ ᠢᠷᠡᠯᠳᠡ ᠶᠢ | ᠳᠣᠳᠣᠷᠬᠠᠶᠢᠯᠠᠵᠣ᠂ ᠬᠠᠣᠯᠢ ᠪᠠᠷ ᠳᠣᠭᠳᠠᠭᠰᠠᠨ ᠠᠯᠬᠤᠮ ᠳᠠᠷᠠᠭ᠎ᠠ ᠶᠢ ᠵᠢᠷᠣᠮᠯᠠᠨ ᠬᠢᠨᠠᠯᠳᠠ ᠳᠠᠯᠪᠢᠵᠣ ᠵᠦᠪᠰᠢᠶᠡᠷᠡᠨ᠎ᠡ | ᠃ ᠳᠦᠰᠦᠪ ᠠᠴᠠ ᠬᠡᠳᠣᠷᠡᠭᠰᠡᠨ ᠵᠠᠷᠣᠯᠭ᠎ᠠ᠂ ᠣᠷᠢᠳᠠᠪᠠᠷ ᠬᠡᠷᠡᠭᠯᠡᠵᠣ ᠰᠡᠬᠦᠯᠡᠷ ᠵᠦᠪᠰᠢᠶᠡᠷᠡᠬᠦ᠂ ᠳᠦᠷᠦᠯ ᠵᠦᠢᠯ ᠢ | ᠰᠢᠬᠠᠵᠣ ᠨᠡᠬᠦᠯᠬᠡᠬᠦ ᠵᠡᠷᠬᠡ ᠠᠰᠠᠭᠤᠳᠠᠯ ᠠᠴᠠ ᠵᠠᠶᠢᠯᠠᠰᠬᠢᠬᠦ ᠬᠡᠷᠡᠭᠳᠡᠢ ᠬᠡᠵᠣ ᠳᠣᠷᠠᠳᠣᠭᠰᠠᠨ ᠪᠠᠶᠢᠨ᠎ᠠ᠃ 2018 | ᠣᠨ ᠤ ᠡᠳ᠋ ᠤᠨ ᠵᠠᠰᠠᠭ ᠤᠨ ᠳᠦᠰᠦᠪ ᠪᠣᠯᠣᠨ 2019 ᠣᠨ ᠤ ᠡᠳ᠋ ᠤᠨ ᠵᠠᠰᠠᠭ ᠤᠨ ᠳᠦᠰᠦᠯ ᠤᠨ | ᠳᠣᠬᠢᠷᠠᠭᠤᠯᠣᠯᠳᠠ ᠶᠢᠨ ᠳᠦᠰᠦᠪ ᠢ ᠬᠢᠨᠡᠨ ᠵᠦᠪᠰᠢᠶᠡᠷᠡᠪᠡ᠃ | ᠡᠳ᠋ ᠤᠨ ᠵᠠᠰᠠᠭ ᠤᠨ ᠦᠷ᠎ᠡ ᠠᠰᠢᠭ ᠤᠨ ᠬᠠᠮᠢᠶᠠᠷᠣᠯᠳᠠ ᠶᠢᠨ ᠠᠵᠢᠯ ᠤᠨ ᠪᠠᠶᠢᠳᠠᠯ ᠤᠨ | ᠮᠡᠳᠡᠬᠦᠯᠦᠯᠳᠡ ᠶᠢ ᠬᠢᠨᠡᠨ ᠰᠣᠨᠣᠰᠴᠣ᠂ ᠡᠳ᠋ ᠤᠨ ᠵᠠᠰᠠᠭ ᠤᠨ ᠦᠷ᠎ᠡ ᠠᠰᠢᠭ ᠤᠨ ᠬᠠᠮᠢᠶᠠᠷᠣᠯᠳᠠ ᠶᠢᠨ ᠠᠵᠢᠯ ᠢ | ᠣᠯᠠᠮ ᠴᠢᠬᠤᠯᠴᠢᠯᠠᠵᠣ᠂ ᠠᠵᠢᠯ ᠤᠨ ᠠᠯᠬᠤᠮ ᠳᠠᠷᠠᠭ᠎ᠠ ᠶᠢ ᠴᠢᠩᠭ᠎ᠠ ᠳᠦᠷᠢᠮᠵᠢᠬᠦᠯᠵᠣ᠂ ᠶᠠᠪᠣᠳᠠᠯ ᠤᠨ ᠡᠮᠣᠨ᠎ᠠ | ᠬᠠᠷᠠᠯᠳᠠ ᠲᠠᠢ᠂ ᠶᠠᠪᠣᠳᠠᠯ ᠤᠨ ᠳᠣᠮᠳᠠ ᠬᠢᠨᠡᠯᠳᠡ ᠲᠠᠢ᠂ ᠶᠠᠪᠣᠳᠠᠯ ᠤᠨ ᠳᠠᠷᠠᠭ᠎ᠠ ᠦᠨᠡᠯᠡᠯᠳᠡ ᠲᠠᠢ ᠪᠠᠶᠢᠬᠤ ᠶᠢ | ᠱᠠᠭᠠᠷᠳᠠᠵᠣ᠂ ︽ᠵᠣᠭᠤᠰ ᠵᠠᠷᠣᠪᠠᠯ ᠦᠷ᠎ᠡ ᠠᠰᠢᠭ ᠲᠠᠢ᠂ ᠦᠷ᠎ᠡ ᠠᠰᠢᠭ ᠦᠬᠡᠢ ᠪᠣᠯ ᠬᠠᠷᠢᠭᠤᠴᠠᠯᠭ᠎ᠠ ᠠᠰᠠᠭᠤᠬᠤ | ︾ ᠶᠢ ᠪᠡᠶᠡᠯᠡᠬᠦᠯᠵᠣ᠂ ᠡᠳ᠋ ᠤᠨ ᠵᠠᠰᠠᠭ ᠤᠨ ᠦᠷ᠎ᠡ ᠠᠰᠢᠭ ᠤᠨ ᠬᠠᠮᠢᠶᠠᠷᠣᠯᠳᠠ ᠶᠢᠨ ᠬᠢᠷᠢ ᠳᠦᠪᠰᠢᠨ ᠢ | ᠳᠡᠬᠡᠭᠰᠢᠯᠡᠬᠦᠯᠦᠭᠰᠡᠨ ᠪᠠᠶᠢᠨ᠎ᠠ᠃ | ᠴᠢᠬᠤᠯᠠ ᠶᠡᠭᠡ ᠪᠡᠯᠡ ᠣᠷᠣᠭᠤᠯᠣᠯᠳᠠ ᠶᠢ ᠬᠡᠷᠡᠭᠵᠢᠬᠦᠯᠦᠭᠰᠡᠨ ᠪᠠᠶᠢᠳᠠᠯ ᠤᠨ ᠳᠣᠬᠠᠢ ᠮᠡᠳᠡᠬᠦᠯᠦᠯᠳᠡ | ᠶᠢ ᠬᠢᠨᠠᠨ ᠰᠣᠨᠣᠰᠴᠣ᠂ ᠵᠣᠭᠤᠰ ᠮᠦᠩᠬᠦ ᠬᠦᠷᠦᠯᠴᠡᠬᠦ ᠦᠬᠡᠢ᠂ ᠨᠠᠶᠢᠳᠠᠪᠣᠷᠢᠵᠢᠭᠤᠯᠬᠤ ᠬᠤᠷᠳᠣᠴᠠ ᠣᠳᠠᠭᠠᠨ ᠵᠡᠷᠬᠡ | ᠠᠰᠠᠭᠤᠳᠠᠯ ᠢ ᠰᠢᠢᠳᠪᠦᠷᠢᠯᠡᠵᠣ᠂ ᠴᠢᠬᠤᠯᠠ ᠶᠡᠭᠡ ᠳᠦᠷᠦᠯ ᠵᠦᠢᠯ ᠢ ᠬᠤᠪᠢᠷᠠᠭᠤᠯᠬᠤ ᠳᠦᠷᠢᠮ ᠢ ᠴᠢᠩᠭ᠎ᠠ | ᠬᠡᠷᠡᠭᠵᠢᠬᠦᠯᠬᠦ ᠬᠡᠷᠡᠭᠳᠡᠢ᠃ | ︽ᠣᠯᠠᠭᠠᠨᠬᠠᠳᠠ ᠶᠢᠨ ᠬᠠᠰ ᠯᠣᠣ ᠠᠵᠣ ᠦᠢᠯᠡᠳᠪᠦᠷᠢ ᠶᠢᠨ ᠬᠦᠷᠢᠶᠡᠯᠡᠩ ᠳᠣᠭᠤᠷᠢᠭ ᠤᠨ ᠶᠡᠷᠦᠩᠬᠡᠢ | ᠳᠦᠯᠦᠪᠵᠢᠬᠦᠯᠬᠡ ︵2016 —2030︶︾ ᠶᠢᠨ ᠰᠠᠨᠠᠯ ᠳᠣᠷᠠᠳᠣᠯᠭ᠎ᠠ ᠶᠢ ᠬᠢᠨᠡᠨ ᠵᠦᠪᠯᠡᠵᠣ ᠰᠢᠢᠳᠪᠦᠷᠢ | ᠭᠠᠷᠭᠠᠭᠰᠠᠨ ᠪᠠᠶᠢᠨ᠎ᠠ᠃ | ︽ᠭᠤᠷᠪᠠᠨ ᠶᠡᠭᠡ ᠰᠢᠪᠳᠣᠯᠣᠯᠳᠠ ᠶᠢᠨ ᠲᠠᠶᠢᠯᠠᠯᠳᠣᠭᠠᠨ︾ ᠤ ᠢᠯᠠᠯᠳᠠ ᠶᠢ ᠣᠯᠬᠤ ᠶᠢ ᠬᠦᠴᠦᠳᠡᠢ | ᠳᠡᠮᠵᠢᠪᠡ᠃ ᠶᠠᠳᠠᠭᠤ ᠠᠴᠠ ᠠᠩᠬᠢᠵᠢᠷᠠᠭᠤᠯᠬᠤ ᠲᠠᠶᠢᠯᠠᠯᠳᠣᠭᠠᠨ ᠢ ᠳᠡᠮᠵᠢᠭᠰᠡᠨ ᠳᠠᠯ᠎ᠠ ᠪᠠᠷ᠂ ᠪᠠᠶᠢᠩᠭᠤ ᠶᠢᠨ | ᠬᠤᠷᠢᠶ᠎ᠠ ᠨᠢ ᠶᠠᠳᠠᠭᠤ ᠠᠴᠠ ᠠᠩᠬᠢᠵᠢᠷᠠᠭᠤᠯᠬᠤ ᠪᠣᠭᠤᠮᠳᠠ ᠰᠢᠪᠳᠣᠯᠬᠤ ᠶᠢ ᠢᠮᠠᠭᠳᠠ ᠴᠢᠬᠤᠯᠠ ᠶᠡᠭᠡ ᠣᠯᠣᠰ | ᠳᠦᠷᠦ ᠶᠢᠨ ᠡᠬᠦᠷᠬᠡ ᠪᠣᠯᠭᠠᠵᠣ᠂ ᠶᠠᠳᠠᠭᠤ ᠶᠢ ᠳᠡᠳᠬᠦᠬᠦ ᠵᠣᠭᠤᠰ ᠮᠦᠩᠬᠦᠨ ᠤ ᠬᠢᠨᠠᠨ ᠪᠣᠳᠣᠯᠳᠠ ᠶᠢᠨ ᠪᠠᠶᠢᠳᠠᠯ ᠢ | ᠳᠣᠰᠬᠠᠢ ᠬᠢᠨᠠᠨ ᠰᠣᠨᠣᠰᠴᠣ ᠶᠠᠷᠢᠯᠴᠠᠨ ᠵᠦᠪᠯᠡᠬᠡᠳ ᠶᠠᠳᠠᠭᠤ ᠶᠢ ᠳᠡᠳᠬᠦᠬᠦ ᠳᠦᠷᠦᠯ ᠵᠦᠢᠯ ᠢ ᠬᠡᠷᠡᠭᠵᠢᠬᠦᠯᠬᠦ | ᠠᠬᠢᠴᠠ ᠶᠢ ᠣᠯᠠᠮ ᠨᠢᠬᠡ ᠠᠯᠬᠤᠮ ᠳᠦᠷᠬᠡᠳᠬᠡᠵᠣ᠂ ᠬᠢᠨᠠᠨ ᠵᠦᠪᠰᠢᠶᠡᠷᠡᠬᠦ ᠠᠯᠬᠤᠮ ᠳᠠᠷᠠᠭ᠎ᠠ ᠶᠢ ᠳᠦᠬᠦᠮᠴᠢᠯᠡᠵᠣ᠂ | ᠵᠣᠭᠤᠰ ᠮᠦᠩᠬᠦ ᠪᠠᠭᠤᠯᠭᠠᠬᠤ ᠠᠬᠢᠴᠠ ᠶᠢ ᠳᠦᠷᠬᠡᠳᠬᠡᠵᠣ᠂ ᠶᠠᠳᠠᠭᠤ ᠶᠢ ᠳᠡᠳᠬᠦᠬᠦ ᠳᠦᠷᠦᠯ ᠵᠦᠢᠯ ᠢ ᠡᠷᠳᠡ | ᠨᠠᠶᠢᠳᠠᠪᠣᠷᠢᠵᠢᠭᠤᠯᠵᠣ᠂ ᠡᠷᠳᠡ ᠦᠷ᠎ᠡ ᠠᠰᠢᠭ ᠣᠯᠭᠤᠪᠠ᠃ ᠶᠠᠳᠠᠭᠤ ᠶᠢ ᠳᠡᠳᠬᠦᠬᠦ ᠵᠣᠭᠤᠰ ᠮᠦᠩᠬᠦᠨ ᠤ | ᠳᠦᠭᠰᠢᠬᠦᠷᠢ ᠶᠢ ᠦᠨᠡᠯᠡᠬᠦ ᠳᠣᠭᠳᠠᠴᠠ ᠶᠢ ᠪᠠᠶᠢᠭᠤᠯᠵᠣ᠂ ᠵᠣᠭᠤᠰ ᠮᠦᠩᠬᠦᠨ ᠤ ᠡᠷᠬᠢᠯᠳᠡ ᠶᠢᠨ ᠳᠣᠮᠳᠠᠬᠢ | ᠳᠦᠭᠰᠢᠬᠦᠷᠢᠳᠣ ᠪᠠᠶᠢᠳᠠᠯ ᠪᠠ ᠳᠠᠯᠳᠠ ᠬᠡᠮ ᠰᠣᠭᠤᠭ ᠢ ᠳᠠᠨᠢᠵᠣ ᠵᠠᠶᠢᠯᠠᠰᠬᠢᠨ᠂ ᠶᠠᠳᠠᠭᠤ ᠠᠴᠠ ᠠᠩᠬᠢᠵᠠᠷᠠᠭᠤᠯᠬᠤ | ᠴᠢᠨᠠᠷ ᠪᠠ ᠦᠷ᠎ᠡ ᠠᠰᠢᠭ ᠢ ᠳᠡᠭᠡᠭᠰᠢᠯᠡᠬᠦᠯᠦᠭᠰᠡᠨ ᠪᠠᠶᠢᠨ᠎ᠠ᠃ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ | ᠪᠠᠶᠢᠩᠭᠤ ᠶᠢᠨ ᠬᠤᠷᠢᠶ᠎ᠠ ᠨᠢ ᠬᠤᠰᠢᠭᠤᠨ ᠨᠠᠮ ᠤᠨ ᠬᠤᠷᠢᠶᠠᠨ ᠤ ᠪᠠᠶᠢᠷᠢᠯᠠᠭᠤᠯᠣᠯᠳᠠ ᠶᠢ ᠢᠳᠡᠪᠬᠢᠳᠡᠢ | ᠴᠣᠣᠷᠢᠶᠠᠳᠣᠵᠣ᠂ ᠡᠷᠬᠢᠯᠡᠭᠴᠢ᠂ ᠳᠡᠳ᠋ ᠡᠷᠬᠢᠯᠡᠭᠴᠢ᠂ 9 ᠨᠡᠷ᠎ᠡ ᠰᠠᠯᠠᠭᠠᠨ ᠳᠠᠰ ᠤᠨ ᠺᠠᠳ᠋ᠷ ᠢ ᠦᠨᠳᠦᠰᠦᠨ | ᠱᠠᠳᠣᠨ ᠳᠤ ᠬᠦᠨᠵᠡᠬᠡᠶᠢᠷᠡᠬᠦᠯᠵᠣ᠂ ᠶᠠᠳᠠᠭᠤ ᠶᠢ ᠳᠡᠳᠬᠦᠵᠣ ᠪᠣᠭᠤᠮᠳᠠ ᠰᠢᠪᠳᠣᠯᠬᠤ ᠲᠠᠶᠢᠯᠠᠯᠳᠣᠭᠠᠨ ᠢ | ᠦᠷᠨᠢᠬᠦᠯᠪᠡ᠃ ︽ᠬᠤᠶᠠᠷ ᠲᠤ ᠵᠣᠪᠠᠭ᠋ᠣ ᠦᠬᠡᠢ᠂ ᠭᠤᠷᠪᠠ ᠶᠢ ᠪᠠᠳᠣᠯᠠᠬᠤ︾ ᠬᠠᠷᠠᠯᠳᠠ ᠡᠬᠦᠷᠬᠡ ᠶᠢᠨ | ᠳᠣᠭᠤᠷᠢᠨ ᠳᠤ ᠳᠠᠭᠠᠭᠠᠴᠢᠯᠠᠭᠰᠠᠨ ᠭᠠᠴᠠᠭ᠎ᠠ ᠳᠣᠰᠬᠤᠨ ᠤ ︽ᠬᠤᠶᠠᠷ ᠵᠦᠪᠯᠠᠯ︾ ᠤᠨ ᠪᠠᠭ ᠤᠨ ᠪᠠᠶᠢᠭᠤᠯᠣᠯᠳᠠ | ᠶᠢ ᠴᠢᠩᠭᠠᠳᠬᠠᠵᠣ᠂ ︽ᠭᠠᠴᠠᠭ᠎ᠠ ᠠᠴᠠ ᠰᠠᠯᠬᠤ ᠦᠬᠡᠢ ᠠᠵᠢᠯᠯᠠᠬᠤ ᠠᠩᠬᠢ︾ ᠶᠢ ᠴᠢᠷᠮᠠᠶᠢᠨ ᠪᠣᠢ ᠪᠣᠯᠭᠠᠵᠣ᠂ | ᠶᠠᠳᠠᠭᠤ ᠶᠢ ᠳᠡᠳᠬᠦᠬᠦ ᠪᠡᠯᠡ ᠮᠦᠩᠬᠦ ᠶᠢ ᠴᠣᠭᠯᠠᠭᠤᠯᠵᠣ᠂ ᠪᠣᠳᠠᠳᠠᠢ ᠬᠦᠴᠢᠷᠳᠡᠯ ᠢ ᠰᠢᠢᠳᠪᠦᠶᠢᠷᠯᠡᠬᠦ ᠵᠡᠷᠬᠡ ᠳᠠᠯ᠎ᠠ | ᠪᠠᠷ ᠬᠢ ᠠᠵᠢᠯ ᠢ ᠪᠦᠬᠦ ᠳᠠᠯ᠎ᠠ ᠪᠠᠷ ᠦᠷᠨᠢᠬᠦᠯᠦᠭᠰᠡᠨ ᠪᠠᠶᠢᠨ᠎ᠠ᠃ | ᠴᠢᠬᠤᠯᠠ ᠶᠡᠭᠡ ᠳᠦᠭᠰᠢᠬᠦᠷᠢ ᠶᠢ ᠰᠡᠷᠬᠡᠶᠢᠯᠡᠬᠦ ᠪᠠ ᠦᠬᠡᠶᠢᠰᠬᠡᠬᠦ ᠶᠢ ᠠᠬᠢᠭᠤᠯᠬᠤ ᠳᠠᠯ᠎ᠠ ᠪᠠᠷ᠂ ᠴᠢᠬᠤᠯᠠ | ᠶᠡᠭᠡ ᠳᠦᠭᠰᠢᠬᠦᠷᠢ ᠶᠢ ᠰᠡᠷᠬᠡᠶᠢᠯᠡᠬᠦ ᠭᠤᠣᠯᠳᠠᠯᠭ᠋ ᠠ ᠪᠠᠨ ᠣᠷᠣᠨ ᠨᠣᠳᠤᠭ ᠤᠨ ᠵᠠᠰᠠᠭ ᠤᠨ ᠣᠷᠳᠣᠨ ᠤ ᠦᠷᠢ | ᠰᠢᠷᠢ ᠶᠢ ᠦᠬᠡᠶᠢᠰᠬᠡᠬᠦ ᠳᠡᠬᠡᠷ᠎ᠡ ᠳᠠᠯᠪᠢᠪᠠ᠃ ᠬᠤᠰᠢᠭᠤᠨ ᠤ ᠵᠠᠰᠠᠭ ᠤᠨ ᠣᠷᠳᠣᠨ ᠤ ᠦᠷᠢ ᠰᠢᠷᠢ ᠶᠢᠨ | ᠬᠡᠪᠴᠢᠶ᠎ᠡ᠂ ᠪᠦᠳᠦᠴᠡ᠂ ᠬᠡᠷᠡᠭᠯᠡᠭᠰᠡᠨ ᠬᠠᠮᠢᠶᠠᠷᠣᠯᠳᠠ ᠶᠢᠨ ᠳᠠᠯ᠎ᠠ ᠶᠢᠨ ᠪᠠᠶᠢᠳᠠᠯ ᠤᠨ ᠳᠣᠬᠠᠢ ᠮᠡᠳᠡᠬᠦᠯᠦᠯᠳᠡ ᠶᠢ | ᠬᠢᠨᠡᠨ ᠰᠣᠨᠣᠰᠴᠣ᠂ ᠦᠷᠢ ᠰᠢᠷᠢ ᠶᠢᠨ ᠬᠡᠮᠵᠢᠶ᠎ᠡ᠂ ᠦᠷᠢ ᠳᠦᠯᠦᠬᠦ ᠳᠦᠯᠦᠪᠯᠡᠭᠡ᠂ ᠭᠤᠣᠯᠳᠠᠯᠭ᠎ᠠ ᠲᠠᠢ ᠳᠦᠷᠦᠯ | ᠵᠦᠢᠯ ᠳᠤ ᠬᠡᠷᠡᠭᠰᠡᠬᠦ ᠪᠡᠯᠡ ᠮᠦᠩᠬᠦ ᠶᠢᠨ ᠱᠠᠭᠠᠷᠳᠠᠯᠭ᠎ᠠ᠂ ︽ᠭᠤᠷᠪᠡᠨ ᠪᠠᠳᠣᠯᠭ᠎ᠠ︾ ᠶᠢᠨ ᠪᠡᠯᠡ ᠮᠦᠩᠬᠦ ᠶᠢ | ᠪᠠᠭᠤᠯᠭᠠᠬᠤ ᠳᠠᠯ᠎ᠠ ᠪᠠᠷ ᠠᠩᠬ᠎ᠠ ᠣᠳᠠᠭ᠎ᠠ ᠳᠣᠰᠬᠠᠢ ᠰᠡᠳᠣᠪᠳᠣ ᠠᠰᠠᠭᠤᠨ ᠯᠠᠪᠯᠠᠭ᠎ᠠ ᠦᠷᠨᠢᠬᠦᠯᠵᠣ᠂ ᠣᠷᠣᠨ | ᠨᠣᠳᠤᠭ ᠤᠨ ᠵᠠᠰᠠᠭ ᠤᠨ ᠣᠷᠳᠣᠨ ᠤ ᠦᠷᠢ ᠰᠢᠷᠢ ᠶᠢ ᠢᠳᠡᠪᠬᠢᠳᠡᠢ ᠦᠬᠡᠶᠢᠰᠬᠡᠵᠣ᠂ ᠰᠢᠨ᠎ᠡ ᠳᠦᠷᠦᠯ ᠵᠦᠢᠯ ᠤᠨ | ᠦᠷᠢ ᠭᠠᠷᠬᠤ ᠶᠢ ᠴᠢᠩᠭ᠎ᠠ ᠬᠢᠵᠠᠭᠠᠷᠯᠠᠵᠣ᠂ ᠣᠷᠣᠨ ᠨᠣᠳᠤᠭ ᠤᠨ ᠵᠠᠰᠠᠭ ᠤᠨ ᠣᠷᠳᠣᠨ ᠤ ᠦᠷᠢ ᠦᠭᠴᠡᠭᠡ ᠶᠢᠨ | ᠬᠠᠮᠢᠶᠠᠷᠣᠯᠳᠠ ᠶᠢ ᠴᠢᠩᠭᠠᠳᠬᠠᠵᠣ᠂ ᠡᠳ᠋ ᠤᠨ ᠵᠠᠰᠠᠭ ᠤᠨ ᠳᠦᠭᠰᠢᠬᠦᠷᠢ ᠶᠢ ᠪᠦᠳᠦᠮᠵᠢᠳᠡᠢ ᠰᠡᠷᠬᠡᠶᠢᠯᠡᠵᠣ | ᠴᠢᠳᠠᠭᠰᠠᠨ ᠪᠠᠶᠢᠨ᠎ᠠ᠃ | ᠪᠣᠬᠢᠷᠳᠣᠯ ᠢ ᠰᠡᠷᠬᠡᠶᠢᠯᠡᠨ ᠵᠠᠰᠠᠬᠤ ᠰᠢᠪᠳᠣᠯᠣᠯᠳᠠ ᠶᠢᠨ ᠲᠠᠶᠢᠯᠠᠯᠳᠣᠭᠠᠨ ᠤ ᠳᠠᠯ᠎ᠠ ᠪᠠᠷ᠂ ᠪᠣᠬᠢᠷᠳᠣᠯ | ᠢ ᠰᠡᠷᠬᠡᠶᠢᠯᠡᠨ ᠵᠠᠰᠠᠬᠤ ᠠᠵᠢᠯ ᠳᠤ ᠪᠠᠶᠢᠩᠭᠤ ᠶᠢᠨ ᠴᠢᠨᠠᠷᠳᠠᠢ ᠬᠢᠨᠠᠯᠳᠠ ᠳᠠᠯᠪᠢᠪᠠ᠃ ᠬᠤᠰᠢᠭᠤᠨ ᠤ ᠵᠠᠰᠠᠭ ᠤᠨ | ᠣᠷᠳᠣᠨ ᠤ 2018 ᠣᠨ ᠤ ᠣᠷᠴᠢᠨ ᠳᠣᠭᠤᠷᠢᠨ ᠤ ᠪᠠᠶᠢᠳᠠᠯ ᠪᠣᠯᠣᠨ ᠣᠷᠴᠢᠨ ᠳᠣᠭᠤᠷᠢᠨ ᠤ ᠬᠠᠮᠠᠭᠠᠯᠠᠯᠳᠠ ᠶᠢᠨ | ᠬᠠᠷᠠᠯᠳᠠ ᠶᠢ ᠪᠡᠶᠡᠯᠡᠬᠦᠯᠦᠭᠰᠠᠨ ᠪᠠᠶᠢᠳᠠᠯ ᠤᠨ ᠳᠣᠬᠠᠢ ᠮᠡᠳᠡᠬᠦᠯᠦᠯᠳᠡ ᠶᠢ ᠬᠢᠨᠠᠨ ᠰᠣᠨᠣᠰᠴᠣ᠂ ᠠᠯᠣᠰ ᠤᠨ ᠬᠠᠷᠠᠯᠳᠠ | ᠲᠠᠢ ᠣᠷᠳᠣᠮᠵᠢ ᠶᠢᠨ ᠴᠢᠨᠠᠷᠳᠠᠢ ᠳᠦᠯᠦᠪᠵᠢᠬᠦᠯᠬᠡ ᠶᠢ ᠳᠣᠭᠳᠠᠭᠠᠵᠣ᠂ ᠣᠰᠣ᠂ ᠠᠭᠠᠷ ᠮᠠᠨᠳᠠᠯ᠂ ᠬᠦᠷᠦᠰᠣ | ᠰᠢᠷᠣᠢ ᠵᠡᠷᠬᠡ ᠶᠢᠨ ᠪᠣᠬᠢᠷᠳᠠᠯ ᠤᠨ ᠠᠰᠠᠭᠤᠳᠠᠯ ᠢ ᠳᠦᠷᠦ ᠶᠢᠨ ᠪᠣᠳᠣᠯᠭ᠎ᠠ ᠶᠢᠨ ᠳᠠᠯ᠎ᠠ ᠪᠠᠷ ᠰᠢᠢᠳᠪᠦᠷᠢᠯᠡᠵᠣ᠂ | ᠮᠠᠯᠵᠢᠬᠤ ᠶᠢ ᠴᠠᠭᠠᠵᠢᠯᠠᠵᠣ ᠪᠡᠯᠴᠢᠬᠡᠷ ᠰᠡᠷᠬᠦᠬᠡᠬᠦ᠂ ᠣᠰᠣᠨ ᠤ ᠡᠬᠢ ᠪᠠᠶᠠᠯᠢᠭ ᠢ ᠬᠠᠮᠠᠭᠠᠯᠠᠬᠤ᠂ ᠭᠤᠣᠯᠳᠠᠯᠭ᠎ᠠ ᠲᠠᠢ | ᠬᠠᠮᠠᠭᠠᠯᠠᠯᠳᠠ ᠶᠢᠨ ᠣᠷᠣᠨ ᠤ ᠠᠮᠢ ᠠᠬᠤᠢ ᠶᠢ ᠬᠠᠮᠠᠭᠠᠯᠠᠬᠤ ᠵᠡᠷᠬᠡ ᠳᠠᠯ᠎ᠠ ᠪᠠᠷ ᠬᠢ ᠣᠷᠣᠰᠢᠵᠣ ᠪᠠᠶᠢᠭ᠎ᠠ | ᠬᠦᠴᠢᠷᠳᠡᠢ ᠠᠰᠠᠭᠤᠳᠠᠯ ᠢ ᠰᠢᠢᠳᠪᠦᠷᠢᠯᠡᠭᠰᠡᠨ ᠪᠠᠶᠢᠨ᠎ᠠ᠃ | ᠣᠯᠣᠰ ᠤᠨ ᠦᠮᠴᠢᠯᠡᠯᠳᠣ ᠡᠳ᠋ ᠬᠦᠷᠦᠩᠭᠡ ᠶᠢᠨ ᠬᠠᠮᠢᠶᠠᠷᠣᠯᠳᠠ ᠶᠢ ᠳᠦᠷᠢᠮᠵᠢᠬᠦᠯᠪᠡ᠃ ᠳᠡᠬᠡᠷ᠎ᠡ | ᠱᠠᠳᠣᠨ ᠤ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠠᠵᠢᠯ ᠤᠨ ᠱᠠᠭᠠᠷᠳᠠᠯᠭ᠎ᠠ ᠪᠠᠷ᠂ ᠬᠦᠢᠴᠡᠳ | ᠪᠠᠶᠢᠴᠠᠭᠠᠨ ᠰᠣᠳᠣᠯᠣᠯᠳᠠ ᠬᠢᠵᠣ᠂ ᠰᠠᠨᠠᠯ ᠳᠣᠷᠠᠳᠣᠯᠭ᠎ᠠ ᠬᠤᠷᠢᠶᠠᠵᠣ᠂ ᠳᠣᠷᠰᠢᠯᠭ᠎ᠠ ᠬᠤᠷᠠᠮᠳᠣᠭᠤᠯᠣᠭᠰᠠᠨ | ᠰᠠᠭᠤᠷᠢᠨ ᠳᠡᠬᠡᠷ᠎ᠡ᠂ ᠣᠩᠨᠢᠭᠤᠳ ᠬᠤᠰᠢᠭᠤᠨ ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ | ᠬᠤᠰᠢᠭᠤᠨ ᠤ ᠵᠠᠰᠠᠭ ᠤᠨ ᠣᠷᠳᠣᠨ ᠤ ᠣᠯᠣᠰ ᠤᠨ ᠦᠮᠴᠢᠯᠡᠯᠳᠣ ᠡᠳ᠋ ᠬᠦᠷᠦᠩᠬᠡ ᠶᠢᠨ ᠬᠠᠮᠢᠶᠠᠷᠣᠯᠳᠠ ᠶᠢᠨ | ᠪᠠᠶᠢᠳᠠᠯ ᠢ ᠮᠡᠳᠡᠬᠦᠯᠬᠦ ᠳᠦᠷᠢᠮ ᠢ ᠳᠣᠭᠳᠠᠭᠠᠵᠣ ᠂ ᠣᠯᠣᠰ ᠤᠨ ᠦᠮᠴᠢᠯᠡᠯᠳᠣ ᠡᠳ᠋ ᠬᠦᠷᠦᠩᠭᠡ ᠶᠢᠨ | ᠬᠠᠮᠢᠶᠠᠷᠣᠯᠳᠠ ᠶᠢᠨ ᠠᠵᠢᠯ ᠢ ᠵᠢᠷᠣᠮᠯᠠᠬᠤ ᠳᠦᠷᠢᠮ ᠲᠠᠢ ᠪᠣᠯᠭᠠᠪᠠ᠃ ᠵᠠᠰᠠᠭ ᠵᠠᠬᠢᠷᠭᠠᠨ ᠠᠵᠢᠯ ᠦᠢᠯᠡᠰ ᠤᠨ | ᠴᠢᠨᠠᠷᠳᠠᠢ ᠣᠯᠣᠰ ᠤᠨ ᠦᠮᠴᠢᠯᠡᠯᠳᠣ ᠡᠳ᠋ ᠬᠦᠷᠦᠩᠬᠡ ᠶᠢᠨ ᠬᠠᠮᠢᠶᠠᠷᠣᠯᠳᠠ ᠶᠢᠨ ᠪᠠᠶᠢᠳᠠᠯ ᠤᠨ ᠮᠡᠳᠡᠬᠦᠯᠦᠯᠳᠡ ᠶᠢ | ᠬᠢᠨᠠᠨ ᠰᠣᠨᠣᠰᠣᠭᠠᠳ᠂ ᠣᠯᠣᠰ ᠤᠨ ᠦᠮᠴᠢᠯᠡᠯᠳᠣ ᠡᠳ᠋ ᠬᠦᠷᠦᠩᠬᠡ ᠶᠢᠨ ᠬᠠᠮᠢᠶᠠᠷᠣᠯᠳᠠ ᠶᠢᠨ ᠳᠣᠭᠳᠠᠴᠠ ᠶᠢ | ᠳᠠᠷᠣᠢ ᠳᠦᠷᠬᠡᠨ ᠰᠢᠯᠣᠭᠤᠳᠬᠠᠵᠣ᠂ ᠰᠠᠭᠤᠷᠢ ᠳᠤᠭ᠎ᠠ ᠶᠢ ᠣᠯᠠᠮ ᠨᠢᠬᠡ ᠠᠯᠬᠤᠮ ᠳᠣᠳᠣᠷᠬᠠᠶᠢᠯᠠᠵᠣ᠂ ᠦᠨᠡᠨ | ᠪᠠᠶᠢᠳᠠᠯ ᠢ ᠡᠵᠡᠮᠰᠢᠵᠣ᠂ ᠦᠷ᠎ᠡ ᠠᠰᠢᠭᠳᠣ ᠬᠠᠮᠢᠶᠠᠷᠣᠯᠳᠠ ᠦᠬᠡᠢ ᠪᠠᠶᠢᠬᠤ ᠳᠤᠨᠢ ᠳᠣᠳᠣᠷᠬᠠᠢ ᠬᠠᠮᠢᠶᠠᠷᠣᠯᠳᠠ ᠲᠠᠢ | ᠪᠣᠯᠭᠠᠵᠣ᠂ ᠳᠡᠮᠳᠡᠭ ᠦᠨᠡᠮᠯᠠᠯ ᠪᠦᠷᠢᠨ᠂ ᠭᠠᠷᠳᠠᠮ ᠬᠦᠢᠴᠡᠳ ᠪᠠᠶᠢᠬᠤ ᠶᠢ ᠪᠠᠳᠣᠯᠠᠵᠣ ᠂ ᠣᠯᠣᠰ ᠤᠨ | ᠦᠮᠴᠢᠯᠡᠯᠳᠣ ᠡᠳ᠋ ᠬᠦᠷᠦᠩᠬᠡ ᠶᠢᠨ ᠬᠡᠬᠡᠭᠳᠡᠬᠦ ᠦᠬᠡᠢ ᠶᠢ ᠪᠠᠳᠣᠯᠠᠵᠣ᠂ ᠦᠷᠳᠡᠭ ᠢ ᠪᠠᠳᠣᠯᠠᠵᠣ ᠦᠷᠳᠡᠭ | ᠨᠡᠮᠡᠭᠳᠡᠬᠦ ᠶᠢ ᠪᠡᠶᠡᠯᠡᠬᠦᠯᠬᠦ ᠬᠡᠷᠡᠭᠳᠡᠢ ᠬᠡᠵᠣ ᠱᠠᠭᠠᠷᠳᠠᠭᠰᠠᠨ ᠪᠠᠶᠢᠨ᠎ᠠ᠃ | ᠳᠦᠰᠦᠪ ᠢ ᠰᠦᠯᠵᠢᠶᠡᠨ ᠳᠡᠬᠡᠷ᠎ᠡ ᠬᠢᠨᠡᠨ ᠪᠠᠶᠢᠴᠠᠭᠠᠵᠣ ᠬᠢᠨᠠᠨ ᠱᠠᠭᠠᠷᠳᠠᠬᠤ ᠶᠢ ᠡᠬᠢᠯᠡᠬᠦᠯᠪᠡ᠃ ᠳᠡᠬᠡᠳᠣ | ᠱᠠᠳᠣᠨ ᠤ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠳᠣᠬᠢᠷᠠᠭᠤᠯᠣᠯᠳᠠ ᠪᠠᠷ᠂ ᠬᠤᠰᠢᠭᠤᠨ ᠤ | ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠳᠦᠰᠦᠪ ᠢ ᠰᠦᠯᠵᠢᠶᠡᠨ ᠳᠡᠬᠡᠷ᠎ᠡ ᠬᠢᠨᠡᠨ ᠪᠠᠶᠢᠴᠠᠭᠠᠬᠤ | ᠳᠠᠰᠤᠭ ᠢ ᠪᠠᠶᠢᠭᠤᠯᠵᠣ᠂ ᠬᠢᠨᠠᠨ ᠪᠠᠶᠢᠴᠠᠭᠠᠬᠤ ᠰᠢᠰᠲ᠋ᠧᠮ ᠢ ᠣᠭᠰᠠᠷᠠᠨ ᠨᠡᠬᠡᠬᠡᠵᠣ᠂ ᠬᠤᠰᠢᠭᠤᠨ ᠤ ᠡᠳ᠋ ᠤᠨ | ᠵᠠᠰᠠᠭ ᠯᠤᠭ᠎ᠠ ᠳᠣᠳᠣᠭᠠᠳᠣ ᠰᠦᠯᠵᠢᠶᠡᠨ ᠤ ᠳᠣᠭᠠᠴᠢᠯᠳᠠ ᠪᠠᠷ ᠰᠦᠯᠵᠢᠶ᠎ᠡ ᠬᠤᠯᠪᠣᠭ᠎ᠠ ᠪᠠᠶᠢᠭᠤᠯᠪᠠ᠃ ︽ | ᠣᠩᠨᠢᠭᠤᠳ ᠬᠤᠰᠢᠭᠤᠨ ᠤ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠳᠦᠰᠦᠪ ᠢᠰᠦ᠋ᠯᠵᠢᠶᠡᠨ ᠳᠡᠬᠡᠷ᠎ᠡ | ᠬᠢᠨᠡᠨ ᠪᠠᠶᠢᠴᠠᠭᠠᠬᠤ ᠠᠵᠢᠯ ᠤᠨ ᠬᠡᠷᠡᠭᠵᠢᠬᠦᠯᠬᠦ ᠳᠦᠰᠦᠯ︾ ᠪᠠ ᠬᠠᠮᠢᠶ᠎ᠠ ᠪᠦᠬᠦᠢ ᠬᠠᠮᠢᠶᠠᠷᠣᠯᠳᠠ ᠶᠢᠨ ᠳᠦᠷᠢᠮ ᠢ | ᠳᠣᠭᠳᠠᠭᠠᠵᠣ᠂ ᠳᠦᠰᠦᠪ ᠢ ᠬᠢᠨᠠᠨ ᠪᠠᠶᠢᠴᠠᠭᠠᠬᠤ ᠳᠣᠭᠳᠠᠴᠠ ᠶᠢ ᠣᠯᠠᠮ ᠨᠢᠬᠡ ᠠᠯᠬᠤᠮ ᠳᠡᠬᠦᠯᠳᠡᠷᠵᠢᠬᠦᠯᠪᠡ᠃ | ᠪᠦᠬᠦ ᠬᠤᠰᠢᠭᠤᠨ ᠤ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨᠲ᠋ᠦ᠋ᠰᠦᠪ ᠢ ᠰᠦᠯᠵᠢᠶᠡᠨ ᠳᠡᠬᠡᠷ᠎ᠡ | ᠬᠢᠨᠡᠨ ᠪᠠᠶᠢᠴᠠᠭᠠᠵᠣ ᠬᠢᠨᠠᠨ ᠱᠠᠭᠠᠷᠳᠠᠬᠤ ᠠᠵᠢᠯ ᠤᠨ ᠬᠤᠷᠠᠯ ᠢ ᠬᠤᠷᠠᠯᠳᠣᠭᠤᠯᠵᠣ᠂ ᠠᠷᠠᠳ ᠤᠨ ᠳᠦᠯᠦᠬᠡᠯᠡᠭᠴᠢᠳ | ᠤᠨ ᠶᠡᠭᠡ ᠬᠤᠷᠠᠯ ᠠᠴᠠ ᠡᠳ᠋ ᠤᠨ ᠵᠠᠰᠠᠭ ᠤᠨ ᠳᠦᠰᠦᠪ ᠪᠠ ᠳᠦᠰᠦᠪ ᠤᠨ ᠬᠦᠢᠴᠡᠳᠬᠡᠯ ᠢ ᠪᠣᠳᠠᠳᠠᠢ ᠪᠠᠷ ᠬᠢᠨᠠᠨ | ᠪᠠᠶᠢᠴᠠᠭᠠᠬᠤ ᠶᠢ ᠳᠠᠰᠣᠷᠠᠯᠳᠠ ᠦᠬᠡᠢ ᠠᠬᠢᠭᠤᠯᠪᠠ᠃ | ᠭᠤᠷᠪᠠ᠂ ᠠᠷᠠᠳ ᠤᠨ ᠠᠮᠢᠳᠣᠷᠠᠯ ᠢ ᠪᠠᠳᠣᠯᠠᠬᠤ ᠪᠠ ᠰᠠᠶᠢᠵᠢᠷᠠᠭᠤᠯᠬᠤ ᠶᠢᠨ ᠳᠣᠭᠤᠷᠢᠨ ᠳᠤ ᠬᠢᠨᠠᠯᠳᠠ | ᠳᠠᠯᠪᠢᠬᠤ ᠶᠢ ᠦᠷᠨᠢᠬᠦᠯᠪᠡ | ᠠᠷᠠᠳ ᠳᠦᠮᠡᠨ ᠢᠶᠠᠷ ᠳᠦᠪ ᠪᠣᠯᠭᠠᠬᠤ ᠬᠦᠭᠵᠢᠯᠳᠡ ᠶᠢᠨ ᠦᠵᠡᠯ ᠰᠠᠨᠠᠭ᠎ᠠ ᠶᠢ ᠢᠮᠠᠭᠳᠠ | ᠨᠠᠶᠢᠳᠠᠪᠣᠷᠢᠵᠢᠭᠤᠯᠵᠣ᠂ ᠠᠷᠠᠳ ᠤᠨ ᠰᠠᠳᠬᠢᠯ ᠢ ᠣᠬᠠᠮᠰᠠᠷ ᠠᠴᠠ ᠪᠠᠨ ᠣᠶᠢᠯᠠᠭᠠᠵᠣ᠂ ᠠᠷᠠᠳ ᠣᠯᠠᠨ ᠤ ᠠᠰᠢᠭ | ᠳᠣᠰᠠ ᠲᠠᠢ ᠬᠤᠯᠪᠣᠭᠳᠠᠬᠤ ᠬᠠᠯᠠᠮᠰᠢᠯ ᠠᠰᠠᠭᠤᠳᠠᠯ ᠪᠠ ᠬᠦᠴᠢᠷᠳᠡᠢ ᠠᠰᠠᠭᠤᠳᠠᠯ ᠢ ᠠᠩᠬᠠᠷᠣᠨ ᠬᠠᠯᠠᠮᠵᠢᠯᠠᠵᠣ | ᠰᠢᠢᠳᠪᠦᠷᠢᠯᠡᠪᠡ᠃ | ᠠᠷᠠᠳ ᠤᠨ ᠠᠮᠢᠳᠣᠷᠠᠯ ᠢ ᠰᠠᠶᠢᠵᠢᠷᠠᠭᠤᠯᠬᠤ ᠶᠢ ᠠᠬᠢᠭᠤᠯᠪᠠ᠃ ︽ᠪᠦᠬᠦ ᠬᠤᠰᠢᠭᠤᠨ ᠤ 2018 | ᠣᠨ ᠤ ᠰᠣᠷᠭᠠᠨ ᠬᠦᠮᠦᠵᠢᠯ ᠤᠨ ᠦᠢᠯᠡᠰ ᠤᠨ ᠭᠦᠭᠵᠢᠯᠳᠡ ᠶᠢᠨ ᠪᠠᠶᠢᠳᠠᠯ ᠤᠨ ᠮᠡᠳᠡᠬᠦᠯᠦᠯᠳᠡ ᠶᠢᠨ ᠬᠢᠨᠠᠨ | ᠵᠦᠪᠯᠡᠭᠰᠡᠨ ᠰᠠᠨᠠᠯ︾ ᠢ ᠨᠠᠶᠢᠳᠠᠪᠣᠷᠢᠵᠢᠭᠤᠯᠣᠭᠰᠠᠨ ᠪᠠᠶᠢᠳᠠᠯ ᠳᠤ ᠮᠦᠷᠳᠡᠨ ᠪᠠᠶᠢᠴᠠᠭᠠᠯᠳᠠ ᠦᠷᠨᠢᠬᠦᠯᠵᠣ᠂ | ᠣᠩᠨᠢᠭᠤᠳ ᠬᠤᠰᠢᠭᠤᠨ ᠤ ᠪᠣᠳᠠᠳᠠᠢ ᠠᠴᠠ ᠪᠠᠨ ᠡᠬᠦᠰᠴᠣ᠂ ᠪᠠᠭᠰᠢᠨᠠᠷ ᠤᠨ ᠡᠩᠨᠡᠬᠡᠨ ᠤ ᠪᠠᠶᠢᠭᠤᠯᠣᠯᠳᠠ ᠶᠢᠨ | ᠬᠠᠮᠢᠶᠠᠷᠣᠯᠳᠠ ᠶᠢ ᠴᠢᠩᠭᠠᠳᠬᠠᠵᠣ᠂ ᠪᠠᠭᠰᠢᠨᠠᠷ ᠤᠨ ᠬᠦᠮᠦᠨ ᠤ ᠶᠠᠪᠣᠳᠠᠯ ᠤᠨ ᠬᠠᠮᠢᠶᠠᠷᠣᠯᠳᠠ ᠳᠣᠬᠢᠷᠠᠭᠤᠯᠣᠯᠳᠠ | ᠶᠢᠨ ᠳᠦᠷᠢᠮ ᠪᠠ ᠰᠣᠷᠭᠠᠭᠤᠯᠢ ᠬᠤᠭᠤᠷᠣᠨᠳᠣᠬᠢ᠂ ᠬᠤᠳᠠ ᠬᠦᠳᠡᠭᠡ ᠬᠤᠭᠤᠷᠣᠨᠳᠣᠬᠢ ᠶᠠᠪᠣᠭᠤᠯ ᠳᠣᠭᠳᠠᠴᠠ ᠶᠢ | ᠳᠣᠭᠳᠠᠭᠠᠨ ᠳᠡᠬᠦᠯᠳᠡᠷᠵᠢᠬᠦᠯᠵᠣ᠂ ᠪᠠᠭᠰᠢ ᠶᠢᠨ ᠡᠩᠨᠡᠬᠡᠨ ᠤ ᠳᠣᠬᠢᠷᠠᠭᠤᠯᠣᠯᠳᠠ ᠶᠢ ᠰᠢᠯᠢᠳᠡᠭᠵᠢᠬᠦᠯᠦᠨ᠎ᠡ︔ | ᠪᠠᠭᠰᠢ ᠶᠢᠨ ᠣᠷᠣᠨ ᠳᠤᠭ᠎ᠠ ᠶᠢ ᠨᠦᠬᠦᠬᠦ ᠳᠦᠯᠦᠪᠯᠡᠭᠡ ᠶᠢ ᠰᠢᠨᠵᠢᠯᠡᠬᠦ ᠣᠬᠠᠭᠠᠨᠴᠢ ᠪᠠᠷ ᠳᠣᠭᠳᠠᠵᠣ᠂ ᠦᠨᠳᠦᠷ ᠬᠡᠪ | ᠪᠣᠯᠪᠠᠰᠣᠷᠠᠯ ᠲᠠᠢ ᠵᠠᠯᠭᠠᠣ ᠪᠠᠭᠰᠢᠨᠠᠷ ᠢ ᠪᠠᠭᠰᠢ ᠵᠢᠨᠡᠩᠨᠡᠬᠡᠨ ᠳᠤ ᠳᠠᠳᠠᠨ ᠣᠷᠣᠭᠤᠯᠬᠤ ᠬᠡᠷᠡᠭᠳᠡᠢ︔ ᠰᠠᠭᠤᠷᠢ | ᠪᠦᠳᠦᠬᠡᠨ ᠪᠠᠶᠢᠭᠤᠯᠣᠯᠳᠠ ᠪᠣᠯᠣᠨ ᠳᠣᠨᠣᠭᠯᠠᠯ ᠤᠨ ᠪᠡᠯᠡ ᠣᠷᠣᠭᠤᠯᠣᠯᠳᠠ ᠶᠢ ᠨᠡᠮᠡᠭᠳᠡᠬᠦᠯᠵᠣ᠂ ᠳᠣᠭᠠᠴᠢᠯᠠᠭᠰᠠᠨ᠂ | ᠵᠠᠩᠬᠢᠴᠢᠯᠠᠭᠰᠠᠨ᠂ ᠣᠶᠣᠨᠴᠢᠯᠠᠭᠰᠠᠨ ᠰᠣᠷᠭᠠᠭᠤᠯᠢ ᠶᠢᠨ ᠬᠦᠷᠢᠶᠡᠨ ᠤ ᠪᠦᠳᠦᠬᠡᠨ ᠪᠠᠶᠢᠭᠤᠯᠣᠯᠳᠠ ᠶᠢᠨ ᠠᠯᠬᠤᠮ ᠢ | ᠳᠦᠷᠬᠡᠳᠬᠡᠬᠦ ᠬᠡᠷᠡᠭᠳᠡᠢ ᠬᠡᠵᠣ ᠳᠣᠷᠠᠳᠣᠭᠰᠠᠨ ᠪᠠᠶᠢᠨ᠎ᠠ᠃ | ︽ᠪᠦᠬᠦ ᠬᠤᠰᠢᠭᠤᠨ ᠤ 2018 ᠣᠨ ᠤ ᠡᠷᠡᠬᠦᠯ ᠬᠠᠮᠠᠭᠠᠯᠠᠯ ᠤᠨ ᠦᠢᠯᠡᠰ ᠤᠨ ᠬᠦᠭᠵᠢᠯᠳᠡ ᠶᠢᠨ | ᠪᠠᠶᠢᠳᠠᠯ ᠤᠨ ᠮᠡᠳᠡᠬᠦᠯᠦᠯᠳᠡ ᠶᠢ ᠬᠢᠨᠡᠨ ᠵᠦᠪᠯᠡᠭᠰᠡᠨ ᠰᠠᠨᠠᠯ︾ ᠢ ᠨᠠᠶᠢᠳᠠᠪᠣᠷᠢᠵᠢᠭᠤᠯᠣᠭᠰᠠᠨ ᠪᠠᠶᠢᠳᠠᠯ ᠳᠤ ᠮᠦᠷᠳᠡᠨ | ᠪᠠᠶᠢᠴᠠᠭᠠᠯᠳᠠ ᠬᠢᠬᠡᠳ᠂ ᠰᠠᠭᠤᠷᠢ ᠳᠦᠬᠦᠬᠡᠷᠣᠮᠵᠢ ᠶᠢᠨ ᠪᠦᠳᠦᠬᠡᠨ ᠪᠠᠶᠢᠭᠤᠯᠣᠯᠳᠠ ᠪᠠᠭᠤᠷᠠᠢ᠂ ᠴᠢᠳᠠᠪᠣᠷᠢᠳᠠᠨ ᠤ | ᠡᠩᠨᠡᠬᠡᠨ ᠤ ᠪᠠᠶᠢᠭᠤᠯᠣᠯᠳᠠ ᠬᠤᠵᠢᠳ᠂ ᠡᠮᠨᠡᠯᠬᠡ ᠶᠢᠨ ᠪᠠᠶᠢᠭᠤᠯᠣᠮᠵᠢ ᠶᠢᠨ ᠠᠵᠢᠯᠯᠠᠭᠠᠨ ᠤ ᠳᠣᠭᠳᠠᠴᠠ | ᠳᠡᠬᠦᠯᠳᠡᠷᠵᠢᠬᠡᠳᠣᠢ᠂ ᠣᠯᠠᠨ ᠨᠡᠶᠢᠳᠡ ᠶᠢᠨ ᠡᠷᠡᠬᠦᠯ ᠬᠠᠮᠠᠭᠠᠯᠠᠯ ᠤᠨ ᠦᠢᠯᠡᠴᠢᠯᠡᠬᠡᠨ ᠤ ᠠᠵᠢᠯ ᠢ ᠪᠠᠰᠠ | ᠴᠢᠩᠭᠠᠳᠬᠠᠬᠤ ᠴᠢᠬᠤᠯᠳᠠᠢ ᠵᠡᠷᠬᠡ ᠠᠰᠠᠭᠤᠳᠠᠯ ᠣᠷᠣᠰᠢᠭᠰᠠᠭᠠᠷ᠃ ᠡᠷᠡᠬᠦᠯ ᠬᠠᠮᠠᠭᠠᠯᠠᠯ ᠤᠨ ᠦᠢᠯᠡᠰ ᠢ ᠠᠷᠠᠳ | ᠤᠨ ᠠᠮᠢᠳᠣᠷᠠᠯ ᠤᠨᠭᠤᠣᠯᠳᠠᠯᠭ᠎ᠠ ᠲᠠᠢ ᠢᠨᠵᠧᠨᠧᠷᠢᠩ ᠪᠣᠯᠭᠠᠵᠣ᠂ ᠪᠡᠯᠡ ᠣᠷᠣᠭᠤᠯᠣᠯᠳᠠ ᠪᠠᠨ ᠣᠯᠠᠮ | ᠨᠡᠮᠡᠭᠳᠡᠬᠦᠯᠵᠣ᠂ ᠦᠨᠳᠦᠰᠦᠨ ᠱᠠᠳᠣᠨ ᠤ ᠡᠮ ᠡᠮᠨᠡᠯᠬᠡ ᠶᠢᠨ ᠦᠢᠯᠡᠴᠢᠯᠡᠬᠡᠨ ᠤ ᠪᠠᠶᠢᠳᠠᠯ ᠢ ᠰᠠᠶᠢᠵᠢᠷᠠᠭᠤᠯᠬᠤ | ᠬᠡᠷᠡᠭᠳᠡᠢ︔ ᠡᠷᠡᠬᠦᠯ ᠬᠠᠮᠠᠭᠠᠯᠠᠯ ᠤᠨ ᠴᠢᠳᠠᠪᠣᠷᠢᠳᠠᠨ ᠤ ᠡᠩᠨᠡᠬᠡᠨ ᠤ ᠪᠠᠶᠢᠭᠤᠯᠣᠯᠳᠠ ᠶᠢ ᠴᠢᠩᠭᠠᠳᠬᠠᠵᠣ᠂ ᠠᠵᠢᠯ | ᠤᠨ ᠰᠡᠳᠬᠢᠴᠠ ᠪᠠᠨ ᠰᠢᠨᠡᠳᠬᠡᠵᠣ᠂ ᠦᠨᠳᠦᠰᠦᠨ ᠱᠠᠳᠣᠨ ᠤ ᠡᠮ ᠡᠮᠨᠡᠯᠬᠡ ᠡᠷᠡᠬᠦᠯ ᠬᠠᠮᠠᠭᠠᠯᠠᠯ ᠤᠨ ᠦᠢᠯᠡᠰ ᠤᠨ | ᠪᠦᠬᠦ ᠳᠠᠯ᠎ᠠ ᠪᠠᠷ᠂ ᠵᠣᠬᠢᠴᠠᠩᠭᠤᠢ᠂ ᠳᠠᠭᠠᠭᠠᠮᠠᠭᠠᠢ ᠬᠦᠭᠵᠢᠯᠳᠡ ᠶᠢ ᠠᠬᠢᠭᠤᠯᠵᠣ᠂ ᠦᠷᠬᠡᠨ ᠣᠯᠠᠨ ᠳᠦᠮᠡᠨ ᠳᠤ | ᠡᠷᠡᠬᠦᠯ ᠮᠡᠨᠳᠣ ᠶᠢᠨ ᠬᠦᠷᠳᠡᠮᠵᠢ ᠬᠠᠩᠭᠠᠵᠣ ᠦᠭᠬᠦ ᠬᠡᠷᠡᠭᠳᠡᠢ ᠬᠡᠵᠣ ᠱᠠᠭᠠᠷᠳᠠᠭᠰᠠᠨ ᠪᠠᠶᠢᠨ᠎ᠠ᠃ | ᠪᠦᠬᠦ ᠬᠤᠰᠢᠭᠤᠨ ᠤ ᠬᠦᠮᠦᠨ ᠤ ᠬᠦᠴᠦᠨ ᠤ ᠬᠠᠮᠢᠶᠠᠷᠣᠯᠳᠠ ᠪᠣᠯᠣᠨ ᠪᠠᠳᠣᠯᠠᠭ᠎ᠠ ᠶᠢᠨ ᠪᠠᠶᠢᠳᠠᠯ ᠳᠤ | ᠪᠠᠶᠢᠴᠠᠭᠠᠨ ᠰᠣᠳᠣᠯᠣᠯᠳᠠ ᠬᠢᠵᠣ᠂ ᠬᠦᠮᠦᠨ ᠤ ᠬᠦᠴᠦᠨ ᠤ ᠬᠠᠮᠢᠶᠠᠷᠣᠯᠳᠠ ᠪᠣᠯᠣᠨ ᠪᠠᠳᠣᠯᠠᠭ᠎ᠠ ᠶᠢᠨ ᠪᠠᠶᠢᠳᠠᠯ | ᠤᠨ ᠳᠣᠬᠠᠢ ᠮᠡᠳᠡᠬᠦᠯᠦᠯᠳᠡ ᠶᠢ ᠬᠢᠨᠠᠨ ᠰᠣᠨᠣᠰᠴᠣ᠂ ᠳᠣᠰᠬᠠᠢ ᠰᠡᠳᠣᠪ ᠢᠶᠠᠷ ᠯᠠᠪᠯᠠᠨ ᠠᠰᠠᠭᠤᠭᠠᠳ ᠴᠢᠳᠠᠪᠣᠷᠢᠳᠠᠨ ᠢ | ᠰᠢᠯᠢᠨ ᠬᠡᠷᠡᠭᠯᠡᠬᠦ ᠳᠣᠭᠳᠠᠴᠠ ᠶᠢᠨ ᠰᠢᠨ᠎ᠡ ᠶᠢ ᠡᠬᠦᠳᠴᠣ᠂ ᠬᠦᠳᠡᠯᠣᠩᠬᠦᠢ ᠳᠣᠬᠢᠷᠠᠭᠤᠯᠬᠤ ᠳᠣᠭᠳᠠᠴᠠ ᠶᠢ | ᠪᠦᠷᠢᠨᠵᠢᠬᠦᠯᠵᠣ᠂ ᠱᠠᠩᠨᠠᠨ ᠣᠷᠮᠠᠰᠢᠭᠤᠯᠬᠤ ᠳᠣᠭᠳᠠᠴᠠ ᠶᠢ ᠳᠡᠬᠦᠯᠳᠡᠷᠵᠢᠬᠦᠯᠵᠣ᠂ ᠴᠢᠳᠠᠪᠣᠷᠢᠳᠠᠨ ᠤ ᠡᠩᠨᠡᠭᠡ ᠶᠢ | ᠳᠠᠰᠣᠷᠠᠯᠳᠠ ᠦᠬᠡᠢ ᠬᠦᠢᠴᠡᠳ ᠪᠣᠯᠭᠠᠵᠣ ᠂ ᠴᠢᠳᠠᠪᠣᠷᠢᠳᠠᠨ ᠤ ᠪᠦᠳᠦᠴᠡ ᠶᠢ ᠰᠢᠯᠢᠳᠡᠭᠵᠢᠬᠦᠯᠵᠣ᠂ ᠴᠢᠳᠠᠪᠣᠷᠢᠳᠠᠨ | ᠤ ᠰᠣᠯᠢᠯᠴᠠᠭ᠎ᠠ ᠶᠢ ᠰᠠᠭᠠᠳ ᠦᠬᠡᠢ ᠪᠣᠯᠭᠠᠵᠣ ᠂ ᠴᠢᠳᠠᠪᠣᠷᠢᠳᠠᠨ ᠤ ᠳᠠᠯᠳᠠ ᠬᠦᠴᠦᠨ ᠢ ᠪᠠᠳᠠᠷᠠᠭᠤᠯᠵᠣ᠂ ︽ | ᠬᠦᠮᠦᠨ ᠨᠢ ᠣᠷᠣᠨ ᠪᠠᠶᠢᠷᠢ ᠳᠤ ᠪᠠᠨ ᠵᠣᠬᠢᠴᠠᠭᠰᠠᠨ᠂ ᠣᠷᠣᠨ ᠪᠠᠶᠢᠷᠢ ᠨᠢ ᠵᠣᠬᠢᠰᠳᠠᠢ ᠬᠦᠮᠦᠨ ᠪᠠᠨ ᠣᠯᠬᠤ︾ | ᠶᠢ ᠪᠡᠶᠡᠯᠡᠬᠦᠯᠬᠦ ᠬᠡᠷᠡᠭᠳᠡᠢ ᠬᠡᠵᠣ ᠱᠠᠭᠠᠷᠳᠠᠭᠰᠠᠨ ᠪᠠᠶᠢᠨ᠎ᠠ᠃ | ᠬᠦᠳᠡᠭᠡ ᠳᠣᠰᠬᠤᠨ ᠢ ᠬᠦᠭᠵᠢᠬᠦᠯᠣᠨ ᠮᠠᠨᠳᠣᠭᠤᠯᠬᠤ ᠪᠠᠶᠢᠯᠳᠣᠬᠤ ᠪᠣᠳᠣᠯᠭ᠎ᠠ ᠶᠢ ᠬᠦᠴᠦᠯᠡᠨ ᠳᠡᠮᠵᠢᠪᠡ | ᠃ ᠵᠧᠵᠢᠶᠠᠩ ᠮᠣᠵᠢ ᠶᠢᠨ ᠲᠦᠩ ᠯᠤ᠋ ᠰᠢᠶᠠᠨ ᠳᠤ ᠪᠠᠶᠢᠴᠠᠭᠠᠨ ᠰᠣᠳᠣᠯᠬᠤ ᠳᠣᠭᠤᠶᠢᠯᠠᠩ ᠳᠣᠮᠢᠯᠠᠵᠣ᠂ ᠬᠦᠳᠡᠭᠡ | ᠳᠣᠰᠬᠤᠨ ᠢ ᠬᠦᠭᠵᠢᠬᠦᠯᠦᠨ ᠮᠠᠨᠳᠣᠭᠤᠯᠬᠤ ᠠᠵᠢᠯ ᠤᠨ ᠪᠦᠳᠦᠮᠵᠢᠳᠡᠢ ᠠᠷᠭ᠎ᠠ ᠳᠡᠷᠢᠬᠦᠨ ᠤ ᠳᠣᠷᠰᠢᠯᠭ᠎ᠠ ᠶᠢ | ᠰᠢᠰᠲ᠋ᠧᠮ ᠲᠠᠢ ᠰᠣᠷᠣᠯᠴᠠᠵᠣ᠂ ᠳᠣᠰᠬᠠᠢ ᠳᠦᠷᠦᠯ ᠤᠨ ᠪᠠᠶᠢᠴᠠᠭᠠᠨ ᠰᠣᠳᠣᠯᠣᠭᠰᠠᠨ ᠮᠡᠳᠡᠬᠦᠯᠦᠯᠳᠡ ᠪᠢᠴᠢᠪᠠ᠃ | ︽ᠪᠦᠬᠦ ᠬᠤᠰᠢᠭᠤᠨ ᠤ ᠬᠦᠳᠡᠭᠡ ᠳᠣᠰᠬᠤᠨ ᠢ ᠬᠦᠭᠵᠢᠬᠦᠯᠦᠨ ᠮᠠᠨᠳᠣᠭᠤᠯᠬᠤ ᠪᠠᠶᠢᠯᠳᠣᠬᠤ ᠪᠣᠳᠣᠯᠭ᠎ᠠ ᠶᠢ | ᠨᠠᠶᠢᠳᠠᠪᠣᠷᠢᠵᠢᠭᠤᠯᠣᠨ᠂ ᠳᠠᠷᠢᠶᠠᠯᠠᠩ ᠬᠦᠳᠡᠭᠡ ᠳᠣᠰᠬᠤᠨ ᠤ ᠣᠳᠣᠬᠢᠴᠢᠯᠠᠯᠳᠠ ᠶᠢᠨ ᠬᠦᠭᠵᠢᠯᠳᠡ ᠶᠢ ᠠᠬᠢᠭᠤᠯᠬᠤ | ᠶᠢ ᠳᠦᠷᠬᠡᠳᠬᠡᠬᠦ ︾ ᠬᠠᠷᠠᠯᠳᠠ ᠶᠢᠨ ᠳᠣᠭᠤᠷᠢᠨ ᠳᠤ᠂ ᠪᠦᠬᠦ ᠬᠤᠰᠢᠭᠤᠨ ᠤ ᠬᠦᠳᠡᠭᠡ ᠳᠣᠰᠬᠤᠨ ᠢ | ᠬᠦᠭᠵᠢᠬᠦᠯᠦᠨ ᠮᠠᠨᠳᠣᠭᠤᠯᠬᠤ ᠶᠢ ᠬᠡᠷᠡᠭᠵᠢᠬᠦᠯᠦᠭᠰᠡᠨ ᠪᠠᠶᠢᠳᠠᠯ ᠤᠨ ᠳᠣᠬᠠᠢ ᠪᠠᠶᠢᠴᠠᠭᠠᠨ ᠰᠣᠳᠣᠯᠣᠯᠳᠠ ᠬᠢᠬᠡᠳ᠂ | ᠣᠷᠢᠳᠠᠪᠠᠷ ᠳᠦᠯᠦᠪᠵᠢᠬᠦᠯᠦᠭᠰᠡᠨ ᠬᠦᠳᠡᠭᠡ ᠳᠣᠰᠬᠤᠨ ᠢ ᠬᠦᠭᠵᠢᠬᠦᠯᠦᠨ ᠮᠠᠨᠳᠣᠭᠤᠯᠬᠤ ᠡᠬᠢᠯᠡᠯᠳᠡ ᠶᠢᠨ ᠪᠠᠶᠢᠳᠠᠯ ᠢ | ᠣᠬᠠᠭᠠᠯᠠᠨ ᠰᠡᠳᠣᠵᠣ᠂ ᠠᠵᠣ ᠦᠢᠯᠡᠰ ᠤᠨ ᠬᠦᠭᠵᠢᠯᠳᠡ ᠪᠠᠷ ᠣᠷᠣᠯᠭ᠎ᠠ ᠪᠠᠨ ᠨᠡᠮᠡᠭᠳᠡᠬᠦᠯᠵᠣ ᠴᠢᠨᠡᠬᠡᠯᠢᠭ ᠪᠣᠯᠬᠤ | ᠶᠢᠨ ᠬᠦᠴᠢᠷ ᠠᠰᠠᠭᠤᠳᠠᠯ ᠢ ᠰᠢᠢᠳᠪᠦᠷᠢᠯᠡᠵᠣ᠂ ᠠᠮᠢ ᠠᠬᠤᠢ ᠶᠢᠨ ᠬᠠᠮᠭᠠᠯᠠᠯᠳᠠ ᠪᠠᠷ ᠳᠠᠭᠠᠭᠠᠮᠠᠭᠠᠢ ᠬᠦᠭᠵᠢᠯᠳᠡ | ᠶᠢᠨ ᠬᠦᠳᠡᠯᠬᠡᠬᠦ ᠬᠦᠴᠦᠨ ᠪᠣᠯᠭᠠᠵᠣ᠂ ᠦᠨᠳᠦᠰᠦᠨ ᠱᠠᠳᠣᠨ ᠤ ᠨᠠᠮ ᠤᠨ ᠵᠣᠬᠢᠶᠠᠨ ᠪᠠᠶᠢᠭᠤᠯᠣᠯᠳᠠ ᠪᠠᠷ ᠬᠦᠳᠡᠭᠡ | ᠳᠣᠰᠬᠤᠨ ᠤ ᠰᠠᠶᠢᠵᠢᠷᠠᠯᠳᠠ ᠰᠢᠯᠢᠳᠡᠭᠵᠢᠯᠳᠡ ᠶᠢ ᠳᠠᠭᠠᠭᠠᠣᠯᠵᠣ᠂ ᠴᠢᠳᠠᠪᠣᠷᠢᠳᠠᠨ ᠤ ᠮᠠᠨᠳᠣᠯᠳᠠ ᠪᠠᠷ ᠬᠦᠳᠡᠭᠡ | ᠳᠣᠰᠬᠤᠨ ᠤ ᠮᠠᠨᠳᠣᠯᠳᠠ ᠶᠢ ᠪᠣᠢ ᠪᠣᠯᠭᠠᠬᠤ ᠶᠢᠨ ᠬᠦᠴᠦᠳᠠᠢ ᠳᠣᠯᠭᠠᠭᠤᠷᠢ ᠪᠣᠯᠭᠠᠵᠣ᠂ ᠳᠠᠷᠢᠶᠠᠯᠠᠩ ᠢ ᠬᠦᠳᠡᠭᠡ | ᠳᠣᠰᠬᠤᠨ ᠢ ᠬᠦᠭᠵᠢᠬᠦᠯᠦᠨ ᠮᠠᠨᠳᠣᠭᠤᠯᠬᠤ ᠶᠢᠨ ᠡᠬᠢ ᠰᠣᠷᠪᠣᠯᠵᠢ ᠪᠣᠯᠭᠠᠵᠣ᠂ ︽ᠠᠵᠣ ᠦᠢᠯᠡᠰ ᠦᠷᠨᠢᠬᠦᠨ | ᠪᠠᠳᠠᠷᠠᠩᠭᠤᠢ᠂ ᠠᠮᠢ ᠠᠬᠤᠶᠢᠳᠣ ᠳᠣᠬᠢᠯᠢᠭ ᠰᠠᠭᠤᠴᠠ ᠲᠠᠢ᠂ ᠠᠶᠢᠯ ᠤᠨ ᠰᠣᠷᠳᠠᠯ ᠪᠣᠯᠪᠠᠰᠣᠨ ᠰᠠᠶᠢᠬᠠᠨ᠂ ᠠᠯᠢ | ᠪᠦᠬᠦᠨ ᠢ ᠪᠦᠳᠦᠮᠵᠢᠳᠡᠢ ᠵᠠᠰᠠᠭᠰᠠᠨ᠂ ᠠᠮᠢᠳᠣᠷᠠᠯ ᠠᠬᠤᠢ ᠪᠠᠶᠠᠨ ᠴᠢᠨᠡᠬᠡᠯᠢᠭ︾ ᠤᠨ ᠬᠠᠷᠠᠯᠳᠠᠳᠣ ᠱᠠᠭᠠᠷᠳᠠᠯᠭ᠎ᠠ | ᠶᠢ ᠦᠨᠡᠨ ᠬᠦ ᠪᠠᠶᠠᠯᠡᠬᠦᠯᠬᠦ ᠬᠡᠷᠡᠭᠳᠡᠢ ᠬᠡᠵᠣ ᠱᠠᠭᠠᠷᠳᠠᠭᠰᠠᠨ ᠪᠠᠶᠢᠨ᠎ᠠ᠃ | ᠲᠦᠷᠪᠠ᠂ ᠲᠦᠪ ᠭᠤᠤᠯᠴᠢ ᠬᠠᠤᠯᠢ ᠪᠠᠷ ᠵᠠᠰᠠᠬᠤ ᠶᠢᠨ ᠳᠣᠭᠤᠷᠢᠨ ᠳᠤ ᠬᠢᠨᠠᠯᠳᠠ ᠳᠠᠯᠪᠢᠬᠤ ᠶᠢ | ᠦᠷᠨᠢᠬᠦᠯᠪᠡ | ᠬᠠᠣᠯᠢ ᠴᠠᠭᠠᠵᠠ ᠪᠠ ᠬᠠᠣᠯᠢ ᠬᠡᠷᠡᠭᠵᠢᠬᠦᠯᠦᠯᠳᠡ ᠶᠢ ᠪᠠᠶᠢᠴᠠᠭᠠᠬᠤ ᠪᠠᠷ ᠳᠠᠮᠵᠢᠵᠣ᠂ ᠬᠠᠤᠯᠢ ᠴᠠᠭᠠᠵᠠ | ᠶᠢᠨ ᠡᠷᠭᠡ ᠶᠢ ᠬᠠᠤᠯᠢ ᠶᠤᠰᠤᠭᠠᠷ ᠵᠦᠪ ᠤᠨᠤᠪᠴᠢᠳᠠᠢ ᠶᠠᠪᠤᠬᠳᠠᠭᠤᠯᠬᠤ ᠶᠢ ᠠᠬᠢᠭᠤᠯᠵᠣ᠂ ᠲᠦᠪ ᠭᠤᠤᠯᠴᠢ ᠪᠠᠷ | ᠬᠠᠤᠯᠢ ᠶᠠᠪᠤᠭᠤᠯᠬᠤ᠂ ᠠᠷᠠᠳ ᠲᠦᠮᠠᠨ ᠤ ᠲᠦᠯᠦᠭᠡ ᠬᠠᠤᠯᠢ ᠶᠠᠪᠤᠭᠤᠯᠬᠤ ᠶᠢ ᠪᠠᠳᠤᠯᠠᠵᠤ᠂ ᠬᠠᠤᠯᠢ ᠪᠠᠷ | ᠤᠩᠨᠢᠭᠤᠳ ᠬᠤᠰᠢᠭᠤ ᠪᠠᠨ ᠵᠠᠰᠠᠬᠤ ᠪᠦᠳᠦᠬᠡᠨ ᠪᠠᠶᠢᠭᠤᠯᠣᠯᠳᠠᠶᠢ ᠴᠢᠷᠮᠠᠶᠢᠨ ᠠᠬᠢᠭᠤᠯᠪᠠ᠃ | ︽ᠪᠦᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠠᠮᠢᠳᠠᠨ ᠤ ᠬᠢᠵᠢᠭ ᠢ ᠰᠠᠷᠭᠡᠶᠢᠯᠠᠬᠦ ᠬᠠᠤᠯᠢ︾ | ᠂ ︽ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ ᠤ ᠠᠮᠢᠳᠠᠨ ᠤ ᠬᠢᠵᠢᠭ ᠢ ᠰᠠᠷᠭᠡᠶᠢᠯᠠᠬᠦ ᠲᠦᠷᠢᠮ︾ ᠢ | ᠬᠡᠷᠡᠭᠵᠢᠬᠦᠯᠦᠭᠰᠡᠨ ᠪᠠᠶᠢᠳᠠᠯ ᠳᠤ ᠬᠠᠤᠯᠢ ᠶᠢᠨ ᠪᠠᠶᠢᠴᠠᠭᠠᠯᠳᠠ ᠬᠢᠵᠤ᠂ ᠠᠮᠢᠳᠠᠨ ᠤ ᠬᠢᠵᠢᠭ ᠢ ᠰᠡᠷᠭᠡᠶᠢᠯᠠᠬᠦ ᠠᠵᠢᠯ ᠢ | ᠲᠠᠭᠡᠳᠤ ᠬᠡᠮᠵᠢᠶ᠎ᠠ ᠪᠠᠷ ᠴᠢᠬᠤᠯᠠᠴᠢᠯᠠᠵᠤ᠂ ᠠᠮᠢᠳᠠᠨ ᠤ ᠬᠢᠵᠢᠭ ᠢ ᠰᠠᠷᠭᠡᠶᠢᠯᠠᠬᠦ ᠰᠢᠰᠲ᠋ᠧᠮ ᠪᠤᠯᠤᠨ ᠰᠠᠭᠤᠷᠢ | ᠲᠦᠬᠦᠭᠡᠷᠦᠮᠵᠢ ᠶᠢᠨ ᠪᠠᠶᠢᠭᠤᠯᠤᠯᠳᠠ ᠶᠢ ᠬᠦᠴᠦᠳᠠᠢ ᠠᠳᠬᠤᠵᠤ᠂ ᠬᠦᠨᠳᠤ ᠨᠤᠴᠢᠳᠠᠢ ᠠᠮᠢᠳᠠᠨ ᠤ ᠬᠢᠵᠢᠭ ᠲᠠᠯᠭᠡᠷᠠᠬᠦ | ᠶᠢ ᠪᠦᠳᠦᠮᠵᠢᠳᠠᠢ ᠰᠠᠷᠭᠡᠶᠢᠯᠠᠬᠦ ᠬᠡᠷᠡᠭᠳᠡᠢ ᠬᠡᠵᠤ ᠵᠢᠭᠠᠵᠤ ᠭᠠᠷᠭᠠᠬᠰᠠᠨ ᠪᠠᠶᠢᠨ᠎ᠠ᠃ | ︽ᠪᠦᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠡᠯᠡᠰᠤ ᠶᠢ ᠰᠡᠷᠬᠡᠶᠢᠯᠡᠨ ᠵᠠᠰᠠᠬᠤ ᠬᠠᠤᠯᠢ︾ | ᠶᠢᠨ ᠬᠠᠣᠯᠢ ᠬᠡᠷᠡᠭᠵᠢᠬᠦᠯᠦᠭᠰᠡᠨ ᠪᠠᠶᠢᠳᠠᠯ ᠳᠤ ᠪᠠᠶᠢᠴᠠᠭᠠᠯᠳᠠ ᠬᠢᠬᠡᠳ ᠰᠢ ᠶᠢᠨ ᠫᠢᠩ ᠤᠨ ᠠᠮᠢ ᠠᠬᠤᠢ ᠪᠣᠯᠪᠠᠰᠣᠨ | ᠤ ᠦᠵᠡᠯ ᠰᠠᠨᠠᠭ᠎ᠠ ᠶᠢ ᠬᠦᠨᠵᠡᠬᠡᠢ ᠳᠣᠭᠤᠰᠢᠯᠠᠭᠤᠯᠵᠣ᠂ ᠬᠦᠮᠦᠨ ᠪᠠᠶᠢᠭᠠᠯᠢ ᠵᠡᠷᠬᠡᠴᠡᠨ ᠣᠷᠣᠰᠢᠬᠤ ᠡᠶ᠎ᠡ ᠵᠣᠬᠢᠴᠡᠯ | ᠢ ᠪᠠᠷᠢᠮᠳᠠᠯᠠᠵᠣ᠂ ᠠᠷᠪᠢᠯᠠᠨ ᠭᠠᠮᠨᠠᠬᠤ ᠶᠢ ᠳᠡᠷᠢᠬᠦᠨ ᠳᠤ ᠳᠠᠯᠪᠢᠬᠤ᠂ ᠬᠠᠮᠠᠭᠠᠯᠠᠬᠤ ᠶᠢ ᠳᠡᠷᠢᠬᠦᠨ ᠳᠤ ᠳᠠᠯᠪᠢᠬᠤ᠂ | ᠪᠠᠶᠢᠭᠠᠯᠢ ᠶᠢᠨ ᠰᠡᠷᠬᠦᠯᠳᠠ ᠶᠢ ᠳᠡᠷᠢᠬᠦᠨ ᠳᠤ ᠳᠠᠯᠪᠢᠬᠤ ᠪᠠᠷ ᠭᠤᠣᠯ ᠪᠣᠯᠭᠠᠬᠤ ᠴᠢᠭᠯᠡᠯᠳᠠ ᠶᠢ ᠪᠠᠷᠢᠮᠳᠠᠯᠠᠬᠤ | ᠬᠡᠷᠡᠭᠳᠡᠢ᠃ ᠡᠯᠡᠰᠣ ᠮᠠᠩᠬ᠎ᠠ ᠶᠢ ᠰᠡᠷᠬᠡᠶᠢᠯᠡᠨ ᠵᠠᠰᠠᠬᠤ ᠳᠦᠰᠦᠪ ᠳᠦᠯᠦᠪᠯᠡᠭᠡ ᠶᠢ ᠳᠡᠬᠦᠯᠳᠡᠷᠵᠢᠬᠦᠯᠵᠣ᠂ ᠣᠶᠢᠷ᠎ᠠ | ᠶᠢᠨ ᠪᠠ ᠣᠷᠳᠣᠮᠵᠢ ᠶᠢᠨ ᠳᠦᠯᠦᠪᠯᠡᠭᠡ ᠶᠢ ᠣᠷᠭᠠᠨᠢᠭ ᠣᠶᠠᠯᠳᠣᠭᠤᠯᠵᠣ᠂ ᠳᠦᠯᠦᠪᠯᠡᠭᠡ ᠶᠢᠨ ᠵᠢᠯᠣᠭᠤᠳᠬᠤ ᠴᠢᠨᠠᠷ | ᠪᠠ ᠬᠡᠷᠡᠭᠴᠡᠭᠡᠳᠣ ᠴᠢᠨᠠᠷ ᠢ ᠳᠡᠭᠡᠭᠰᠢᠯᠡᠬᠦᠯᠬᠦ ᠬᠡᠷᠡᠭᠳᠡᠢ᠃ ᠠᠵᠢᠯ ᠤᠨ ᠰᠢᠰᠲ᠋ᠧᠮ ᠢ ᠳᠠᠰᠣᠷᠠᠯᠳᠠ ᠦᠬᠡᠢ | ᠳᠡᠬᠦᠯᠳᠡᠷᠵᠢᠬᠦᠯᠵᠣ᠂ ᠰᠡᠷᠬᠡᠶᠢᠯᠡᠬᠦ ᠠᠷᠭ᠎ᠠ ᠬᠡᠯᠪᠡᠷᠢ ᠶᠢ ᠪᠠᠶᠠᠯᠢᠭᠵᠢᠭᠤᠯᠵᠣ᠂ ᠬᠠᠣᠯᠢ ᠶᠢ ᠴᠢᠩᠭ᠎ᠠ ᠬᠡᠷᠡᠭᠵᠢᠬᠦᠯᠵᠣ᠂ | ᠬᠠᠣᠯᠢ ᠳᠦᠷᠢᠮ ᠢ ᠪᠦᠬᠦ ᠳᠠᠯ᠎ᠠ ᠪᠠᠷ ᠪᠦᠳᠦᠮᠵᠢᠳᠡᠢ ᠬᠡᠷᠡᠭᠵᠢᠬᠦᠯᠬᠦ ᠬᠡᠷᠡᠭᠳᠡᠢ ᠬᠡᠵᠣ ᠳᠣᠷᠠᠳᠣᠭᠰᠠᠨ ᠪᠠᠶᠢᠨ᠎ᠠ᠃ | ︽ᠪᠦᠬᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠲᠠᠦᠭᠡᠨ ᠲᠤᠷᠠᠰᠬᠠᠯᠳᠤ ᠵᠦᠢᠯ ᠢ | ᠬᠠᠮᠠᠭᠠᠯᠠᠬᠤ ᠬᠠᠤᠯᠢ︾ ᠶᠢ ᠬᠡᠷᠡᠭᠵᠢᠬᠦᠯᠦᠭᠰᠡᠨ ᠪᠠᠶᠢᠳᠠᠯ ᠳᠤ ᠪᠠᠶᠢᠴᠠᠭᠠᠯᠳᠠ ᠬᠢᠬᠡᠳ᠂ ᠨᠢᠬᠡᠳᠣᠯᠳᠠᠢ | ᠳᠦᠯᠦᠪᠵᠢᠬᠦᠯᠵᠣ ᠬᠠᠮᠠᠭᠠᠯᠠᠬᠤ ᠪᠠᠷ ᠭᠤᠣᠯ ᠪᠣᠯᠭᠠᠵᠣ᠂ ᠬᠠᠮᠠᠭᠠᠯᠠᠵᠣ ᠬᠡᠷᠡᠭᠯᠡᠬᠦ ᠶᠢ ᠣᠶᠠᠯᠳᠣᠭᠤᠯᠬᠤ ᠵᠠᠷᠴᠢᠮ ᠢ | ᠪᠠᠷᠢᠮᠳᠠᠯᠠᠵᠣ᠂ ᠳᠣᠷᠠᠰᠬᠠᠯᠳᠣ ᠵᠦᠢᠯ ᠢ ᠬᠠᠮᠠᠭᠠᠯᠠᠬᠤ ᠨᠡᠶᠢᠬᠡᠮ ᠤᠨ ᠣᠬᠠᠮᠰᠠᠷ ᠢ ᠳᠡᠭᠡᠭᠰᠢᠯᠡᠬᠦᠯᠬᠦ ᠬᠡᠷᠡᠭᠳᠡᠢ᠃ | ᠪᠠᠳᠣᠯᠠᠭ᠎ᠠ ᠶᠢ ᠴᠢᠩᠭᠠᠳᠬᠠᠵᠣ᠂ ᠳᠣᠷᠠᠰᠬᠠᠯᠳᠣ ᠵᠦᠢᠯ ᠢ ᠬᠠᠮᠠᠭᠠᠯᠠᠬᠤ ᠠᠵᠢᠯ ᠤᠨ ᠳᠣᠭᠳᠠᠯᠴᠠᠭ᠎ᠠ ᠶᠢ | ᠳᠡᠬᠦᠯᠳᠡᠷᠵᠢᠬᠦᠯᠵᠣ᠂ ᠠᠷᠭ᠎ᠠ ᠵᠠᠮ ᠢ ᠦᠷᠬᠡᠳᠬᠡᠨ᠂ ᠳᠣᠷᠰᠬᠠᠯᠳᠣ ᠵᠦᠢᠯ ᠢ ᠬᠠᠮᠠᠭᠠᠯᠠᠬᠤ ᠪᠠ ᠴᠢᠳᠠᠪᠣᠷᠢᠳᠠᠨ ᠤ | ᠡᠩᠨᠡᠬᠡᠨ ᠤ ᠪᠠᠶᠢᠭᠤᠯᠣᠯᠳᠠ ᠶᠢ ᠴᠢᠩᠭᠠᠳᠬᠠᠵᠣ᠂ ᠳᠣᠷᠠᠰᠬᠠᠯᠳᠣ ᠵᠦᠢᠯ ᠤᠨ ᠣᠯᠠᠮᠵᠢᠯᠠᠬᠤ ᠪᠣᠯᠪᠠᠰᠣᠨ᠂ ᠳᠠᠨᠢᠵᠣ | ᠮᠡᠳᠡᠬᠦᠯᠬᠦ ᠰᠣᠷᠭᠠᠨ ᠬᠦᠮᠦᠵᠢᠯ᠂ ᠠᠵᠣ ᠠᠬᠤᠢ ᠶᠢ ᠬᠦᠭᠵᠢᠬᠦᠯᠬᠦ ᠳᠤ ᠦᠵᠡᠬᠦᠯᠬᠦ ᠦᠢᠯᠡᠳᠦᠯ ᠢ ᠬᠦᠢᠴᠡᠳ | ᠪᠠᠳᠠᠷᠠᠭᠤᠯᠬᠤ ᠬᠡᠷᠡᠭᠳᠡᠢ ᠬᠡᠵᠤ ᠱᠠᠭᠠᠷᠳᠠᠬᠰᠠᠨ ᠪᠠᠶᠢᠨ᠎ᠠ᠃ | ᠬᠤᠰᠢᠭᠤᠨ ᠤ ᠪᠠᠶᠢᠴᠠᠭᠠᠬᠤ ᠬᠤᠷᠢᠶ᠎ᠠ ᠶᠢᠨ ᠪᠠᠶᠢᠴᠠᠭᠠᠬᠤ ᠠᠵᠢᠯ ᠢ ᠦᠷᠨᠢᠬᠦᠯᠦᠭᠰᠡᠨ ᠪᠠᠶᠢᠳᠠᠯ ᠢ ᠬᠢᠨᠠᠨ | ᠰᠤᠨᠤᠰᠴᠤ᠂ ᠬᠤᠰᠢᠭᠤᠨ ᠤ ᠪᠠᠶᠢᠴᠠᠭᠠᠬᠤ ᠬᠤᠷᠢᠶ᠎ᠠ ᠨᠢ ᠨᠠᠮ ᠤᠨ ᠪᠠᠶᠢᠭᠤᠯᠤᠯᠳᠠ ᠶᠢ ᠴᠢᠩᠭᠠᠳᠬᠠᠬᠤ ᠶᠢ ᠢᠮᠠᠬᠳᠠ | ᠴᠢᠬᠤᠯᠠᠴᠢᠯᠠᠵᠤ᠂ ᠤᠯᠤᠰ ᠲᠦᠷᠦ ᠶᠢᠨ ᠴᠢᠭᠯᠡᠯ ᠢ ᠡᠷᠡᠰ ᠪᠠᠷᠢᠮᠳᠠᠯᠠᠵᠤ ᠂ ᠡᠯ᠎ᠡ ᠳᠦᠷᠦᠯ ᠤᠨ ᠠᠵᠢᠯ ᠨᠢ ᠦᠷ᠎ᠡ | ᠪᠦᠳᠦᠮᠵᠢᠳᠡᠢ ᠬᠡᠵᠣ ᠦᠵᠡᠭᠰᠡᠨ ᠪᠠᠶᠢᠨ᠎ᠠ᠃ | ᠬᠤᠰᠢᠭᠤ ᠤ ᠠᠷᠠᠳ ᠤᠨ ᠰᠢᠬᠦᠬᠦ ᠬᠤᠷᠢᠶ᠎ᠠ ᠵᠢᠨᠢᠷᠬᠡᠨ ᠤ ᠬᠡᠷᠡᠭ ᠢ ᠰᠢᠬᠦᠨ ᠳᠠᠰᠣᠯᠬᠤ ᠪᠡ ᠵᠠᠭᠠᠯᠳᠣᠯᠭ᠎ᠠ ᠶᠢ | ᠡᠶᠡᠳᠡᠬᠦᠯᠬᠦ ᠠᠵᠢᠯ ᠤᠨ ᠳᠣᠬᠠᠢ ᠪᠠᠶᠢᠳᠠᠯ ᠢ ᠬᠢᠨᠡᠨ ᠰᠣᠨᠣᠰᠣᠭᠠᠳ᠂ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ | ᠨᠢ ᠠᠷᠠᠳ ᠤᠨ ᠳᠦᠯᠦᠬᠡ ᠬᠠᠣᠯᠢ ᠬᠡᠷᠡᠭᠵᠢᠬᠦᠯᠬᠦ ᠪᠠ ᠬᠠᠣᠯᠢ ᠴᠠᠭᠠᠵᠠ ᠶᠢ ᠳᠦᠪ ᠭᠤᠣᠯᠴᠢ ᠶᠠᠪᠣᠭᠤᠯᠬᠤ ᠶᠢ | ᠢᠷᠬᠡᠨ ᠤ ᠬᠡᠷᠡᠭ ᠢ ᠰᠢᠬᠦᠨ ᠳᠠᠰᠣᠯᠠᠬᠤ ᠪᠠ ᠵᠠᠭᠠᠯᠳᠣᠯᠭ᠎ᠠ ᠶᠢ ᠡᠶᠡᠳᠡᠬᠦᠯᠬᠦ ᠠᠵᠢᠯ ᠤᠨ ᠪᠦᠬᠦ ᠶᠠᠪᠣᠴᠠ ᠳᠤ | ᠠᠭᠤᠰᠬᠠᠵᠣ᠂ ᠰᠡᠳᠬᠢᠴᠡ ᠪᠠᠨ ᠬᠦᠳᠡᠯᠣᠩᠬᠦᠢ ᠬᠤᠪᠢᠷᠠᠭᠤᠯᠵᠣ᠂ ᠠᠷᠭ᠎ᠠ ᠪᠠᠷᠢᠯ ᠤᠨ ᠳᠠᠯ᠎ᠠ ᠪᠠᠷ ᠰᠢᠨ᠎ᠡ ᠶᠢ | ᠡᠬᠦᠳᠴᠣ᠂ ᠠᠵᠢᠯ ᠤᠨ ᠭᠤᠣᠯᠳᠠᠯᠭ᠎ᠠ ᠪᠠᠨ ᠳᠣᠪᠣᠶᠢᠯᠭᠠᠵᠣ᠂ ᠨᠡᠷᠡᠳᠣ ᠳᠡᠮᠳᠡᠭᠳᠣ ᠣᠨᠴᠠᠯᠢᠭ ᠢ ᠪᠣᠢ ᠪᠣᠯᠭᠠᠵᠣ᠂ | ᠢᠷᠬᠡᠨ ᠤ ᠬᠡᠷᠡᠭ ᠤᠨ ᠰᠢᠬᠦᠨ ᠳᠠᠰᠣᠯᠣᠯᠳᠠ ᠪᠣᠯᠣᠨ ᠵᠠᠭᠠᠯᠳᠣᠯᠭ᠎ᠠ ᠶᠢ ᠡᠶᠡᠳᠡᠬᠦᠯᠬᠦ ᠠᠵᠢᠯ ᠤᠨ ᠬᠦᠴᠢᠷ | ᠠᠰᠠᠭᠤᠳᠠᠯ ᠢ ᠢᠳᠡᠪᠬᠢᠳᠡᠢ ᠰᠢᠢᠳᠪᠦᠷᠢᠯᠡᠵᠣ᠂ ᠪᠦᠬᠦ ᠬᠤᠰᠢᠭᠤᠨ ᠤ ᠠᠵᠣ ᠠᠬᠤᠢ ᠨᠡᠶᠢᠬᠡᠮ ᠤᠨ ᠳᠠᠭᠠᠭᠠᠮᠠᠭᠠᠢ᠂ | ᠡᠷᠡᠬᠦᠯ ᠳᠣᠭᠳᠠᠭᠤᠨ ᠬᠦᠭᠵᠢᠯᠳᠡ ᠳᠤ ᠰᠢᠯᠢᠳᠡᠭ ᠬᠠᠣᠯᠢ ᠶᠢᠨ ᠦᠢᠯᠡᠴᠢᠯᠡᠭᠡ ᠪᠠ ᠬᠠᠣᠯᠢ ᠴᠠᠭᠠᠵᠠ ᠶᠢᠨ | ᠪᠠᠳᠣᠯᠠᠭ᠎ᠠ ᠬᠠᠩᠭᠠᠵᠣ ᠦᠭᠬᠦ ᠬᠡᠷᠡᠭᠳᠡᠢ᠃ ᠰᠢᠬᠦᠨ ᠳᠠᠰᠣᠯᠠᠬᠤ ᠴᠢᠨᠠᠷ ᠴᠢᠨᠰᠠᠭ᠎ᠠ ᠪᠠ ᠦᠷ᠎ᠡ ᠪᠦᠳᠦᠮᠵᠢ ᠶᠢ ᠣᠯᠠᠮ | ᠳᠡᠭᠡᠭᠰᠢᠯᠡᠬᠦᠯᠵᠣ᠂ ᠵᠢᠭᠤᠷᠠᠯᠳᠣᠭᠠᠨ ᠢ ᠰᠢᠢᠳᠪᠦᠷᠢᠯᠡᠬᠦ ᠣᠯᠠᠨ ᠡᠰᠢᠳᠣ ᠳᠣᠭᠳᠠᠯᠴᠠᠭ᠎ᠠ ᠶᠢ ᠪᠠᠶᠢᠭᠤᠯᠵᠣ᠂ ᠬᠠᠣᠯᠢ | ᠳᠠᠶᠢᠯᠪᠣᠷᠢᠯᠠᠵᠣ᠂ ᠬᠡᠷᠡᠭ ᠳᠠᠶᠢᠯᠪᠣᠷᠢᠯᠠᠵᠣ᠂ ᠶᠣᠰᠣ ᠬᠡᠯᠡᠬᠦ ᠠᠵᠢᠯ ᠢ ᠰᠠᠶᠢᠳᠣᠷ ᠬᠢᠬᠦ ᠬᠡᠷᠡᠭᠳᠡᠢ ᠬᠡᠵᠣ ᠳᠣᠷᠠᠳᠣᠭᠰᠠᠨ | ᠪᠠᠶᠢᠨ᠎ᠠ᠃ | ᠳᠦᠷᠢᠮᠵᠢᠬᠦᠨ ᠪᠢᠴᠢᠭ ᠮᠠᠲ᠋ᠧᠷᠢᠶᠠᠯ ᠢ ᠳᠠᠩᠰᠠᠯᠠᠵᠣ ᠬᠢᠨᠡᠨ ᠪᠠᠶᠢᠴᠠᠭᠠᠬᠤ ᠠᠵᠢᠯ ᠢ ᠨᠠᠷᠢᠨ ᠬᠢᠨᠠᠮᠠᠭᠠᠢ | ᠬᠢᠵᠣ᠂ ︽ᠣᠩᠨᠢᠭᠤᠳ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ 2019 ᠣᠨ ᠤ ᠵᠠᠰᠠᠭ ᠤᠨ | ᠣᠷᠳᠣᠨ ᠠᠴᠠ ᠬᠤᠳᠠᠯᠳᠣᠨ ᠠᠪᠬᠤ ᠵᠢᠴᠢ ᠬᠠᠮᠢᠶ᠎ᠠ ᠪᠦᠬᠦᠢ ᠳᠦᠷᠦ ᠶᠢᠨ ᠪᠣᠳᠣᠯᠭ᠎ᠠ︾ ᠵᠡᠷᠬᠡ ᠳᠦᠷᠢᠮᠵᠢᠬᠦᠨ | ᠪᠢᠴᠢᠭ ᠮᠠᠲ᠋ᠧᠷᠢᠶᠠᠯ ᠢ ᠳᠠᠩᠰᠠᠯᠠᠨ ᠳᠠᠮᠳᠡᠭᠯᠡᠭᠰᠡᠨ ᠪᠠ ᠬᠢᠨᠡᠨ ᠪᠠᠶᠢᠴᠠᠭᠠᠭᠰᠠᠨ ᠪᠠᠶᠢᠨ᠎ᠠ᠃ | ᠲᠠᠪᠤ᠂ ᠴᠢᠬᠤᠯᠠ ᠶᠡᠭᠡ ᠬᠡᠷᠡᠭ ᠤᠴᠢᠷ ᠤᠨ ᠲᠤᠬᠠᠢ ᠰᠢᠢᠳᠪᠤᠷᠢ ᠭᠠᠷᠭᠠᠬᠤ ᠡᠷᠭᠡ ᠪᠠ ᠬᠦᠮᠦᠨ ᠤ | ᠶᠠᠪᠤᠳᠠᠯ ᠤᠨ ᠲᠤᠮᠢᠯᠠᠵᠤ ᠪᠠᠭᠤᠯᠭᠠᠬᠤ ᠡᠷᠭᠡ ᠶᠢ ᠬᠠᠤᠯᠢ ᠶᠤᠰᠤ ᠪᠠᠷ ᠬᠡᠷᠡᠭᠵᠢᠬᠦᠯᠪᠠ᠃ | ᠦᠨᠳᠤᠰᠤᠨ ᠬᠠᠤᠯᠢ ᠪᠠ ᠬᠠᠤᠯᠢ ᠲᠦᠷᠢᠮ ᠤᠨ ᠲᠤᠬᠳᠠᠭᠠᠯ ᠢ ᠵᠢᠷᠤᠮᠯᠠᠵᠤ᠂ ᠴᠢᠬᠤᠯᠠ ᠶᠡᠭᠡ ᠬᠡᠷᠡᠭ ᠶᠠᠪᠤᠳᠠᠯ ᠳᠤ | ᠰᠢᠢᠳᠪᠤᠷᠢ ᠭᠠᠷᠭᠠᠬᠤ ᠡᠷᠭᠡ ᠪᠠ ᠲᠤᠮᠢᠯᠠᠵᠤ ᠪᠠᠭᠤᠯᠭᠠᠬᠤ ᠡᠷᠭᠡ ᠶᠢ ᠨᠠᠷᠢᠨ ᠬᠢᠨᠠᠮᠠᠭᠠᠢ ᠶᠠᠪᠤᠭᠤᠯᠪᠠ᠃ | ᠨᠠᠮ ᠠᠴᠠ ᠺᠠᠳ᠋ᠷ ᠢ ᠬᠠᠮᠢᠶᠠᠷᠬᠤ ᠪᠤᠯᠤᠨ ᠠᠷᠠᠳ ᠤᠨ ᠲᠦᠯᠦᠭᠡᠯᠡᠭᠴᠢᠳ ᠤᠨ ᠪᠠᠶᠢᠩᠭᠤ ᠶᠢᠨ ᠬᠤᠷᠢᠶ᠎ᠠ | ᠨᠢ ᠬᠠᠤᠯᠢ ᠶᠤᠰᠤᠭᠠᠷ ᠲᠤᠮᠢᠯᠠᠵᠤ ᠪᠠᠭᠤᠯᠭᠠᠬᠤ ᠡᠷᠭᠡ ᠶᠢ ᠤᠶᠠᠯᠳᠤᠭᠤᠯᠵᠤ᠂ ᠪᠠᠶᠢᠩᠭᠤ ᠶᠢᠨ ᠬᠤᠷᠢᠶᠠᠨ ᠤ ᠬᠢᠨᠠᠨ | ᠵᠦᠪᠯᠠᠬᠦ ᠶᠠᠪᠤᠴᠠ ᠳᠤ ᠨᠠᠮ ᠤᠨ ᠬᠤᠷᠢᠶ᠎ᠠ ᠠᠴᠠ ᠲᠠᠨᠢᠯᠴᠠᠭᠤᠯᠤᠬᠰᠠᠨ ᠺᠠᠳ᠋ᠷ ᠪᠤᠯᠤᠨ ᠲᠠᠪᠰᠢᠬᠦᠯᠬᠦ ᠬᠡᠵᠤ ᠪᠠᠶᠢᠭ᠎ᠠ | ᠬᠦᠮᠦᠰ ᠢ ᠬᠠᠤᠯᠢ ᠪᠠᠷ ᠲᠤᠬᠳᠠᠭᠠᠬᠰᠠᠨ ᠠᠯᠬᠤᠮ ᠲᠠᠷᠠᠭ᠎ᠠ ᠪᠠᠷ ᠲᠠᠮᠵᠢᠵᠤ ᠴᠢᠷᠮᠠᠶᠢᠨ ᠨᠠᠶᠢᠳᠠᠪᠤᠷᠢᠵᠢᠭᠤᠯᠪᠠ᠃ | 2019 ᠤᠨ ᠳᠤ 60 ᠨᠠᠷᠠ ᠤᠯᠤᠰ ᠤᠨ ᠪᠠᠶᠢᠭᠤᠯᠭ᠎ᠠ ᠶᠢᠨ ᠠᠵᠢᠯᠳᠠᠨ ᠢ ᠲᠤᠮᠢᠯᠠᠵᠤ ᠪᠠᠭᠤᠯᠭᠠᠬᠰᠠᠨ ᠪᠠᠶᠢᠨ᠎ᠠ᠃ | ᠡᠬᠦᠨ ᠳᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠲᠠᠳ᠋ ᠬᠤᠰᠢᠭᠤᠨ ᠲᠠᠷᠤᠭ᠎ᠠ 3 ᠨᠠᠷᠠ ᠶᠢ | ᠲᠤᠮᠢᠯᠠᠵᠤ᠂ 2 ᠨᠠᠷᠠ ᠲᠠᠳ᠋ ᠬᠤᠰᠢᠭᠤᠨ ᠲᠠᠷᠤᠭ᠎ᠠ ᠶᠢ ᠲᠤᠰᠢᠶᠠᠯ ᠠᠴᠠ ᠨᠢ ᠪᠠᠭᠤᠯᠭᠠᠬᠤ ᠰᠢᠢᠳᠪᠤᠷᠢ ᠭᠠᠷᠭᠠᠵᠤ᠂ | 13 ᠨᠠᠷᠠ ᠠᠷᠠᠳ ᠤᠨ ᠲᠦᠯᠦᠭᠡᠯᠡᠭᠴᠢᠳ ᠤᠨ ᠪᠠᠶᠢᠩᠭᠤ ᠶᠢᠨ ᠬᠤᠷᠢᠶᠠᠨ ᠤ ᠲᠤᠰᠢᠶᠠᠯᠳᠠᠨ ᠢ ᠳᠣᠮᠢᠯᠠᠭᠰᠠᠨ ᠪᠠ | ᠤᠬᠴᠠᠷᠠᠭᠤᠯᠵᠤ᠂ 16 ᠨᠠᠷᠠ ᠵᠠᠰᠠᠭ ᠤᠨ ᠤᠷᠳᠤᠨ ᠤ ᠪᠦᠷᠢᠯᠳᠤᠬᠦᠨ ᠰᠠᠯᠠᠭ᠎ᠠ ᠮᠦᠴᠢᠷ ᠤᠨ ᠬᠠᠷᠢᠭᠤᠴᠠᠯᠭᠠᠳᠠᠨ ᠢ | ᠲᠤᠰᠢᠶᠠᠯ ᠳᠤ ᠲᠤᠮᠢᠯᠠᠵᠤ᠂ 24 ᠨᠠᠷᠠ ᠬᠤᠰᠢᠭᠤᠨ ᠤ ᠠᠷᠠᠳ ᠤᠨ ᠰᠢᠬᠦᠬᠦ ᠬᠤᠷᠢᠶᠠᠨ ᠤ ᠠᠵᠢᠯᠳᠠᠨ ᠢ ᠲᠤᠮᠢᠯᠠᠨ | ᠪᠠᠭᠤᠯᠭᠠᠵᠤ᠂ ᠬᠤᠰᠢᠭᠤᠨ ᠤ ᠪᠠᠶᠢᠴᠠᠭᠠᠬᠤ ᠬᠤᠷᠢᠶᠠᠨ ᠤ 2 ᠨᠠᠷᠠ ᠠᠵᠢᠯᠳᠠᠨ ᠢ ᠲᠤᠰᠢᠶᠠᠯ ᠳᠤ ᠲᠤᠮᠢᠯᠠᠪᠠ᠃ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠤᠰᠢᠶᠠᠯ ᠠᠴᠠ ᠪᠠᠨ ᠰᠠᠯᠬᠤ 5 ᠬᠦᠮᠦᠨ᠂ ᠵᠠᠰᠠᠭ ᠤᠨ | ᠤᠷᠳᠤᠨ ᠤ ᠲᠤᠰᠢᠶᠠᠯ ᠠᠴᠠ ᠪᠠᠨ ᠰᠠᠯᠬᠤ 2 ᠬᠦᠮᠦᠨ ᠤ ᠭᠤᠶᠤᠴᠢᠯᠠᠯ ᠢ ᠲᠤᠰᠪᠤᠷᠢ ᠬᠦᠯᠢᠶᠠᠨ ᠠᠪᠤᠪᠠ ᠃ 40 | ᠢᠯᠡᠭᠦᠣ ᠨᠡᠷ᠎ᠡ ᠣᠯᠣᠰ ᠤᠨ ᠠᠯᠪᠠᠳᠡᠨ ᠢ ᠵᠣᠬᠢᠶᠠᠨ ᠪᠠᠶᠢᠭᠤᠯᠵᠣ ᠲᠣᠰᠢᠶᠠᠯ ᠳᠤ ᠲᠣᠮᠢᠯᠠᠵᠣ ᠦᠨᠳᠣᠰᠣᠨ ᠬᠠᠣᠯᠢ | ᠳᠤ ᠲᠠᠩᠭᠠᠷᠢᠭ ᠬᠢᠯᠭᠡᠪᠡ᠃ | ᠵᠢᠷᠭᠤᠭ᠎ᠠ᠂ ᠡᠷᠬᠡ ᠲᠣᠰᠢᠶᠠᠯ ᠢᠶᠠᠨ ᠭᠦᠢᠴᠡᠳᠭᠡᠬᠦ ᠶᠢ ᠳᠣᠪᠣᠶᠢᠯᠭᠠᠵᠣ᠂ ᠲᠦᠯᠦᠭᠡᠯᠡᠭᠴᠢᠳ ᠤᠨ | ᠦᠢᠯᠡᠳᠣᠯ ᠢ ᠪᠠᠳᠠᠷᠠᠭᠤᠯᠪᠠ᠃ | ᠲᠦᠯᠦᠭᠡᠯᠡᠭᠴᠢᠳ ᠤᠨ ᠭᠤᠣᠯ ᠰᠡᠳᠣᠪᠳᠣ ᠦᠢᠯᠡᠳᠣᠯᠭᠡ ᠶᠢᠨ ᠠᠵᠢᠯᠯᠠᠭᠠᠨ ᠢᠶᠠᠷ ᠪᠠᠷᠢᠴᠠ ᠪᠣᠯᠭᠠᠵᠣ᠂ | ᠲᠦᠯᠦᠭᠡᠯᠡᠭᠴᠢᠳ ᠤᠨ ᠡᠭᠦᠷᠭᠡ ᠳᠣᠰᠢᠶᠠᠯ ᠢᠶᠠᠨ ᠭᠦᠢᠴᠡᠳᠭᠡᠬᠦ ᠵᠠᠮ ᠢ ᠦᠷᠭᠡᠳᠭᠡᠵᠣ᠂ ᠲᠦᠯᠦᠭᠡᠯᠡᠭᠴᠢᠳ ᠤᠨ | ᠡᠭᠦᠷᠭᠡ ᠲᠦᠰᠢᠶᠠᠯ ᠢᠶᠠᠨ ᠨᠡᠩ ᠰᠠᠶᠢᠨ ᠭᠦᠢᠴᠡᠳᠭᠡᠵᠣ᠂ ᠬᠦᠭᠵᠯᠳᠡ ᠳᠤ ᠦᠢᠯᠡᠴᠢᠯᠡᠬᠦ ᠶᠢ ᠵᠢᠯᠣᠭᠤᠳᠣᠨ | ᠣᠷᠮᠠᠰᠢᠭᠤᠯᠪᠠ᠃ | ᠲᠦᠯᠦᠭᠡᠯᠡᠭᠴᠢᠳ ᠤᠨ ᠬᠠᠷᠢᠯᠴᠡᠨ ᠬᠦᠳᠡᠯᠣᠯᠴᠡᠬᠦ ᠲᠡᠪᠴᠡᠩ ᠢ ᠪᠠᠶᠢᠭᠤᠯᠪᠠ ᠃ ᠬᠠᠶᠢᠯᠠᠰᠣ ᠪᠠᠯᠭᠠᠰᠣ | ᠶᠢ ᠲᠣᠷᠰᠢᠯᠳᠡ ᠶᠢᠨ ᠪᠠᠯᠭᠠᠰᠣ ᠪᠣᠯᠭᠠᠵᠣ᠂ ︽ᠵᠢᠷᠭᠤᠭ᠎ᠠ ᠪᠠᠶᠢᠵᠣ ᠭᠤᠷᠪᠠᠵᠢᠭᠰᠠᠨ︾ ᠬᠠᠷᠠᠯᠳᠡ ᠶᠢᠨ | ᠱᠠᠭᠠᠷᠳᠠᠯᠭ᠎ᠠ ᠶᠣᠰᠣᠭᠠᠷ ᠲᠦᠯᠦᠭᠡᠯᠡᠭᠴᠢᠳ ᠲᠠᠢ ᠬᠠᠷᠢᠯᠴᠠᠬᠤ ᠠᠯᠪᠠᠨ ᠭᠡᠷ ᠭᠠᠷᠭᠠᠵᠣ᠂ ᠲᠣᠰᠬᠠᠢ ᠠᠵᠢᠯᠳᠡᠨ | ᠳᠣᠬᠢᠷᠠᠭᠤᠯᠪᠠ ᠃ ︽ᠵᠢᠷᠭᠤᠭ᠎ᠠ ᠶᠢ ᠳᠦᠷᠢᠮᠵᠢᠬᠦᠯᠬᠦ ︾ ᠪᠠᠷᠢᠮᠵᠢᠶ᠎ᠠ ᠪᠠᠷ ︽ᠠᠷᠠᠳ ᠤᠨ ᠲᠦᠯᠦᠭᠡᠯᠡᠭᠴᠢᠳ ᠤᠨ | ᠭᠡᠷ ︾ ᠢ ᠪᠠᠶᠢᠭᠤᠯᠣᠨ ᠠᠰᠢᠭᠯᠠᠵᠣ᠂ ᠡᠭᠦᠨ ᠢ ᠲᠦᠯᠦᠭᠡᠯᠡᠭᠴᠢᠳ ᠤᠨ ᠣᠯᠠᠨ ᠲᠦᠮᠡᠨ ᠳᠤ ᠦᠢᠯᠡᠴᠢᠯᠡᠵᠣ᠂ | ᠵᠠᠰᠠᠭ ᠲᠤ ᠣᠷᠣᠯᠴᠡᠨ ᠵᠠᠰᠠᠭ ᠢ ᠵᠦᠪᠯᠡᠬᠦ᠂ ᠡᠭᠦᠷᠭᠡ ᠲᠣᠰᠢᠶᠠᠯ ᠤᠨ ᠬᠢᠨᠠᠯᠳᠡ ᠲᠠᠯᠪᠢᠵᠣ᠂ ᠰᠣᠷᠣᠯᠴᠠᠯᠭ᠎ᠠ | ᠪᠣᠯᠪᠠᠰᠣᠷᠠᠯ ᠬᠢᠬᠦ ᠪᠠ ᠣᠶᠣᠨ ᠤ ᠠᠵᠢᠯᠯᠠᠭᠠᠨ ᠤ ᠪᠠᠬᠢᠯᠡᠯᠳᠡ ᠪᠣᠯᠭᠠᠪᠠ᠃ ᠮᠠᠣ ᠱᠠᠨ ᠳ᠋ᠦᠩ ᠰᠢᠶᠠᠩ ᠳᠤ | ᠠᠷᠠᠳ ᠤᠨ ᠲᠦᠯᠦᠭᠡᠯᠡᠭᠴᠢ ᠠᠷᠠᠳ ᠤᠨ ᠠᠮᠢᠳᠣᠷᠠᠯ ᠤᠨ ᠪᠣᠳᠠᠳᠣ ᠶᠠᠪᠣᠳᠠᠯ ᠤᠨ ᠲᠦᠷᠣᠯ ᠵᠦᠢᠯ ᠢ ᠬᠢᠨᠠᠨ ᠵᠦᠪᠯᠡᠬᠦ | ᠪᠢᠯᠧᠲ ᠪᠠᠷ ᠪᠠᠳᠣᠯᠠᠬᠤ ᠪᠠ ᠬᠡᠷᠡᠭᠵᠢᠭᠦᠯᠬᠦ ᠳᠣᠷᠰᠢᠯᠳᠠ ᠶᠢᠨ ᠠᠵᠢᠯ ᠢ ᠦᠷᠨᠢᠬᠦᠯᠵᠣ᠂ ᠰᠢᠢᠳᠪᠦᠷᠢ ᠭᠠᠷᠭᠠᠬᠤ | ᠶᠢ ᠪᠣᠳᠠᠳᠠᠢ ᠪᠣᠯᠭᠠᠵᠣ᠂ ᠬᠢᠨᠠᠯᠳᠠ ᠳᠠᠯᠪᠢᠬᠤ ᠶᠢ ᠬᠦᠨᠵᠡᠬᠡᠢ ᠬᠢᠵᠣ᠂ ᠳᠦᠯᠦᠬᠡᠯᠡᠭᠴᠢᠳ ᠤᠨ ᠠᠵᠢᠯ ᠢ ᠠᠮᠢᠳᠣᠯᠢᠭ | ᠬᠢᠬᠦ ᠶᠢ ᠠᠬᠢᠭᠤᠯᠣᠭᠰᠠᠨ ᠪᠠᠶᠢᠨ᠎ᠠ᠃ | ᠲᠦᠯᠦᠭᠡᠯᠡᠭᠴᠢᠳ ᠤᠨ ᠵᠠᠰᠠᠭ ᠲᠤ ᠣᠷᠣᠯᠴᠠᠵᠣ ᠵᠠᠰᠠᠭ ᠢ ᠵᠦᠪᠯᠡᠬᠦ ᠶᠢ ᠣᠷᠠᠮᠰᠢᠭᠤᠯᠪᠠ᠃ | ᠲᠦᠯᠦᠭᠡᠯᠡᠭᠴᠢᠳ ᠤᠨ ᠲᠣᠭᠤᠶᠢᠯᠠᠩ ᠤᠨ ᠦᠢᠯᠡᠳᠣᠯ ᠢ ᠭᠦᠢᠴᠡᠳ ᠪᠠᠳᠠᠷᠠᠭᠤᠯᠵᠣ᠂ ᠲᠣᠭᠤᠶᠢᠯᠠᠩ ᠬᠤᠪᠢᠶᠠᠵᠣ | ᠪᠠᠶᠢᠴᠠᠭᠠᠨ ᠰᠣᠳᠣᠯᠣᠯᠳᠠ ᠬᠢᠬᠦ᠂ ᠲᠣᠰᠢᠶᠠᠯ ᠭᠦᠢᠴᠡᠳᠭᠡᠨ ᠰᠣᠷᠣᠯᠴᠠᠵᠣ᠂ ᠲᠣᠰᠢᠶᠠᠯ ᠳᠣᠭᠠᠴᠢᠯᠳᠠ ᠶᠢ ᠦᠨᠡᠯᠡᠬᠦ | ᠵᠡᠷᠭᠡ ᠣᠯᠠᠨ ᠶᠠᠩᠵᠣ ᠶᠢᠨ ᠲᠦᠯᠦᠭᠡᠯᠡᠭᠴᠢᠳ ᠤᠨ ᠠᠵᠢᠯᠯᠠᠭᠠᠨ ᠢ ᠢᠳᠡᠪᠬᠢᠲᠠᠢ ᠦᠷᠨᠢᠭᠦᠯᠪᠠ᠃ ᠲᠦᠯᠦᠭᠡᠯᠡᠭᠴᠢᠳ | ᠢ ᠦᠷᠭᠦᠯᠵᠢ ᠶᠢᠨ ᠴᠢᠨᠠᠷᠲᠠᠢ ᠵᠣᠬᠢᠶᠠᠨ ᠪᠠᠶᠢᠭᠤᠯᠵᠣ᠂ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ | ᠬᠤᠷᠠᠯ ᠤᠨ ᠪᠠᠶᠢᠡᠭᠭᠤ ᠶᠢᠨ ᠬᠤᠷᠢᠶᠠᠨ ᠤ ᠬᠤᠷᠠᠯ ᠳᠤ ᠰᠣᠯᠠ ᠣᠷᠣᠯᠴᠠᠭᠤᠯᠵᠣ᠂ ︽ᠨᠢᠭᠡ ᠣᠷᠳᠣᠨ ᠬᠤᠶᠠᠷ | ᠬᠤᠷᠢᠶ᠎ᠠ︾ ᠶᠢᠨ ᠦᠷᠨᠢᠭᠦᠯᠦᠭᠰᠡᠨ ᠪᠣᠳᠣᠯ ᠢᠶᠠᠨ ᠲᠡᠯᠭᠡᠯᠴᠡᠬᠦ ᠬᠤᠷᠠᠯ᠂ ᠰᠢᠭᠦᠯᠳᠡ ᠶᠢ ᠬᠠᠵᠠᠭᠤ ᠠᠴᠠ ᠰᠣᠨᠣᠰᠬᠤ ᠂ | ᠪᠠᠶᠢᠴᠠᠭᠠᠬᠤ ᠠᠵᠢᠯ ᠤᠨ ᠴᠢᠯᠣᠭᠡᠳᠣ ᠡᠳᠣᠷ ᠵᠡᠷᠭᠡ ᠠᠵᠢᠯᠯᠠᠭᠠᠨ ᠳᠤ ᠣᠷᠣᠯᠴᠠᠭᠤᠯᠵᠣ᠂ ᠠᠷᠠᠳ ᠤᠨ | ᠲᠦᠯᠦᠭᠡᠯᠡᠭᠴᠢᠳ ᠶᠢᠨ ᠬᠤᠭᠤᠷᠣᠨᠳᠣᠬᠢ ᠬᠠᠷᠢᠯᠴᠠᠭ᠎ᠠ᠂ ᠲᠦᠯᠦᠭᠡᠯᠡᠭᠴᠢᠳ ᠪᠠ ᠰᠣᠩᠭᠤᠭᠤᠯᠢ ᠶᠢᠨ ᠠᠷᠠᠳ ᠤᠨ | ᠬᠤᠭᠤᠷᠣᠨᠳᠣᠬᠢ ᠬᠠᠷᠢᠴᠠᠭ᠎ᠠ ᠶᠢ ᠠᠷᠠᠳ ᠤᠨ ᠳᠦᠯᠦᠬᠡᠯᠡᠭᠴᠢ ᠶᠢ ᠳᠡᠮᠵᠢᠵᠣ ᠡᠬᠦᠷᠬᠡ ᠬᠠᠷᠢᠭᠤᠴᠠᠯᠭ᠎ᠠ ᠪᠠᠨ | ᠬᠦᠢᠴᠡᠳᠬᠡᠵᠣ᠂ ᠦᠢᠯᠡᠳᠦᠯ ᠢᠶᠠᠨ ᠪᠠᠳᠠᠷᠠᠭᠤᠯᠬᠤ ᠳᠤ ᠦᠢᠯᠡᠴᠢᠯᠡᠭᠡ ᠶᠢᠨ ᠪᠠᠳᠣᠯᠠᠭ᠎ᠠ ᠬᠠᠩᠭᠠᠵᠣ ᠦᠭᠭᠦᠭᠰᠡᠨ | ᠪᠠᠶᠢᠨ᠎ᠠ᠃ ᠳᠦᠯᠦᠬᠡᠯᠡᠭᠴᠢᠳ ᠤᠨ ᠰᠣᠩᠭᠤᠭᠤᠯᠢ ᠶᠢᠨ ᠳᠣᠭᠤᠷᠢᠭ ᠲᠤ ᠪᠠᠨ ᠳᠣᠰᠢᠶᠠᠯ ᠳᠣᠭᠠᠴᠢᠯᠳᠠ ᠬᠢᠬᠦ | ᠠᠵᠢᠯᠯᠠᠭᠠᠨ ᠢ ᠰᠠᠶᠢᠳᠣᠷ ᠬᠢᠵᠣ᠂ ᠬᠢᠨᠡᠯᠳᠡ ᠳᠠᠯᠪᠢᠬᠤ ᠡᠬᠦᠷᠬᠡ ᠳᠣᠰᠢᠶᠠᠯ ᠢᠶᠠᠨ ᠬᠦᠢᠴᠡᠳᠬᠡᠬᠦ ᠶᠢ | ᠴᠢᠩᠭᠠᠳᠬᠠᠭᠰᠠᠨ ᠪᠠᠶᠢᠨ᠎ᠠ᠃ | ᠰᠠᠨᠠᠯ ᠲᠤᠷᠠᠳᠤᠯᠭ᠎ᠠ ᠶᠢ ᠪᠤᠳᠠᠳᠠᠢ ᠨᠠᠶᠢᠳᠠᠪᠤᠷᠢᠵᠢᠭᠤᠯᠬᠤ ᠶᠢ ᠲᠦᠯᠬᠢᠨ ᠠᠬᠢᠭᠤᠯᠪᠠ᠃ | ᠲᠦᠯᠦᠭᠡᠯᠡᠭᠴᠢᠳ ᠤᠨ ᠰᠠᠨᠠᠯ ᠲᠤᠷᠠᠳᠤᠯᠭ᠎ᠠ ᠶᠢ ᠲᠤᠰᠢᠶᠠᠨ ᠰᠢᠢᠳᠪᠤᠷᠢᠯᠠᠬᠦ ᠬᠤᠷᠠᠯ ᠢ ᠬᠤᠷᠠᠯᠳᠤᠭᠤᠯᠵᠤ᠂ | ᠲᠦᠯᠦᠭᠡᠯᠡᠭᠴᠢᠳ ᠤᠨ ᠰᠠᠨᠠᠯ ᠲᠤᠷᠠᠳᠤᠯᠭ᠎ᠠ ᠶᠢ ᠰᠢᠢᠳᠪᠤᠷᠢᠯᠡᠭᠰᠡᠨ ᠪᠠᠶᠢᠳᠠᠯ ᠢ ᠪᠠᠶᠢᠴᠠᠭᠠᠨ ᠦᠵᠠᠬᠦ ᠠᠵᠢᠯᠯᠠᠭᠠᠨ ᠢ | ᠵᠤᠬᠢᠶᠠᠨ ᠪᠠᠶᠢᠭᠤᠯᠵᠤ᠂ ᠬᠤᠰᠢᠭᠤᠨ ᠤ ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ | ᠶᠢᠨ ᠲᠤᠪᠴᠢᠶ᠎ᠠ᠂ ᠰᠤᠶᠤᠯ ᠵᠤᠭᠠᠴᠠᠯ ᠪᠡᠶ᠎ᠡ ᠲᠠᠮᠢᠷ ᠤᠨ ᠲᠤᠪᠴᠢᠶ᠎ᠠ᠂ ᠬᠤᠳᠠ ᠶᠢᠨ ᠬᠠᠮᠢᠶᠠᠷᠤᠯᠳᠠ ᠶᠢᠨ ᠬᠠᠤᠯᠢ | ᠬᠡᠷᠡᠭᠵᠢᠬᠦᠯᠬᠦ ᠲᠤᠪᠴᠢᠶ᠎ᠠ ᠵᠠᠷᠭᠡ 3 ᠰᠠᠯᠠᠭ᠎ᠠ ᠮᠦᠴᠢᠷ ᠤᠨ ᠲᠦᠯᠦᠭᠡᠯᠡᠭᠴᠢᠳ ᠤᠨ ᠰᠠᠨᠠᠯ ᠲᠤᠷᠠᠳᠤᠯᠭ᠎ᠠ ᠶᠢ | ᠰᠢᠢᠳᠪᠤᠷᠢᠯᠡᠭᠰᠡᠨ ᠲᠤᠬᠠᠢ ᠮᠠᠳᠠᠬᠦᠯᠦᠯᠳᠠ ᠶᠢ ᠰᠤᠨᠤᠰᠴᠤ᠂ ᠰᠠᠨᠠᠯ ᠲᠤᠷᠠᠳᠤᠯᠭ᠎ᠠ ᠶᠢ ᠰᠢᠢᠳᠪᠤᠷᠢᠯᠡᠭᠰᠡᠨ ᠪᠠᠶᠢᠳᠠᠯ ᠢ | ᠰᠢᠯᠭᠠᠨ ᠦᠨᠠᠯᠠᠵᠤ᠂ ᠬᠤᠰᠢᠭᠤᠨ ᠤ ᠠᠷᠪᠠᠨ ᠲᠤᠯᠤᠳᠤᠭᠠᠷ ᠬᠤᠭᠤᠴᠠᠭᠠᠨ ᠤ ᠭᠤᠷᠪᠠᠳᠤᠭᠠᠷ ᠬᠤᠷᠠᠯᠳᠤᠭᠠᠨ ᠠᠴᠠ | ᠲᠠᠪᠰᠢᠬᠦᠯᠦᠭᠰᠡᠨ 115 ᠵᠤᠷᠪᠤᠰ ᠲᠦᠯᠦᠭᠡᠯᠡᠭᠴᠢᠳ ᠤᠨ ᠲᠤᠷᠠᠳᠤᠬᠰᠠᠨ ᠰᠠᠨᠠᠯ ᠲᠤᠷᠠᠳᠤᠯᠭ᠎ᠠ ᠪᠦᠬᠦᠨ ᠳᠤ | ᠬᠠᠷᠢᠭᠤᠯᠳᠠ ᠦᠭᠴᠤ ᠲᠠᠭᠤᠰᠬᠠᠪᠠ᠃ | ᠲᠦᠯᠦᠭᠡᠯᠡᠭᠴᠢᠳ ᠤᠨ ᠡᠬᠦᠷᠭᠡ ᠲᠤᠰᠢᠶᠠᠯ ᠢᠶᠠᠨ ᠬᠦᠢᠴᠠᠳᠭᠡᠬᠦ ᠴᠢᠳᠠᠮᠵᠢ ᠶᠢ ᠨᠡᠮᠡᠭᠳᠡᠬᠦᠯᠪᠠ᠃ | ᠲᠦᠯᠦᠭᠡᠯᠡᠭᠴᠢᠳ ᠢ ᠪᠣᠯᠪᠠᠰᠣᠷᠠᠭᠤᠯᠣᠯ ᠨᠢᠭᠡ ᠲᠦᠷᠦᠯ ᠤᠨ ᠰᠠᠭᠤᠷᠢ ᠠᠵᠢᠯ ᠪᠣᠯᠭᠠᠨ ᠠᠳᠬᠤᠵᠤ᠂ ᠪᠦᠬᠦ | ᠬᠤᠰᠢᠭᠤᠨ ᠤ ᠰᠤᠮᠤ ᠰᠢᠶᠠᠩ ᠪᠠᠯᠭᠠᠰᠤ ᠶᠢᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠡᠬᠦᠷᠭᠡ | ᠬᠠᠷᠢᠭᠤᠴᠠᠯᠭ᠎ᠠ ᠶᠢ ᠲᠤᠬᠳᠠᠭᠠᠬᠤ ᠵᠢᠴᠢ ᠠᠵᠢᠯ ᠦᠷᠨᠢᠬᠦᠯᠬᠦ ᠲᠤᠬᠠᠢ ᠲᠤᠰᠬᠠᠢ ᠰᠡᠳᠦᠪᠳᠤ ᠪᠤᠯᠪᠠᠰᠤᠷᠠᠯ ᠬᠢᠪᠠ᠃ | ᠡᠯ᠎ᠡ ᠱᠠᠳᠤᠨ ᠤ ᠠᠷᠠᠳ ᠤᠨ ᠲᠦᠯᠦᠭᠡᠯᠡᠭᠴᠢᠳ ᠢ ᠲᠠᠭᠡᠳᠤ ᠱᠠᠳᠤᠨ ᠤ ᠡᠷᠬᠢᠯᠡᠭᠰᠡᠨ ᠬᠤᠷᠠᠯ ᠢᠶᠠᠷ | ᠪᠤᠯᠪᠠᠰᠤᠷᠠᠭᠤᠯᠬᠤ ᠲᠤᠰᠬᠠᠢ ᠰᠡᠳᠦᠪᠳᠤ ᠪᠤᠯᠪᠠᠰᠤᠷᠠᠯ ᠳᠤ 5 ᠬᠤᠭᠤᠴᠠᠭ᠎ᠠ ᠤᠷᠤᠯᠴᠠᠭᠤᠯᠪᠠ᠃ ᠡᠯ᠎ᠡ ᠰᠤᠮᠤ | ᠰᠢᠶᠠᠩ ᠪᠠᠯᠭᠠᠰᠤ ᠴᠦ ᠲᠤᠰᠬᠠᠢ ᠰᠡᠳᠦᠪᠳᠤ ᠪᠤᠯᠪᠠᠰᠤᠷᠠᠯ ᠪᠤᠯᠤᠨ ᠬᠤᠷᠠᠯ ᠢᠶᠠᠷ ᠪᠤᠯᠪᠠᠰᠤᠷᠠᠭᠤᠯᠬᠤ ᠮᠠᠶ᠋ᠢᠭ ᠤᠨ | ᠪᠤᠯᠪᠠᠰᠤᠷᠠᠯ ᠢ ᠡᠷᠬᠢᠯᠠᠵᠤ᠂ ᠠᠷᠠᠳ ᠤᠨ ᠲᠦᠯᠦᠭᠡᠯᠡᠭᠴᠢᠳ ᠢ ᠲᠦᠪᠯᠠᠷᠠᠬᠦᠯᠦᠨ ᠪᠤᠯᠪᠠᠰᠤᠷᠠᠭᠤᠯᠵᠤ᠂ ᠲᠠᠳᠠᠨᠠᠷ ᠤᠨ | ᠪᠦᠬᠦᠶᠢᠯᠠ ᠬᠡᠪ ᠴᠢᠨᠠᠷ ᠪᠠ ᠡᠬᠦᠷᠭᠡ ᠲᠤᠰᠢᠶᠠᠯ ᠢᠶᠠᠨ ᠬᠦᠢᠴᠠᠳᠭᠡᠬᠦ ᠴᠢᠳᠠᠮᠵᠢ ᠶᠢ ᠪᠦᠬᠦ ᠬᠦᠴᠦᠨ ᠢᠶᠠᠷ | ᠲᠠᠭᠡᠭᠰᠢᠯᠠᠬᠦᠯᠪᠠ᠃ | ᠲᠤᠯᠤᠭ᠎ᠠ᠂ ᠦᠨᠠᠨ ᠪᠤᠳᠠᠳᠠᠢ ᠦᠷ᠎ᠡ ᠠᠰᠢᠭ ᠢ ᠳᠣᠪᠣᠶᠢᠯᠠᠭᠠᠵᠣ᠂ ᠲᠤᠰ ᠪᠠᠶ᠎ᠠ ᠶᠢᠨ ᠪᠦᠳᠦᠭᠡᠨ | ᠪᠠᠶᠢᠭᠤᠯᠤᠯᠳᠠ ᠪᠠᠨ ᠴᠢᠩᠭᠠᠳᠬᠠᠪᠠ᠃ | ᠲᠤᠰ ᠪᠠᠶ᠎ᠠ ᠶᠢᠨ ᠪᠦᠳᠦᠭᠡᠨ ᠪᠠᠶᠢᠭᠤᠯᠤᠯᠳᠠ ᠪᠠᠨ ᠴᠢᠩᠭᠠᠳᠬᠠᠬᠤ ᠶᠢ ᠴᠢᠬᠤᠯᠠ ᠪᠠᠶᠢᠷᠢᠨ ᠳᠤ ᠲᠠᠯᠪᠢᠵᠤ | ᠂ ᠤᠨᠤᠯ ᠢᠶᠠᠷ ᠵᠡᠪᠰᠡᠭᠯᠠᠬᠦ ᠶᠢ ᠲᠠᠰᠤᠷᠠᠯᠳᠠ ᠦᠭᠡᠢ ᠴᠢᠩᠭᠠᠳᠬᠠᠵᠤ᠂ ᠠᠵᠢᠯ ᠤᠨ ᠰᠤᠷᠳᠠᠯ ᠢᠶᠠᠨ ᠰᠠᠶᠢᠵᠢᠷᠠᠭᠤᠯᠵᠤ᠂ | ᠠᠵᠢᠯ ᠤᠨ ᠦᠷ᠎ᠡ ᠪᠦᠳᠦᠮᠵᠢ ᠪᠠᠨ ᠲᠠᠭᠡᠭᠰᠢᠯᠠᠬᠦᠯᠵᠤ᠂ ᠠᠷᠠᠳ ᠲᠦᠮᠠᠨ ᠳᠤ ᠦᠨᠠᠨ ᠪᠤᠳᠠᠳᠠᠢ ᠤᠶᠢᠯᠠᠴᠢᠯᠡᠭᠰᠡᠨ᠂ | ᠡᠬᠦᠷᠭᠡ ᠬᠠᠷᠢᠭᠤᠴᠠᠯᠭ᠎ᠠ ᠪᠠᠨ ᠵᠤᠷᠢᠬᠳᠠᠢ ᠬᠦᠢᠴᠠᠳᠭᠡᠭᠰᠡᠨ᠂ ᠠᠵᠢᠯ ᠤᠨ ᠰᠤᠷᠳᠠᠯ ᠠᠷᠢᠭᠤᠨ ᠴᠢᠭᠡᠴᠢ ᠤᠷᠤᠨ | ᠨᠤᠳᠤᠭ ᠤᠨ ᠲᠦᠷᠦ ᠶᠢᠨ ᠡᠷᠭᠡᠳᠤ ᠪᠠᠶᠢᠭᠤᠯᠭ᠎ᠠ ᠶᠢ ᠴᠢᠷᠮᠠᠶᠢᠨ ᠪᠤᠢ ᠪᠤᠯᠭᠠᠪᠠ᠃ | ᠦᠵᠠᠯ ᠰᠠᠨᠠᠭᠠᠨ ᠤ ᠪᠦᠳᠦᠭᠡᠨ ᠪᠠᠶᠢᠭᠤᠯᠤᠯᠳᠠ ᠶᠢ ᠴᠢᠩᠭᠠᠳᠬᠠᠪᠠ᠃ ︽ᠤᠭ ᠰᠠᠨᠠᠭ᠎ᠠ ᠪᠠᠨ ᠦᠯᠦ | ᠮᠠᠷᠳᠠᠨ᠂ ᠡᠬᠦᠷᠭᠡ ᠬᠠᠷᠢᠭᠤᠴᠠᠯᠭ᠎ᠠ ᠪᠠᠨ ᠪᠠᠳᠤ ᠴᠠᠭᠡᠵᠢᠯᠠᠬᠦ︾ ᠭᠤᠤᠯ ᠰᠡᠳᠦᠪᠳᠤ ᠰᠤᠷᠭᠠᠨ ᠬᠦᠮᠦᠵᠢᠯ ᠢ ᠬᠦᠨᠵᠡᠭᠡᠢ | ᠠᠬᠢᠭᠤᠯᠵᠤ᠂ ᠪᠠᠶᠢᠩᠭᠤ ᠶᠢᠨ ᠬᠤᠷᠢᠶ᠎ᠠ ᠶᠢᠨ ᠪᠦᠷᠢᠯᠳᠦᠬᠦᠨ ᠨᠢ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ | ᠤᠨ ᠠᠵᠢᠯ ᠤᠨ ᠪᠤᠳᠠᠳᠠᠢ ᠠᠴᠠ ᠡᠬᠦᠰᠴᠤ᠂ ᠰᠢ ᠶᠢᠨ ᠫᠢᠩ ᠶᠡᠷᠦᠩᠭᠡᠢ ᠱᠦᠵᠢ ᠶᠢᠨ ᠠᠷᠠᠳ ᠤᠨ ᠲᠦᠯᠦᠭᠡᠯᠡᠭᠴᠢᠳ | ᠤᠨ ᠶᠡᠭᠡ ᠬᠤᠷᠠᠯ ᠤᠨ ᠲᠦᠷᠢᠮ ᠢ ᠪᠠᠷᠢᠮᠳᠠᠯᠠᠨ ᠲᠠᠬᠦᠯᠳᠠᠷᠵᠢᠬᠦᠯᠬᠦ ᠲᠤᠬᠠᠢ ᠴᠢᠬᠤᠯᠠ ᠦᠵᠠᠯ ᠰᠠᠨᠠᠭ᠎ᠠ ᠶᠢ | ᠰᠤᠷᠤᠯᠴᠠᠨ ᠲᠤᠭᠤᠰᠢᠯᠠᠭᠤᠯᠵᠤ᠂ ᠦᠨᠳᠤᠰᠤᠨ ᠬᠠᠤᠯᠢ ᠪᠠ ᠬᠠᠤᠯᠢ ᠲᠦᠷᠢᠮ ᠢ ᠨᠠᠷᠢᠨ ᠬᠢᠨᠠᠮᠠᠭᠠᠢ ᠰᠤᠷᠤᠯᠴᠠᠵᠤ᠂ | ᠨᠠᠮ ᠤᠨ ᠡᠯ᠎ᠡ ᠵᠦᠢᠯ ᠤᠨ ᠴᠢᠭᠯᠡᠯᠳᠠ᠂ ᠲᠦᠷᠦ ᠶᠢᠨ ᠪᠤᠳᠤᠯᠭ᠎ᠠ ᠪᠠ ᠳᠡᠬᠡᠳᠣ ᠱᠠᠳᠣᠨ ᠤ ᠨᠠᠮ ᠤᠨ ᠬᠤᠷᠢᠶ᠎ᠠ᠂ | ᠬᠤᠰᠢᠭᠤᠨ ᠨᠠᠮ ᠤᠨ ᠬᠤᠷᠢᠶᠠᠨ ᠤ ᠴᠢᠬᠤᠯᠠ ᠶᠡᠭᠡ ᠰᠢᠢᠳᠪᠤᠷᠢᠳᠤ ᠪᠠᠶᠢᠷᠢᠯᠠᠭᠤᠯᠤᠯᠳᠠ ᠶᠢ ᠤᠨᠤᠪᠴᠢᠳᠠᠢ | ᠡᠵᠡᠮᠳᠡᠵᠤ᠂ ᠤᠯᠤᠰ ᠲᠦᠷᠦ ᠶᠢᠨ ᠤᠬᠠᠮᠰᠠᠷ ᠪᠤᠯᠤᠨ ᠦᠵᠠᠯ ᠰᠠᠨᠠᠭᠠᠨ ᠤ ᠬᠢᠷᠢ ᠬᠡᠮᠵᠢᠶ᠎ᠠ ᠪᠠᠨ ᠲᠠᠰᠤᠷᠠᠯᠳᠠ ᠦᠭᠡᠢ | ᠲᠠᠭᠡᠭᠰᠢᠯᠠᠬᠦᠯᠵᠤ᠂ ᠰᠢᠨᠵᠢᠯᠠᠬᠦ ᠤᠬᠠᠭᠠᠨᠴᠢ ᠤᠨᠤᠯ ᠢᠶᠠᠷ ᠤᠶᠤᠨ ᠲᠠᠷᠢᠬᠢ ᠪᠠᠨ ᠵᠡᠪᠰᠡᠭᠯᠠᠵᠤ᠂ ᠠᠵᠢᠯ ᠢᠶᠠᠨ | ᠠᠬᠢᠭᠤᠯᠤᠬᠰᠠᠨ ᠪᠠᠶᠢᠨ᠎ᠠ᠃ | ᠤᠯᠤᠰ ᠲᠦᠷᠦ ᠶᠢᠨ ᠪᠦᠳᠦᠭᠡᠨ ᠪᠠᠶᠢᠭᠤᠯᠤᠯᠳᠠ ᠶᠢ ᠴᠢᠩᠭᠠᠳᠬᠠᠪᠠ᠃ ᠤᠯᠤᠰ ᠲᠦᠷᠦ ᠶᠢ ᠡᠷᠬᠢᠮᠯᠠᠬᠦ | ᠶᠢ ᠨᠢᠭᠡᠳᠦᠭᠡᠷ ᠱᠠᠭᠠᠷᠳᠠᠯᠭ᠎ᠠ ᠪᠤᠯᠭᠠᠵᠤ᠂ ᠤᠯᠤᠰ ᠲᠦᠷᠦ ᠪᠠᠷ ᠬᠢᠷᠢ ᠲᠠᠩᠴᠠᠬᠦ ᠶᠢ ᠨᠢᠭᠡᠳᠦᠭᠡᠷ ᠪᠠᠷᠢᠮᠵᠢᠶ᠎ᠠ ᠪᠤᠯᠭᠠᠵᠤ | ᠂ ᠰᠢ ᠶᠢᠨ ᠫᠢᠩ ᠶᠠᠷᠦᠩᠭᠡᠢ ᠱᠦᠵᠢ ᠶᠢᠨ ᠴᠢᠬᠤᠯᠠ ᠶᠠᠷᠢᠶ᠎ᠠ᠂ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠶᠢ | ᠤᠯᠠᠮᠵᠢᠯᠠᠨ ᠰᠤᠷᠤᠯᠴᠠᠵᠤ ᠨᠠᠶᠢᠳᠠᠪᠤᠷᠢᠵᠢᠭᠤᠯᠬᠤ ᠶᠢ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠠᠯᠪᠠᠨ | ᠪᠠᠶᠢᠭᠤᠯᠭ᠎ᠠ ᠶᠢᠨ ᠡᠯ᠎ᠡ ᠱᠠᠳᠤᠨ ᠤ ᠨᠠᠮ ᠤᠨ ᠵᠤᠬᠢᠶᠠᠨ ᠪᠠᠶᠢᠭᠤᠯᠤᠯᠳᠠ ᠶᠢᠨ ᠠᠵᠢᠯᠯᠠᠭᠠᠨ ᠦᠷᠨᠢᠬᠦᠯᠬᠦ ᠶᠢᠨ | ᠲᠠᠷᠢᠬᠦᠨ ᠴᠢᠬᠤᠯᠠ ᠠᠭᠤᠯᠭ᠎ᠠ ᠪᠤᠯᠭᠠᠪᠠ᠃ ᠨᠠᠮ ᠤᠨ ᠲᠤᠳᠤᠷᠠᠬᠢ ᠤᠯᠤᠰ ᠲᠦᠷᠦ ᠶᠢᠨ ᠠᠮᠢᠳᠤᠷᠠᠯ ᠤᠨ ᠤᠯᠤᠰ | ᠲᠦᠷᠦᠴᠢ ᠴᠢᠨᠠᠷ᠂ ᠴᠠᠭ ᠦᠶᠠᠳᠤ ᠴᠢᠨᠠᠷ᠂ ᠵᠠᠷᠴᠢᠮᠳᠤ ᠴᠢᠨᠠᠷ᠂ ᠪᠠᠶᠢᠯᠳᠣᠭᠠᠨᠴᠢ ᠴᠢᠨᠠᠷ ᠢ ᠲᠠᠰᠤᠷᠠᠯᠳᠠ ᠦᠭᠡᠢ | ᠴᠢᠩᠭᠠᠳᠬᠠᠪᠠ᠃ ᠨᠢᠭᠡᠳᠦᠭᠡᠷ ᠬᠠᠷᠢᠭᠤᠴᠠᠯᠭᠠᠳᠤ ᠬᠦᠮᠦᠨ ᠤ ᠬᠠᠷᠢᠭᠤᠴᠠᠯᠭ᠎ᠠ ᠪᠠ ︽ᠨᠢᠬᠡ ᠳᠣᠰᠢᠶᠠᠯ ᠬᠤᠣᠰ | ᠬᠠᠷᠢᠭᠤᠴᠠᠯᠭ᠎ᠠ︾ ᠶᠢ ᠴᠢᠩᠭ᠎ᠠ ᠬᠡᠷᠡᠭᠵᠢᠬᠦᠯᠵᠤ᠂ ᠵᠣᠬᠢᠶᠠᠨ ᠪᠠᠶᠢᠭᠤᠯᠣᠯᠳᠠ ᠠᠴᠠ ᠬᠢᠨᠡᠨ ᠦᠵᠡᠬᠦ᠂ | ᠰᠡᠷᠡᠮᠵᠢᠯᠡᠬᠦᠯᠬᠦ ᠰᠣᠷᠭᠠᠨ ᠬᠦᠮᠦᠵᠢᠯ ᠬᠢᠬᠦ᠂ ᠠᠷᠢᠭᠤᠨ ᠴᠢᠬᠡᠴᠢ ᠶᠢᠨ ᠶᠠᠷᠢᠯᠴᠠᠭ᠎ᠠ ᠦᠷᠨᠢᠬᠦᠯᠬᠦ ᠪᠠᠷ ᠳᠠᠮᠵᠢᠵᠣ᠂ | ᠪᠠᠶᠢᠭᠤᠯᠭ᠎ᠠ ᠶᠢᠨ ᠪᠦᠬᠦ ᠺᠠᠳ᠋ᠷᠴᠣᠳ ᠤᠨ ᠬᠤᠷᠢᠭ᠎ᠠ ᠱᠣᠭᠤᠮ ᠢ ᠰᠠᠬᠢᠬᠤ᠂ ᠠᠷᠢᠭᠤᠨ ᠴᠢᠬᠡᠴᠢ ᠪᠠᠶᠢᠬᠤ ᠣᠬᠠᠮᠰᠠᠷ | ᠢ ᠨᠡᠮᠡᠭᠳᠡᠬᠦᠯᠦᠭᠰᠡᠨ ᠪᠠᠶᠢᠨ᠎ᠠ᠃ | ᠰᠤᠷᠳᠠᠯ ᠤᠨ ᠪᠦᠳᠦᠭᠡᠨ ᠪᠠᠶᠢᠭᠤᠯᠤᠯᠳᠠ ᠶᠢ ᠬᠦᠨᠵᠡᠭᠡᠶᠢᠷᠠᠬᠦᠯᠪᠠ᠃ ᠰᠠᠬᠢᠯᠭ᠎ᠠ ᠲᠦᠷᠢᠮ ᠢ | ᠲᠠᠷᠢᠬᠦᠯᠠᠨᠰᠠᠬᠢᠵᠤ᠂ ᠨᠠᠮ ᠤᠨ ᠲᠦᠪ ᠬᠤᠷᠢᠶ᠎ᠠ ᠶᠢᠨ ᠨᠠᠢᠮᠠᠨ ᠵᠦᠢᠯ ᠤᠨ ᠲᠤᠬᠳᠠᠭᠠᠯ ᠵᠢᠴᠢ ᠣᠷᠣᠨ ᠬᠤᠳᠠ | ᠬᠤᠰᠢᠭᠤᠨ ᠤ ᠨᠠᠮ ᠤᠨ ᠬᠤᠷᠢᠶ᠎ᠠ ᠶᠢᠨ ᠬᠠᠮᠢᠶ᠎ᠠ ᠪᠦᠬᠦᠢ ᠬᠡᠷᠡᠭᠵᠢᠬᠦᠯᠬᠦ ᠨᠠᠷᠢᠨ ᠲᠦᠷᠢᠮ ᠢ ᠴᠢᠩᠭ᠎ᠠ ᠬᠡᠷᠡᠭᠵᠢᠬᠦᠯᠵᠤ | ᠂ ︽ᠲᠦᠷᠪᠠᠨ ᠰᠤᠷᠳᠠᠯ︾ ᠢ ᠵᠤᠬᠰᠤᠰᠢ ᠦᠭᠡᠢ ᠵᠠᠯᠠᠷᠠᠭᠤᠯᠪᠠ᠃ ︽ᠦᠨᠳᠤᠰᠤᠨ ᠱᠠᠳᠤᠨ ᠤ ᠲᠠᠷᠤᠭᠠᠰᠤ ᠶᠢ | ᠬᠦᠩᠭᠡᠯᠡᠬᠦ ᠤᠨ︾ ᠤ ᠬᠠᠮᠢᠶ᠎ᠠ ᠪᠦᠬᠦᠢ ᠱᠠᠭᠠᠷᠳᠠᠯᠭ᠎ᠠ ᠶᠢ ᠢᠳᠡᠪᠬᠢᠳᠠᠢ ᠨᠠᠶᠢᠳᠠᠪᠤᠷᠢᠵᠢᠭᠤᠯᠵᠤ᠂ ᠬᠤᠷᠠᠯ ᠤᠨ | ᠮᠠᠲ᠋ᠧᠷᠢᠶᠠᠯ ᠢ ᠴᠣᠮᠠᠬᠳᠬᠠᠵᠣ᠂ ᠬᠤᠷᠠᠯ ᠤᠨ ᠴᠠᠭ ᠢ ᠪᠤᠭᠤᠨᠢᠰᠬᠠᠪᠠ᠃ ᠦᠨᠠᠨ ᠪᠤᠳᠠᠳᠠᠢ ᠪᠠᠶᠢᠬᠤ ᠵᠤᠷᠢᠭ ᠰᠠᠨᠠᠭ᠎ᠠ | ᠪᠠᠷ ᠲᠤᠭᠤᠷᠢᠨ ᠦᠵᠠᠵᠤ ᠪᠠᠶᠢᠴᠠᠭᠠᠨ ᠰᠤᠳᠤᠯᠤᠯᠳᠠ ᠬᠢᠬᠦ ᠠᠵᠢᠯᠯᠠᠭᠠᠨ ᠢ ᠵᠤᠬᠢᠶᠠᠨ ᠪᠠᠶᠢᠭᠤᠯᠵᠤ ᠦᠷᠨᠢᠬᠦᠯᠪᠠ᠃ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠺᠠᠳ᠋ᠷ ᠤᠨ ᠤᠶᠢᠯᠠᠴᠢᠯᠠᠬᠦ ᠤᠬᠠᠮᠰᠠᠷ ᠪᠤᠯᠤᠨ ᠴᠢᠳᠠᠮᠵᠢ ᠶᠢ | ᠨᠡᠮᠡᠭᠳᠡᠬᠦᠯᠵᠤ᠂ ᠠᠷᠢᠭᠤᠨ ᠴᠢᠭᠡᠴᠢ ᠲᠦᠪ ᠰᠤᠷᠳᠠᠯ ᠲᠠᠢ᠂ ᠠᠵᠢᠯ ᠤᠶᠢᠯᠠᠰ ᠲᠤ ᠪᠠᠨ ᠭᠠᠷᠮᠠᠭᠠᠶᠢᠯᠠᠬᠰᠠᠨ᠂ | ᠦᠨᠳᠤᠷ ᠦᠷ᠎ᠡ ᠠᠰᠢᠬᠳᠤ ᠠᠵᠢᠯ ᠤᠨ ᠠᠭᠤᠷ ᠠᠮᠢᠰᠬᠤᠯ ᠢ ᠢᠳᠡᠪᠬᠢᠳᠠᠢ ᠪᠤᠢ ᠪᠤᠯᠭᠠᠬᠰᠠᠨ ᠪᠠᠶᠢᠨ᠎ᠠ᠃ | ᠲᠦᠯᠦᠭᠡᠯᠡᠭᠴᠢᠳ ᠡ︕ ᠠᠮᠵᠢᠯᠳᠠ ᠪᠠᠨ ᠳ᠋ᠦᠩᠨᠠᠵᠣ᠂ ᠠᠰᠠᠭᠤᠳᠠᠯ ᠢᠶᠠᠨ ᠪᠠᠶᠢᠴᠠᠭᠠᠨ ᠦᠵᠡᠬᠦ ᠨᠢ | ᠬᠤᠶᠢᠰᠢᠳᠠ ᠶᠢᠨ ᠠᠵᠢᠯ ᠢᠶᠠᠨ ᠨᠡᠩ ᠰᠠᠶᠢᠨ ᠬᠢᠬᠦ ᠶᠢᠨ ᠳᠦᠯᠦᠬᠡ ᠶᠣᠮ᠃ ᠨᠢᠬᠡ ᠵᠢᠯ ᠤᠨ ᠳᠣᠷᠰᠢᠬᠢ ᠪᠠᠶᠢᠩᠭᠤ | ᠶᠢᠨ ᠬᠤᠷᠢᠶ᠎ᠠ ᠶᠢᠨ ᠠᠵᠢᠯ ᠨᠢ ᠠᠮᠵᠢᠯᠳᠠ ᠠᠬᠢᠯᠳᠠ ᠲᠠᠢ ᠪᠣᠯᠪᠠᠴᠣ ᠪᠠᠰᠠ ᠵᠦᠷᠢᠶ᠎ᠡ ᠳᠣᠳᠠᠭᠳᠠᠯ ᠣᠷᠣᠰᠢᠵᠣ ᠪᠣᠢ᠃ | ᠣᠨᠴᠠᠭᠠᠶᠢᠯᠠᠨ ᠠᠵᠢᠯ ᠤᠨ ᠰᠢᠰᠲ᠋ᠧᠮᠳᠣ ᠴᠢᠨᠠᠷ᠂ ᠪᠦᠬᠦᠯᠢ ᠴᠣᠭᠴᠠᠳᠣ ᠴᠢᠨᠠᠷ᠂ ᠬᠠᠮᠵᠢᠯᠴᠠᠬᠤ ᠴᠢᠨᠠᠷ ᠤᠨ ᠳᠠᠯ᠎ᠠ | ᠪᠠᠷ ᠬᠠᠯᠠᠨ ᠰᠠᠶᠢᠵᠢᠷᠠᠭᠤᠯᠬᠤ ᠴᠢᠬᠤᠯᠠ ᠲᠠᠢ ᠪᠠᠶᠢᠨ᠎ᠠ᠃ | 2020 ᠤᠨ ᠤ ᠠᠵᠢᠯ ᠤᠨ ᠡᠬᠦᠷᠭᠡ ᠶᠢᠨ ᠲᠤᠬᠠᠢ | 2020 ᠤᠨ ᠪᠣᠯ ᠴᠢᠨᠡᠬᠡᠯᠢᠭ ᠨᠡᠶᠢᠬᠡᠮ ᠢ ᠪᠦᠬᠦ ᠳᠠᠯ᠎ᠠ ᠪᠠᠷ ᠪᠠᠶᠢᠭᠤᠯᠬᠤ ᠪᠠ ᠶᠠᠳᠠᠭᠤ ᠠᠴᠠ | ᠠᠩᠬᠢᠵᠢᠷᠠᠭᠤᠯᠬᠤ ᠰᠢᠪᠳᠣᠯᠣᠯᠳᠠ ᠶᠢᠨ ᠲᠠᠶᠢᠯᠠᠯᠳᠣᠭᠠᠨ ᠳᠤ ᠡᠷᠡᠰ ᠢᠯᠡᠯᠳᠡ ᠣᠯᠬᠤ ᠵᠠᠩᠬᠢᠯᠠᠭ᠎ᠠ ᠶᠢᠨ ᠵᠢᠯ ᠮᠦᠨ | ᠃ ᠪᠠᠶᠢᠩᠭᠤ ᠶᠢᠨ ᠬᠤᠷᠢᠶ᠎ᠠ ᠨᠢ ᠬᠤᠰᠢᠭᠤᠨ ᠤ ᠨᠠᠮ ᠤᠨ ᠬᠤᠷᠢᠶ᠎ᠠ ᠶᠢᠨ ᠪᠠᠳᠤ ᠴᠢᠩᠭ᠎ᠠ ᠤᠳᠤᠷᠢᠳᠤᠯᠭ᠎ᠠ ᠲᠤᠤᠷ᠎ᠠ | ᠂ ᠤᠭ ᠰᠠᠨᠠᠭ᠎ᠠ ᠪᠠᠨ ᠦᠯᠦ ᠮᠠᠷᠳᠠᠨ᠂ ᠡᠬᠦᠷᠬᠡ ᠬᠠᠷᠢᠭᠤᠴᠠᠯᠭ᠎ᠠ ᠪᠠᠨ ᠪᠠᠳᠣ ᠴᠡᠬᠡᠵᠢᠯᠡᠨ᠂ ᠰᠢᠨ᠎ᠡ ᠴᠠᠭ ᠦᠶ᠎ᠡ | ᠶᠢᠨ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠠᠵᠢᠯ ᠤᠨ ᠰᠢᠨ᠎ᠡ ᠪᠠᠶᠢᠳᠠᠯ ᠢ ᠡᠬᠦᠳᠬᠦ ᠪᠠᠷ | ᠴᠢᠷᠮᠠᠶᠢᠬᠤ ᠶᠠᠪᠣᠳᠠᠯ ᠪᠣᠯᠣᠨ᠎ᠠ᠃ | ᠨᠢᠭᠡ᠂ ᠤᠯᠤᠰ ᠲᠦᠷᠦ ᠶᠢᠨ ᠵᠤᠬᠰᠤᠴᠠ ᠪᠠᠨ ᠲᠠᠭᠡᠭᠰᠢᠯᠠᠬᠦᠯᠵᠤ ᠂ ᠶᠡᠭᠡ ᠲᠠᠯ᠎ᠠ ᠶᠢ ᠬᠠᠮᠭᠠᠯᠠᠬᠤ ᠳᠤ | ᠤᠶᠢᠯᠠᠴᠢᠯᠠᠬᠦ ᠲᠠᠭᠡᠷ᠎ᠡ ᠡᠬᠦᠷᠭᠡ ᠬᠠᠷᠢᠭᠤᠴᠠᠯᠭ᠎ᠠ ᠪᠠᠨᠨᠠᠩ ᠰᠠᠶᠢᠳᠣᠷ ᠬᠦᠢᠴᠠᠳᠭᠡᠨᠠ | ᠨᠠᠮ ᠤᠨ ᠪᠦᠬᠦ ᠲᠠᠯ᠎ᠠ ᠶᠢᠨ ᠣᠳᠣᠷᠢᠳᠣᠯᠭ᠎ᠠ ᠶᠢ ᠪᠠᠷᠢᠮᠳᠠᠯᠠᠵᠤ᠂ ᠰᠢ ᠶᠢᠨ ᠫᠢᠩ ᠶᠡᠷᠦᠩᠬᠡᠢ ᠱᠦᠵᠢ ᠶᠢᠨ | ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠳᠦᠷᠢᠮ ᠢ ᠪᠠᠷᠢᠮᠳᠠᠯᠠᠨ ᠳᠡᠬᠦᠯᠳᠡᠷᠵᠢᠬᠦᠯᠬᠦ ᠳᠣᠬᠠᠢ ᠴᠢᠬᠤᠯᠠ | ᠦᠵᠡᠯ ᠰᠠᠨᠠᠭ᠎ᠠ ᠶᠢ ᠬᠦᠨᠵᠠᠬᠡᠢ ᠣᠶᠢᠯᠭᠠᠵᠣ᠂ ︽ᠳᠦᠷᠪᠡᠨ ᠣᠬᠠᠮᠰᠠᠷ︾ ᠢ ᠣᠯᠠᠮ ᠨᠢᠬᠡ ᠠᠯᠬᠤᠮ ᠪᠣᠢ ᠪᠣᠯᠭᠠᠵᠣ | ᠂ ︽ᠳᠦᠷᠪᠡᠨ ᠢᠳᠡᠬᠡᠯ︾ ᠢ ᠣᠯᠠᠮ ᠪᠠᠳᠣ ᠪᠣᠯᠭᠠᠵᠣ᠂ ︽ᠬᠤᠶᠠᠷ ᠢ ᠬᠠᠮᠭᠠᠯᠠᠬᠤ︾ ᠶᠢ ᠬᠦᠢᠴᠡᠳᠬᠡᠨ᠎ᠡ᠃ | ᠬᠤᠰᠢᠭᠤᠨ ᠤ ᠨᠠᠮ ᠤᠨ ᠬᠤᠷᠢᠶ᠎ᠠ ᠶᠢᠨ ᠴᠢᠬᠤᠯᠠ ᠰᠢᠢᠳᠪᠤᠷᠢ ᠪᠠᠶᠢᠷᠢᠯᠠᠭᠤᠯᠤᠯᠳᠠ ᠶᠢ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠡᠬᠦᠷᠭᠡ ᠲᠤᠰᠢᠶᠠᠯ ᠢᠶᠠᠨ ᠬᠦᠢᠴᠠᠳᠭᠡᠬᠦ ᠯᠤᠭ᠎ᠠ ᠨᠢᠬᠳᠠ ᠤᠶᠠᠯᠳᠤᠭᠤᠯᠵᠤ | ᠂ ᠠᠷᠠᠳ ᠳᠦᠮᠡᠨ ᠢᠶᠠᠷ ᠭᠤᠣᠯ ᠴᠣᠭᠴᠠ ᠪᠣᠯᠭᠠᠬᠤ ᠶᠢ ᠪᠠᠷᠢᠮᠳᠠᠯᠠᠵᠣ᠂ ᠠᠷᠠᠳ ᠤᠯᠠᠨ ᠤ ᠠᠩᠬᠠᠷᠤᠯ ᠲᠠᠯᠪᠢᠵᠤ | ᠪᠠᠶᠢᠭ᠎ᠠ ᠴᠢᠬᠤᠯᠠᠠᠰᠠᠭᠤᠳᠠᠯ ᠳᠤ ᠢᠳᠡᠪᠬᠢᠳᠡᠢ ᠬᠠᠷᠢᠭᠤᠯᠳᠠ ᠦᠭᠬᠦᠨ᠎ᠡ᠃ ᠬᠠᠤᠯᠢ ᠪᠠᠷ ᠵᠠᠰᠠᠬᠤ ᠶᠢ | ᠪᠠᠷᠢᠮᠳᠠᠯᠠᠵᠣ ᠂ ᠪᠦᠬᠦ ᠲᠠᠯ᠎ᠠ ᠪᠠᠷ ᠬᠠᠤᠯᠢ ᠪᠠᠷ ᠬᠤᠰᠢᠭᠤ ᠪᠠᠨ ᠵᠠᠰᠠᠬᠤ ᠶᠢ ᠲᠦᠯᠬᠢᠨ ᠠᠬᠢᠭᠤᠯᠤᠨ᠎ᠠ᠃ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠠᠵᠢᠯ ᠤᠨ ᠭᠠᠷᠳᠠᠨ ᠬᠢᠬᠦ ᠪᠠ ᠰᠢᠪᠳᠤᠯᠤᠯᠳᠠ ᠶᠢᠨ ᠴᠡᠭ ᠢ | ᠤᠨᠤᠪᠴᠢᠳᠠᠢ ᠤᠯᠵᠤ᠂ ᠬᠢᠨᠠᠯᠳᠠ ᠳᠠᠯᠪᠢᠵᠣ ᠰᠢᠢᠳᠪᠤᠷᠢ ᠭᠠᠷᠭᠠᠬᠤ᠂ ᠬᠦᠮᠦᠨ ᠤ ᠶᠠᠪᠣᠳᠠᠯ ᠤᠨ ᠳᠣᠮᠢᠯᠠᠵᠣ | ᠪᠠᠭᠤᠯᠭᠠᠬᠤ᠂ ᠳᠦᠯᠦᠬᠡᠯᠡᠭᠴᠢ ᠲᠠᠢ ᠬᠠᠷᠢᠴᠠᠬᠠᠣ ᠵᠠᠷᠭᠡ ᠠᠵᠢᠯ ᠢ ᠡᠬᠦᠳᠤᠯᠳᠠ ᠶᠢᠨ ᠴᠢᠨᠠᠷᠳᠠᠢ ᠰᠠᠶᠢᠳᠤᠷ ᠬᠢᠵᠤ᠂ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠷᠢᠮ ᠪᠠ ᠠᠵᠢᠯ ᠢ ᠴᠠᠭ ᠦᠶ᠎ᠡ ᠯᠦᠭᠡ ᠵᠡᠷᠬᠡᠪᠡᠷ | ᠣᠷᠣᠭᠰᠢᠯᠠᠭᠤᠯᠵᠣ᠂ ᠬᠦᠭᠵᠢᠯᠳᠠ ᠶᠢ ᠳᠡᠬᠦᠯᠳᠡᠷᠵᠢᠬᠦᠯᠦᠨ᠎ᠡ᠃ | ᠬᠤᠶᠠᠷ᠂ ᠦᠷ᠎ᠡ ᠪᠦᠳᠦᠮᠵᠢ ᠪᠠᠷ ᠵᠢᠯᠤᠭᠤᠳᠬᠤ ᠶᠢ ᠲᠤᠪᠤᠶᠢᠯᠭᠠᠵᠤ᠂ ᠬᠢᠨᠠᠯᠳᠠ ᠲᠠᠯᠪᠢᠬᠤ ᠶᠢ | ᠬᠦᠨᠵᠡᠭᠡᠶᠢᠷᠠᠬᠦᠯᠬᠦ ᠠᠵᠢᠯ ᠲᠠᠭᠡᠷ᠎ᠡ ᠨᠠᠩ ᠤᠨᠤᠪᠴᠢᠳᠠᠢ ᠬᠦᠴᠦ ᠪᠠᠨ ᠲᠠᠯᠪᠢᠨ᠎ᠠ᠃ | ᠪᠦᠬᠦ ᠬᠤᠰᠢᠭᠤᠨ ᠤ ᠠᠵᠤ ᠠᠬᠤᠢ ᠨᠡᠶᠢᠬᠡᠮ ᠤᠨ ᠬᠦᠭᠵᠢᠯᠳᠠ ᠶᠢᠨ ᠶᠡᠭᠡ ᠪᠠᠶᠢᠳᠠᠯ ᠤᠨ ᠲᠤᠭᠤᠷᠢᠨ ᠳᠤ᠂ | ᠭᠤᠣᠯᠳᠠᠯᠭ᠎ᠠ ᠪᠠᠨ ᠳᠦᠪᠯᠡᠷᠡᠬᠦᠯᠵᠣ᠂ ︽ ᠳᠠᠪᠤ ᠶᠢ ᠨᠢᠬᠡ ᠴᠣᠭᠴᠠᠳᠣ︾ ᠶᠡᠷᠦᠩᠬᠡᠢ ᠪᠠᠶᠢᠷᠢᠯᠠᠭᠤᠯᠣᠯᠳᠠ ᠪᠣᠯᠣᠨ ︽ | ᠳᠦᠷᠪᠡᠨ ᠪᠦᠬᠦ ᠳᠠᠯ᠎ᠠ ᠶᠢᠨ︾ ᠪᠠᠶᠢᠯᠳᠣᠬᠤ ᠪᠣᠳᠣᠯᠭ᠎ᠠ ᠶᠢᠨ ᠪᠠᠶᠢᠷᠢᠯᠠᠭᠤᠯᠣᠯᠳᠠ ᠶᠢ ᠦᠷᠬᠦᠯᠵᠢᠯᠡᠨ ᠪᠦᠬᠦ ᠳᠠᠯ᠎ᠠ | ᠪᠠᠷ ᠳᠣᠭᠤᠰᠢᠯᠠᠭᠤᠯᠵᠣ᠂ ᠦᠨᠳᠦᠷ ᠦᠷ᠎ᠡ ᠠᠰᠢᠭᠳᠣ ᠬᠦᠭᠵᠢᠯᠳᠡ᠂ ︽ᠭᠤᠷᠪᠠᠨ ᠶᠡᠭᠡ ᠲᠠᠶᠢᠯᠠᠯᠳᠣᠭᠠᠨ︾᠂ | ᠠᠷᠠᠳ ᠤᠨ ᠠᠮᠢᠳᠣᠷᠠᠯ ᠤᠨ ᠪᠠᠳᠣᠯᠭ᠎ᠠ ᠵᠡᠷᠬᠡ ᠳᠠᠯ᠎ᠠ ᠳᠤ ᠬᠢᠨᠡᠯᠳᠡ ᠳᠠᠯᠪᠢᠵᠣ᠂ ᠲᠦᠪᠯᠠᠷᠠᠬᠦᠯᠦᠨ ᠲᠤᠭᠤᠷᠢᠨ | ᠪᠠᠶᠢᠴᠠᠭᠠᠬᠤ᠂ ᠲᠤᠰᠬᠠᠢ ᠰᠡᠳᠦᠪᠳᠤ ᠪᠠᠶᠢᠴᠠᠭᠠᠨ ᠰᠤᠳᠤᠯᠤᠯᠳᠠ ᠬᠢᠬᠦ ᠬᠤᠷᠠᠯ ᠢᠶᠠᠷ ᠬᠢᠨᠠᠨ ᠵᠦᠪᠯᠠᠬᠦ ᠵᠠᠷᠭᠡ ᠬᠡᠯᠪᠠᠷᠢ | ᠪᠠᠷ ᠲᠠᠮᠵᠢᠵᠤ᠂ ᠲᠤᠪᠤᠶᠢᠮ᠎ᠠ ᠠᠰᠠᠭᠤᠳᠠᠯ ᠢ ᠪᠦᠳᠦᠮᠵᠢᠳᠠᠢ ᠰᠢᠢᠳᠪᠤᠷᠢᠯᠠᠬᠦ ᠶᠢ ᠠᠬᠢᠭᠤᠯᠵᠤ᠂ ᠬᠤᠰᠢᠭᠤᠨ ᠤ ᠨᠠᠮ | ᠤᠨ ᠬᠤᠷᠢᠶ᠎ᠠ ᠶᠢᠨ ᠰᠢᠢᠳᠪᠤᠷᠢᠳᠤ ᠪᠠᠶᠢᠷᠢᠯᠠᠭᠤᠯᠤᠯᠳᠠ ᠶᠢ ᠪᠤᠳᠠᠳᠠᠢ ᠨᠠᠶᠢᠳᠠᠪᠣᠷᠢᠵᠢᠭᠤᠯᠣᠨ᠎ᠠ᠃ | ᠬᠠᠤᠯᠢ ᠬᠡᠷᠡᠭᠵᠢᠬᠦᠯᠦᠯᠳᠠ ᠶᠢᠨ ᠪᠠᠶᠢᠴᠠᠭᠠᠯᠳᠠ ᠶᠢᠨ ︽ᠬᠠᠤᠯᠢ ᠶᠢ ᠲᠤᠭᠤᠷᠢᠨ ᠪᠠᠶᠢᠴᠠᠭᠠᠬᠤ︾ ᠶᠢᠨ | ᠬᠢᠨᠠᠯᠳᠠ ᠲᠠᠯᠪᠢᠬᠤ ᠤᠶᠢᠯᠠᠳᠤᠯ ᠢ ᠬᠦᠢᠴᠠᠳ ᠪᠠᠳᠠᠷᠠᠭᠤᠯᠵᠣ᠂ ᠦᠨᠳᠦᠰᠦᠨ ᠬᠠᠣᠯᠢ ᠪᠠ ᠬᠠᠣᠯᠢ ᠴᠠᠭᠠᠵᠠ ᠶᠢ | ᠬᠡᠷᠡᠭᠵᠢᠬᠦᠯᠵᠣ ᠪᠠᠶᠢᠭ᠎ᠠ ᠪᠠᠶᠢᠳᠠᠯ ᠳᠤ ᠬᠢᠨᠠᠯᠳᠠ ᠳᠠᠯᠪᠢᠬᠤ ᠶᠢ ᠴᠢᠩᠭᠠᠳᠬᠠᠵᠣ᠂ ᠬᠠᠣᠯᠢ ᠪᠠᠷ ᠵᠠᠰᠠᠬᠤ ᠶᠢ | ᠪᠠᠷᠢᠮᠳᠠᠯᠠᠵᠣ᠂ ᠬᠠᠣᠯᠢ ᠳᠦᠷᠢᠮ ᠢ ᠦᠨᠡᠨ ᠬᠦ ᠨᠠᠶᠢᠳᠠᠪᠣᠷᠢᠵᠢᠭᠤᠯᠣᠨ᠎ᠠ᠃ ᠳᠦᠷᠢᠮᠵᠢᠬᠦᠨ ᠪᠢᠴᠢᠭ ᠮᠠᠲ᠋ᠧᠷᠢᠶᠠᠯ ᠢ | ᠳᠠᠩᠰᠠᠯᠠᠵᠣ ᠬᠢᠨᠠᠨ ᠪᠠᠶᠢᠴᠠᠭᠠᠬᠤ ᠠᠵᠢᠯ ᠢ ᠰᠠᠶᠢᠳᠣᠷ ᠬᠢᠨ᠎ᠡ᠃ ᠬᠢᠨᠠᠯᠳᠠ ᠲᠠᠯᠪᠢᠬᠤ ᠠᠵᠢᠯ ᠢ ᠳᠡᠮᠵᠢᠬᠦ ᠶᠢ | ᠪᠠᠷᠢᠮᠳᠠᠯᠠᠵᠣ᠂ ᠠᠤᠭ᠎ᠠ ᠶᠡᠭᠡ ᠨᠡᠶᠢᠬᠡᠮ ᠤᠨ ᠬᠦᠴᠦᠨ ᠢ ᠨᠢᠭᠳᠠᠷᠠᠭᠤᠯᠣᠨ᠎ᠠ᠃ | ᠭᠤᠷᠪᠠ᠂ ᠤᠷᠮᠠᠰᠢᠭᠤᠯᠬᠤ ᠪᠠᠳᠤᠯᠠᠭ᠎ᠠ ᠶᠢ ᠴᠢᠬᠤᠯᠠᠴᠢᠯᠠᠵᠤ᠂ ᠲᠦᠯᠦᠭᠡᠯᠡᠭᠴᠢᠳ ᠤᠨ ᠤᠶᠢᠯᠠᠳᠤᠯ ᠢ | ᠪᠠᠳᠠᠷᠠᠭᠤᠯᠬᠤ ᠲᠠᠭᠡᠷ᠎ᠡ ᠨᠠᠩ ᠪᠠᠶᠠᠯᠢᠭ ᠠᠮᠢᠳᠤᠯᠢᠭ ᠬᠦᠴᠦᠨ ᠢ ᠪᠤᠢ ᠪᠤᠯᠭᠠᠨ᠎ᠠ | ᠲᠦᠯᠦᠭᠡᠯᠡᠭᠴᠢᠳ ᠤᠨ ᠰᠤᠷᠭᠠᠨ ᠬᠦᠮᠦᠵᠢᠯ ᠪᠤᠯᠪᠠᠰᠤᠷᠠᠯ ᠢ ᠴᠢᠩᠭᠠᠳᠬᠠᠵᠤ᠂ ᠲᠦᠯᠦᠭᠡᠯᠡᠭᠴᠢᠳ ᠤᠨ | ᠠᠵᠢᠯᠯᠠᠭᠠᠨ ᠢ ᠦᠷᠨᠢᠬᠦᠯᠵᠣ᠂ ᠲᠦᠯᠦᠭᠡᠯᠡᠭᠴᠢᠳ ᠤᠨ ᠠᠷᠠᠳ ᠤᠨ ᠰᠡᠳᠬᠢᠯ ᠢ ᠨᠢᠬᠳᠠᠷᠠᠭᠤᠯᠬᠤ ᠴᠢᠳᠠᠮᠵᠢ ᠶᠢ | ᠲᠠᠭᠡᠭᠰᠢᠯᠠᠬᠦᠯᠦᠨ᠎ᠠ᠃ ᠲᠦᠯᠦᠭᠡᠯᠡᠭᠴᠢᠳ ᠤᠨ ᠬᠤᠷᠠᠯ ᠲᠠᠬᠦᠰᠦᠭᠰᠡᠨ ᠤ ᠬᠤᠭᠤᠴᠠᠭᠠᠨ ᠳᠠᠬᠢ ᠡᠬᠦᠷᠭᠡ ᠲᠤᠰᠢᠶᠠᠯ | ᠢᠶᠠᠨ ᠬᠦᠢᠴᠠᠳᠭᠡᠬᠦ ᠬᠡᠯᠪᠠᠷᠢ ᠶᠢ ᠪᠠᠶᠠᠯᠢᠭ ᠪᠤᠯᠭᠠᠵᠤ᠂ ᠲᠦᠯᠦᠭᠡᠯᠡᠭᠴᠢᠳ ᠢᠯᠠᠩᠭᠤᠶ᠎ᠠ ᠦᠨᠳᠤᠰᠤᠨ ᠱᠠᠳᠤᠨ ᠤ | ᠲᠦᠯᠦᠭᠡᠯᠡᠭᠴᠢᠳ ᠢ ᠤᠷᠢᠵᠤ ᠪᠠᠶᠢᠩᠭᠤ ᠶᠢᠨ ᠬᠤᠷᠢᠶ᠎ᠠ ᠶᠢᠨ ᠦᠷᠨᠢᠬᠦᠯᠵᠤ ᠪᠦᠬᠦᠢ ᠲᠤᠭᠤᠷᠢᠨ ᠦᠵᠠᠵᠤ ᠪᠠᠶᠢᠴᠠᠭᠠᠨ | ᠰᠤᠳᠤᠯᠤᠯᠳᠠ ᠬᠢᠬᠦ᠂ ᠬᠠᠤᠯᠢ ᠬᠡᠷᠡᠭᠵᠢᠬᠦᠯᠦᠯᠳᠠ ᠶᠢ ᠪᠠᠶᠢᠴᠠᠭᠠᠬᠤ᠂ ᠰᠢᠯᠭᠠᠨ ᠦᠨᠠᠯᠠᠬᠦ ᠵᠠᠷᠭᠡ ᠠᠵᠢᠯᠯᠠᠭᠠᠨ ᠳᠤ | ᠤᠷᠤᠯᠴᠠᠭᠤᠯᠵᠤ᠂ ᠲᠦᠯᠦᠭᠡᠯᠡᠭᠴᠢᠳ ᠤᠨ ᠰᠢᠢᠳᠪᠤᠷᠢᠳᠤ ᠪᠤᠳᠤᠯᠭ᠎ᠠ ᠭᠠᠷᠭᠠᠬᠤ᠂ ᠬᠢᠨᠠᠯᠳᠠ ᠲᠠᠯᠪᠢᠬᠤ᠂ ᠵᠠᠰᠠᠭ ᠢ | ᠵᠦᠪᠯᠠᠬᠦ ᠤᠶᠢᠯᠠᠳᠤᠯ ᠢ ᠦᠨᠠᠨ ᠬᠦ ᠪᠠᠳᠠᠷᠠᠭᠤᠯᠤᠨ᠎ᠠ᠃ ᠲᠦᠯᠦᠭᠡᠯᠡᠭᠴᠢᠳ ᠲᠠᠢ ᠬᠠᠷᠢᠯᠴᠠᠬᠤ ᠠᠭᠤᠯᠭ᠎ᠠ ᠪᠠ ᠬᠡᠯᠪᠠᠷᠢ | ᠶᠢ ᠰᠠᠶᠢᠵᠢᠷᠠᠭᠤᠯᠵᠤ᠂ ᠲᠦᠯᠦᠭᠡᠯᠡᠭᠴᠢ ᠪᠠ ᠤᠯᠠᠨ ᠲᠦᠮᠠᠨ ᠯᠤᠭ᠎ᠠ ᠶᠢᠨ ᠬᠠᠷᠢᠴᠠᠭ᠎ᠠ ᠶᠢ ᠨᠢᠭᠳᠠᠷᠠᠭᠤᠯᠣᠨ᠎ᠠ᠃ | ᠲᠦᠯᠦᠭᠡᠯᠡᠭᠴᠢᠳ ᠤᠨ ᠲᠤᠷᠠᠳᠤᠬᠰᠠᠨ ᠰᠠᠨᠠᠯ ᠲᠤᠷᠠᠳᠤᠯᠭ᠎ᠠ ᠶᠢ ᠨᠠᠷᠢᠨ ᠬᠢᠨᠠᠮᠠᠭᠠᠢ ᠰᠢᠢᠳᠪᠤᠷᠢᠯᠠᠵᠤ᠂ | ᠲᠦᠯᠦᠭᠡᠯᠡᠭᠴᠢᠳ ᠤᠨ ᠵᠠᠰᠠᠭ ᠲᠤ ᠤᠷᠤᠯᠴᠠᠵᠤ᠂ ᠵᠠᠰᠠᠭ ᠢ ᠵᠦᠪᠯᠠᠬᠦ ᠬᠠᠯᠠᠭᠤᠨ ᠰᠡᠳᠬᠢᠯᠭᠡ ᠪᠤᠯᠤᠨ ᠠᠮᠢᠵᠢᠷᠠᠯ ᠤᠨ | ᠬᠦᠴᠦᠨ ᠢ ᠪᠠᠳᠠᠷᠠᠭᠤᠯᠣᠨ᠎ᠠ᠃ ᠠᠷᠠᠳ ᠤᠨ ᠠᠮᠢᠳᠣᠷᠠᠯ ᠤᠨ ᠳᠦᠷᠦᠯ ᠵᠦᠢᠯ ᠢ ᠲᠦᠯᠦᠭᠡᠯᠡᠭᠴᠢᠳ ᠪᠠᠷ | ᠪᠢᠯᠧᠲᠦᠭᠴᠣ ᠪᠠᠳᠣᠯᠠᠬᠤ ᠳᠦᠷᠢᠮ ᠢ ᠬᠡᠷᠡᠭᠵᠢᠬᠦᠯᠬᠦ ᠬᠡᠪᠴᠢᠶ᠎ᠡ ᠶᠢ ᠦᠷᠬᠦᠯᠵᠢᠯᠡᠨ ᠦᠷᠬᠡᠳᠬᠡᠨ᠎ᠡ᠃ | ᠲᠦᠷᠪᠠ᠂ ᠲᠤᠰ ᠪᠠᠶ᠎ᠠ ᠶᠢᠨ ᠪᠦᠳᠦᠭᠡᠨ ᠪᠠᠶᠢᠭᠤᠯᠤᠯᠳᠠ ᠶᠢ ᠴᠢᠩᠭᠠᠳᠬᠠᠵᠤ᠂ ᠬᠠᠣᠯᠢ ᠶᠣᠰᠣᠭᠠᠷ | ᠡᠬᠦᠷᠬᠡ ᠬᠠᠷᠢᠭᠤᠴᠠᠯᠭ᠎ᠠ ᠪᠠᠨ ᠬᠦᠢᠴᠡᠳᠬᠡᠬᠦ ᠳᠠᠯ᠎ᠠ ᠪᠠᠷ ᠨᠡᠩ ᠬᠦᠳᠡᠯᠣᠩᠬᠦᠢ ᠠᠵᠢᠯᠯᠠᠭ᠎ᠠ ᠲᠠᠢ ᠪᠣᠯᠭᠠᠨ᠎ᠠ | ᠰᠢ ᠶᠢᠨ ᠫᠢᠩ ᠶᠡᠷᠦᠩᠬᠡᠢ ᠱᠦᠵᠢ ᠶᠢᠨ ᠣᠷᠣᠨ ᠨᠣᠳᠤᠭ ᠤᠨ ᠠᠷᠠᠳ ᠤᠨ ᠳᠦᠯᠦᠬᠡᠯᠡᠭᠴᠢᠳ ᠤᠨ | ᠶᠡᠭᠡ ᠬᠤᠷᠠᠯ ᠵᠢᠴᠢ ᠪᠠᠶᠢᠩᠭᠤ ᠶᠢᠨ ᠬᠤᠷᠢᠶ᠎ᠠ ᠶᠢᠨ ᠠᠵᠢᠯ ᠤᠨ ᠴᠢᠬᠤᠯᠠ ᠵᠢᠭᠠᠪᠣᠷᠢ ᠶᠢᠨ ᠵᠣᠷᠢᠭ ᠰᠠᠨᠠᠭ᠎ᠠ ᠶᠢ | ᠨᠠᠷᠢᠨ ᠬᠢᠨᠨᠠᠮᠠᠭᠠᠢ ᠰᠣᠷᠣᠯᠴᠠᠨ ᠨᠠᠶᠢᠳᠠᠪᠣᠷᠢᠵᠢᠭᠤᠯᠵᠣ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠵᠢᠴᠢ | ᠪᠠᠶᠢᠩᠭᠤ ᠶᠢᠨ ᠬᠤᠷᠢᠶ᠎ᠠ ᠪᠠᠨ ᠦᠨᠳᠤᠰᠤᠨ ᠬᠠᠤᠯᠢ᠂ ᠬᠠᠤᠯᠢ ᠲᠦᠷᠢᠮ ᠠᠴᠠ ᠰᠤᠶᠤᠷᠬᠠᠬᠰᠠᠨ ᠡᠯ᠎ᠡ ᠲᠦᠷᠦᠯ ᠤᠨ | ᠠᠵᠢᠯ ᠤᠨ ᠡᠬᠦᠷᠭᠡ ᠶᠢᠨ ᠬᠠᠷᠢᠭᠤᠴᠠᠯᠭᠠᠳᠤ ᠠᠵᠢᠯᠯᠠᠬᠤ ᠪᠠᠶᠢᠭᠤᠯᠭ᠎ᠠ ᠪᠠ ᠠᠷᠠᠳ ᠲᠦᠮᠠᠨ ᠯᠤᠭ᠎ᠠ ᠨᠢᠬᠳᠠ | ᠬᠠᠷᠢᠴᠠᠭ᠎ᠠ ᠲᠠᠢ ᠲᠦᠯᠦᠭᠡᠯᠡᠭᠴᠢᠳ ᠤᠨ ᠠᠯᠪᠠᠨ ᠪᠠᠶᠢᠭᠤᠯᠭ᠎ᠠ ᠪᠤᠯᠭᠠᠨ ᠪᠦᠳᠦᠭᠡᠨ ᠪᠠᠶᠢᠭᠤᠯᠤᠨ᠎ᠠ᠃ ᠨᠠᠮ ᠤᠨ | ᠤᠳᠤᠷᠢᠳᠬᠤ ᠲᠤᠭᠤᠶᠢᠯᠠᠩ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠠᠵᠢᠯ ᠲᠤᠮᠳᠠᠬᠢ ᠴᠢᠭᠯᠡᠯ | ᠢ ᠡᠵᠡᠮᠳᠡᠵᠤ᠂ ᠶᠡᠭᠡ ᠲᠠᠯ᠎ᠠ ᠶᠢ ᠬᠠᠮᠢᠶᠠᠷᠴᠤ᠂ ᠨᠠᠶᠢᠳᠠᠪᠤᠷᠢᠵᠢᠭᠤᠯᠬᠤ ᠶᠢ ᠪᠠᠳᠤᠯᠠᠬᠤ ᠤᠳᠤᠷᠢᠳᠬᠤ ᠭᠤᠤᠯᠯᠠᠬᠴᠢ | ᠶᠢᠨ ᠤᠶᠢᠯᠠᠳᠤᠯ ᠢ ᠬᠦᠢᠴᠠᠳ ᠪᠠᠳᠠᠷᠠᠭᠤᠯᠤᠨ᠎ᠠ᠃ ᠴᠢᠬᠤᠯᠠ ᠶᠡᠭᠡ ᠬᠡᠷᠡᠭ ᠶᠠᠪᠤᠳᠠᠯ ᠢ ᠲᠤᠬᠳᠠᠭᠠᠬᠤ ᠡᠷᠭᠡ ᠶᠢᠨ | ᠲᠦᠷᠢᠮ ᠢᠶᠠᠷ ᠪᠠᠷᠢᠴᠠ ᠪᠤᠯᠭᠠᠵᠤ᠂ ᠲᠦᠯᠦᠭᠡᠯᠡᠭᠴᠢᠳ ᠤᠨ ᠭᠤᠤᠯ ᠰᠡᠳᠦᠪᠳᠤ ᠠᠵᠢᠯᠯᠠᠭᠠᠨ ᠢᠶᠠᠷ ᠠᠴᠢᠶᠠᠯᠠᠪᠤᠷᠢ | ᠪᠤᠯᠭᠠᠵᠤ᠂ ᠬᠠᠮᠤᠭ ᠤᠨ ᠵᠤᠩᠬᠢᠯᠠᠬᠤ ᠤᠯᠠᠨ ᠲᠤᠭᠠᠨ ᠤ ᠠᠷᠠᠳ ᠲᠦᠮᠠᠨ ᠤ ᠠᠰᠢᠭ ᠲᠤᠰᠠ ᠶᠢ ᠬᠠᠮᠠᠭᠠᠯᠠᠨ | ᠬᠦᠭᠵᠢᠬᠦᠯᠦᠨ᠎ᠠ᠃ ᠤᠯᠠᠨ ᠲᠦᠮᠠᠨᠴᠢ ᠱᠤᠭᠤᠮ ᠢ ᠬᠦᠨᠵᠡᠭᠡᠢ ᠲᠤᠭᠤᠰᠢᠯᠠᠭᠤᠯᠵᠤ᠂ ᠤᠯᠠᠨ ᠲᠦᠮᠠᠨ ᠯᠤᠭ᠎ᠠ ᠨᠢᠬᠳᠠ | ᠤᠶᠠᠯᠳᠤᠵᠤ᠂ ᠨᠠᠶᠢᠭᠡᠮ ᠤᠨ ᠪᠠᠶᠢᠳᠠᠯ ᠠᠷᠠᠳ ᠤᠨ ᠰᠠᠨᠠᠭ᠎ᠠ ᠶᠢ ᠢᠯᠠᠳᠭᠡᠬᠦ ᠪᠠ ᠲᠤᠰᠬᠠᠬᠤ ᠵᠠᠮ ᠱᠤᠭᠤᠮ ᠢ | ᠰᠢᠯᠤᠭᠤᠳᠬᠠᠵᠤ᠂ ᠠᠷᠠᠳ ᠤᠯᠠᠨ ᠤ ᠤᠶᠤᠨ ᠤᠬᠠᠭᠠᠨ ᠢ ᠲᠦᠪᠯᠠᠷᠠᠬᠦᠯᠵᠤ᠂ ᠦᠨᠳᠤᠰᠤᠨ ᠱᠠᠳᠤ ᠪᠠ ᠠᠷᠠᠳ | ᠤᠯᠠᠨ ᠤ ᠬᠦᠴᠢᠷ ᠠᠰᠠᠭᠤᠳᠠᠯ ᠢ ᠬᠠᠪᠰᠤᠷᠤᠨ ᠰᠢᠢᠳᠪᠤᠷᠢᠯᠠᠨ᠎ᠠ ᠃ ᠬᠤᠷᠢᠭ᠎ᠠ ᠱᠣᠭᠤᠮ ᠤᠨ ᠰᠡᠳᠬᠢᠬᠦᠢ᠂ | ᠰᠢᠰᠲ᠋ᠧᠮᠳᠤ ᠰᠡᠳᠬᠢᠬᠦᠢ᠂ ᠰᠢᠨ᠎ᠠ ᠶᠢ ᠡᠬᠦᠳᠬᠦ ᠰᠠᠳᠬᠢᠬᠦᠢ ᠪᠠ ᠬᠠᠤᠯᠢ ᠪᠠᠷ ᠵᠠᠰᠠᠬᠤ ᠰᠡᠳᠬᠢᠬᠦᠢ ᠶᠢᠨ ᠠᠷᠭ᠎ᠠ ᠪᠠᠷ | ᠬᠢᠨᠠᠯᠳᠠ ᠳᠠᠯᠪᠢᠬᠤ ᠠᠵᠢᠯ ᠤᠨ ᠰᠢᠰᠲ᠋ᠧᠮᠵᠢᠯᠳᠠ ᠶᠢ ᠠᠬᠢᠭᠤᠯᠣᠨ᠎ᠠ᠃ | ᠲᠦᠯᠦᠭᠡᠯᠡᠭᠴᠢᠳ ᠡ︕ ᠴᠠᠭ ᠦᠶ᠎ᠡ ᠶᠢᠨ ᠡᠬᠦᠷᠭᠡ ᠬᠦᠨᠳᠤ ᠰᠢᠷᠭᠠᠭᠤ ᠬᠠᠳᠠᠭᠤᠵᠢᠯᠳᠠᠢ ᠪᠦᠭᠡᠳ | ᠦᠩᠭᠡ ᠬᠡᠷᠡᠯᠳᠠᠢ᠂ ᠠᠷᠠᠳ ᠲᠦᠮᠠᠨ ᠤ ᠬᠦᠰᠠᠯ ᠱᠠᠭᠠᠷᠳᠠᠯᠭ᠎ᠠ ᠳᠣᠯᠭᠠᠮ᠎ᠠ ᠪᠠᠶᠢᠬᠰᠠᠭᠠᠷ᠃ ᠪᠢᠳᠠ ᠰᠢ ᠶᠢᠨ ᠫᠢᠩ | ᠨᠦᠬᠦᠷ ᠢᠶᠠᠷ ᠭᠤᠤᠯ ᠪᠤᠯᠭᠠᠬᠰᠠᠨ ᠨᠠᠮ ᠤᠨ ᠲᠦᠪ ᠬᠤᠷᠢᠶᠠᠨ ᠤ ᠲᠤᠭᠤᠷᠢᠨ ᠳᠤ ᠨᠢᠬᠳᠠ ᠪᠦᠯᠬᠦᠮᠳᠠᠵᠤ᠂ | ᠬᠤᠰᠢᠭᠤᠨ ᠤ ᠨᠠᠮ ᠤᠨ ᠬᠤᠷᠢᠶᠠᠨ ᠤ ᠪᠠᠳᠤ ᠴᠢᠩᠭ᠎ᠠ ᠤᠳᠤᠷᠢᠳᠤᠯᠭ᠎ᠠ ᠲᠤᠤᠷ᠎ᠠ᠂ ᠢᠳᠡᠭᠡᠯ ᠲᠦᠬᠦᠷᠠᠩ ᠤᠯᠤᠰ | ᠲᠦᠷᠦ ᠶᠢᠨ ᠬᠠᠯᠠᠭᠤᠨ ᠰᠡᠳᠬᠢᠯᠭᠡ᠂ ᠨᠠᠩ ᠤᠷᠬᠢᠯᠤᠮ᠎ᠠ ᠬᠠᠯᠠᠭᠤᠨ ᠡᠬᠦᠷᠭᠡ ᠬᠠᠷᠢᠭᠤᠴᠠᠯᠭᠠᠳᠤ ᠤᠬᠠᠮᠰᠠᠷ ᠪᠠ | ᠵᠤᠷᠢᠭ ᠰᠠᠨᠠᠭ᠎ᠠ ᠪᠠᠷ᠂ ᠨᠢᠬᠡ ᠰᠡᠳᠬᠢᠯ ᠨᠢᠬᠡ ᠵᠣᠷᠢᠭ ᠢᠶᠠᠷ ᠨᠡᠬᠡᠬᠡᠯᠳᠡ ᠲᠠᠢ ᠣᠷᠣᠭᠰᠢᠯᠠᠨ᠂ ᠯᠠᠪᠳᠠᠭᠤᠨ | ᠪᠠᠳᠤᠳᠠᠢ ᠠᠵᠢᠯᠯᠠᠵᠤ᠂ ᠣᠩᠨᠢᠭᠤᠳᠬᠤᠰᠢᠭᠤᠨ ᠤ ᠠᠷᠠᠳ ᠲᠦᠮᠠᠨ ᠤ ᠨᠡᠩ ᠰᠠᠶᠢᠨ ᠰᠠᠶᠢᠬᠠᠨ ᠵᠣᠯ ᠵᠢᠷᠭᠠᠯ ᠲᠠᠢ | ᠮᠠᠷᠭᠠᠰᠢ ᠶᠢ ᠡᠬᠦᠳᠬᠦ ᠵᠢᠨᠲ᠋ᠦ᠋ᠯᠦᠭᠡ ᠴᠢᠷᠮᠠᠶᠢᠨ ᠲᠠᠮᠠᠴᠠᠵᠠᠬᠡᠶᠡ︕ | | |