ᠵᠠᠮ ᠬᠠᠷᠢᠯᠴᠠᠭ᠎ᠠ ᠶᠢ ᠪᠢᠲᠡᠭᠦᠮᠵᠢᠯᠡᠬᠦ ᠲᠤᠬᠠᠶ ᠵᠠᠷᠯᠠᠯ
ᠨᠡᠶᠢᠲᠡᠯᠡᠭᠰᠡᠨ ᠴᠠᠭ᠄
2020/5/29
      ᠮᠠᠨ ᠤ ᠬᠤᠰᠢᠭᠤ᠂ ᠤᠯᠤᠰ ᠤᠨ ᠵᠠᠮ ᠤᠨ 305 ᠱᠤᠭᠤᠮ ︵K608 + 000 ᡺ K626 + 000︶᠎ ᠤᠨ ᠰᠡᠷᠭᠡᠶᠢᠯᠡᠬᠦ ᠴᠢᠨᠠᠷᠲᠠᠶ ᠠᠷᠠᠴᠢᠯᠠᠨ ᠬᠠᠮᠠᠭᠠᠯᠠᠬᠤ ᠢᠨᠵᠧᠨᠧᠷᠢᠩ ᠤᠨ ᠠᠵᠢᠯ ᠢᠶᠠᠨ ᠡᠬᠢᠯᠡᠭᠦᠯᠪᠡ᠃ ᠪᠠᠷᠢᠯᠭ᠎ᠠ ᠶᠢᠨ ᠠᠶᠤᠯᠭᠦᠢ ᠪᠠᠶᠢᠬᠤ ᠪᠠ ᠪᠠᠷᠢᠯᠭ᠎ᠠ ᠶᠢᠨ ᠶᠠᠰᠤ ᠴᠢᠨᠠᠷ ᠢ ᠦᠨᠡᠨᠬᠦ ᠪᠠᠲᠤᠯᠠᠬᠤ ᠶᠢᠨ ᠲᠤᠰᠠᠳᠠ᠂ ᠪᠠᠷᠢᠯᠭ᠎ᠠ ᠪᠠᠷᠢᠬᠤ ᠬᠤᠭᠤᠴᠠᠭᠠᠨ ᠳᠤ ᠵᠠᠮ ᠬᠠᠷᠢᠯᠴᠠᠭ᠎ᠠ ᠶᠢ ᠪᠢᠲᠡᠭᠦᠮᠵᠢᠯᠡᠨ ᠶᠠᠮᠠᠷᠪᠠ ᠲᠡᠷᠭᠡ ᠬᠥᠰᠬᠡ ᠨᠡᠪᠲᠡᠷᠡᠬᠦ ᠶᠢ ᠴᠠᠭᠠᠵᠠᠯᠠᠨ᠎ᠠ᠃ ᠡᠳᠦᠭᠡ ᠬᠤᠯᠪᠣᠭᠳᠠᠯ ᠪᠥᠬᠦᠶ ᠵᠦᠢᠯᠡᠰ ᠢ ᠳᠣᠤᠷᠠᠬᠢ ᠮᠡᠲᠦ ᠵᠠᠷᠯᠠᠶ᠎ᠠ᠄       ᠨᠢᠭᠡ᠂ ᠵᠠᠮ ᠪᠢᠲᠡᠭᠦᠮᠵᠢᠯᠡᠬᠦ ᠴᠠᠭ᠄ 2020 ᠣᠨ ᠤ 5 ᠰᠠᠷ᠎ᠠ ᠶᠢᠨ 20᠎ ᠤ ᠡᠳᠦᠷ — 2020 ᠣᠨ ᠤ 9 ᠰᠠᠷ᠎ᠠ ᠶᠢᠨ 5᠎ ᠤ ᠡᠳᠦᠷ᠃      ᠬᠤᠶᠠᠷ᠂ ᠪᠠᠷᠢᠯᠭ᠎ᠠ ᠶᠢᠨ ᠬᠤᠭᠤᠴᠠᠭᠠᠨ ᠳᠤ ᠪᠢᠳᠡᠭᠦᠮᠵᠢᠯᠡᠬᠦ ᠵᠠᠮ ᠤᠨ ᠬᠡᠰᠡᠭ᠄ ᠤᠯᠤᠰ ᠤᠨ ᠵᠠᠮ 305 ᠱᠤᠭᠤᠮ K608 + 000 — K626 + 000  ︵ᠤᠳᠠᠨᠳᠤᠬᠤᠢ ᠪᠠᠯᠭᠠᠰᠤ — ᠠᠰᠢᠬᠠᠨ ᠰᠤᠮᠤ︶       ᠭᠤᠷᠪᠠ᠂ ᠲᠣᠭᠤᠷᠢᠵᠤ ᠶᠠᠪᠤᠬᠤ ᠵᠠᠮ᠄    1. ᠤᠯᠠᠭᠠᠨᠬᠠᠳᠠ ᠠᠴᠠ ᠪᠠᠭᠠᠷᠢᠨ ᠵᠡᠭᠦᠨ ᠬᠤᠰᠢᠭᠤ᠂ ᠪᠠᠭᠠᠷᠢᠨ ᠪᠠᠷᠠᠭᠤᠨ ᠬᠤᠰᠢᠭᠤ᠂ ᠠᠷᠤ ᠬᠤᠷᠴᠢᠨ ᠬᠤᠰᠢᠭᠤ ᠤᠷᠤᠭᠤ ᠶᠠᠪᠤᠬᠤ ᠲᠡᠷᠭᠡ ᠬᠦᠰᠭᠡ 306 ᠤᠯᠤᠰ ᠤᠨ ᠵᠠᠮ᠂ 304 ᠮᠤᠵᠢ ᠶᠢᠨ ᠵᠠᠮ ︵ᠤᠯᠠᠭᠠᠨᠬᠠᠳᠠ — ᠪᠤᠷᠤᠬᠤᠳᠠ — ᠬᠠᠶᠢᠯᠠᠰᠤ︶᠎ ᠢᠶᠠᠷ ᠲᠣᠭᠤᠷᠢᠵᠤ ᠶᠠᠪᠤᠭᠠᠷᠠᠶ᠃    2᠂ ᠠᠤᠬᠠᠨ ᠬᠤᠰᠢᠭᠤᠨ ᠠᠴᠠ ᠪᠠᠭᠠᠷᠢᠨ ᠵᠡᠭᠦᠨ ᠬᠤᠰᠢᠭᠤ᠂ ᠪᠠᠭᠠᠷᠢᠨ ᠪᠠᠷᠠᠭᠤᠨ ᠬᠤᠰᠢᠭᠤ᠂ ᠠᠷᠤ ᠬᠤᠷᠴᠢᠨ ᠬᠤᠰᠢᠭᠤᠨ ᠳᠤ ᠬᠦᠷᠬᠦ ᠲᠡᠷᠭᠡ ᠬᠦᠰᠭᠡ ᠰᠢᠶᠠᠨ ᠤ ᠲᠡᠰ ᠤᠨ 214 ᠱᠤᠭᠤᠮ᠂ ᠮᠤᠵᠢ ᠶᠢᠨ ᠵᠠᠮ 304 ᠱᠤᠭᠤᠮ ︵ᠬᠤᠩᠱᠠᠨ ᠴᠥᠭᠦᠷᠥᠮ — ᠬᠠᠷᠠᠳᠤᠬᠤᠢ — ᠪᠤᠷᠤᠬᠤᠳᠠ — ᠬᠠᠶᠢᠯᠠᠰᠤ︶᠎ ᠢᠶᠠᠷ ᠲᠤᠭᠤᠷᠢᠵᠤ ᠶᠠᠪᠤᠭᠠᠷᠠᠢ᠃     3. ᠪᠠᠭᠠᠷᠢᠨ ᠵᠡᠭᠦᠨ ᠬᠤᠰᠢᠭᠤ᠂ ᠪᠠᠭᠠᠷᠢᠨ ᠪᠠᠷᠠᠭᠤᠨ ᠬᠤᠰᠢᠭᠤ᠂ ᠠᠷᠤ ᠬᠤᠷᠴᠢᠨ ᠬᠤᠰᠢᠭᠤ ᠠᠴᠠ ᠤᠯᠠᠭᠠᠨᠬᠠᠳᠠ ᠵᠦᠭ ᠶᠠᠪᠤᠬᠤ ᠲᠡᠷᠭᠡ ᠬᠥᠰᠬᠡ᠂ ᠮᠤᠵᠢ ᠶᠢᠨ ᠵᠠᠮ 304 ᠱᠤᠭᠤᠮ᠂ ᠤᠯᠤᠰ ᠤᠨ ᠵᠠᠮ 306 ᠱᠤᠭᠤᠮ ︵ᠬᠠᠶᠢᠯᠠᠰᠤ — ᠪᠤᠷᠤᠬᠤᠳᠠ — ᠤᠯᠠᠭᠠᠨᠬᠠᠳᠠ︶᠎ ᠢᠶᠠᠷ ᠲᠣᠭᠤᠷᠢᠵᠤ ᠶᠠᠪᠤᠭᠠᠷᠠᠶ᠃     4. ᠪᠠᠭᠠᠷᠢᠨ ᠵᠡᠭᠦᠨ ᠬᠤᠰᠢᠭᠤ᠂ ᠪᠠᠭᠠᠷᠢᠨ ᠪᠠᠷᠠᠭᠤᠨ ᠬᠤᠰᠢᠭᠤ᠂ ᠠᠷᠤ ᠬᠤᠷᠴᠢᠨ ᠬᠤᠰᠢᠭᠤᠨ ᠠᠴᠠ ᠠᠤᠬᠠᠨ ᠵᠦᠭ ᠶᠠᠪᠤᠬᠤ ᠲᠡᠷᠭᠡ ᠬᠦᠰᠭᠡ ᠂ ᠮᠤᠵᠢ ᠶᠢᠨ ᠵᠠᠮ 304 ᠱᠤᠭᠤᠮ᠂ ᠰᠢᠶᠠᠨ ᠤ ᠵᠠᠮ 214 ᠱᠤᠭᠤᠮ ︵ᠬᠠᠶᠢᠯᠠᠰᠤ — ᠪᠤᠷᠤᠬᠤᠳᠠ — ᠬᠠᠷᠠᠳᠤᠬᠤᠢ — ᠬᠤᠩᠱᠠᠨ ᠴᠥᠭᠦᠷᠥᠮ︶᠎ ᠢᠶᠠᠷ ᠲᠣᠭᠤᠷᠢᠵᠤ ᠶᠠᠪᠤᠭᠠᠷᠠᠶ᠃    ᠵᠠᠮ ᠢ ᠪᠢᠲᠡᠭᠦᠮᠵᠢᠯᠡᠭᠰᠡᠨ ᠬᠤᠭᠤᠴᠠᠭᠠᠨ ᠳᠤ᠂ ᠲᠤᠰ ᠵᠠᠮ ᠢᠶᠠᠷ ᠥᠩᠭᠡᠷᠡᠬᠦ ᠮᠠᠰᠢᠨ ᠲᠡᠷᠭᠡᠨ ᠤ ᠵᠢᠯᠤᠭᠤᠴᠢᠳ᠂ ᠲᠡᠷᠭᠡᠨ ᠤ ᠵᠠᠮ ᠱᠤᠭᠤᠮ ᠢᠶᠠᠨ ᠵᠦᠶ ᠵᠣᠬᠢᠰᠲᠠᠶ ᠪᠣᠯᠭᠤᠮᠵᠢᠲᠠᠶ ᠰᠣᠩᠭᠤᠵᠤ᠂ ᠵᠠᠮ ᠵᠢᠭᠠᠬᠤ ᠲᠡᠮᠳᠡᠭ᠂ ᠵᠠᠮ ᠬᠠᠷᠢᠯᠴᠠᠭᠠᠨ ᠤ ᠲᠡᠮᠳᠡᠭ᠂ ᠰᠠᠨᠠᠭᠤᠯᠤᠮᠵᠢ ᠶᠢᠨ ᠫᠠᠶᠢᠰᠠ ᠶᠢᠨ ᠲᠣᠭᠲᠠᠭᠠᠯ ᠶᠣᠰᠣᠭᠠᠷ ᠲᠡᠷᠭᠡ ᠨᠡᠪᠳᠡᠷᠡᠨ᠂ ᠠᠮᠤᠷ ᠲᠦᠪᠰᠢᠨ ᠢ ᠠᠩᠬᠠᠷᠬᠤ ᠬᠡᠷᠡᠭᠲᠡᠶ᠃ ᠪᠠᠷᠢᠯᠭ᠎ᠠ ᠠᠴᠠ ᠪᠤᠯᠵᠤ᠂ ᠲᠠᠨ ᠳᠤ ᠤᠴᠠᠷᠠᠭᠤᠯᠤᠭᠰᠠᠨ ᠶᠠᠷᠰᠢᠭ ᠲᠦᠪᠡᠭ ᠢ ᠠᠭᠤᠴᠢᠯᠠᠵᠤ ᠪᠠᠭᠳᠠᠭᠠᠷᠠᠢ᠃                                             ᠡᠭᠦᠨ ᠤ ᠲᠤᠯᠠ ᠣᠨᠴᠠᠭᠠᠶᠢᠯᠠᠨ ᠵᠠᠷᠯᠠᠪᠠ︕       ᠣᠩᠨᠢᠭᠤᠳ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠵᠠᠮ ᠬᠠᠷᠢᠯᠴᠠᠭᠠᠨ ᠤ ᠴᠠᠭᠳᠠᠭ᠎ᠠ ᠶᠢᠨ ᠶᠡᠭᠡ ᠠᠩᠭᠢ       ᠣᠩᠨᠢᠭᠤᠳ ᠬᠤᠰᠢᠭᠤᠨ ᠤ ᠵᠠᠮ ᠲᠡᠭᠡᠭᠡᠪᠦᠷᠢ ᠶᠢᠨ ᠲᠣᠪᠴᠢᠶ᠎ᠠ                                      2020 ᠣᠨ ᠤ 5 ᠰᠠᠷ᠎ᠠ ᠶᠢᠨ 14᠎ ᠤ ᠡᠳᠦᠷ
 
ᠢᠷᠡᠯᠲᠡ᠄ ᠣᠩᠨᠢᠭᠤᠳ ᠬᠤᠰᠢᠭᠤᠨ ᠤ ᠬᠠᠮ ᠵᠠᠭᠤᠴᠢᠯᠠᠭᠤᠷ ᠤᠨ ᠲᠥᠪ ᠤᠨ ᠮᠣᠩᠭᠤᠯ ᠨᠠᠶᠢᠷᠠᠭᠤᠯᠬᠤ ᠬᠡᠯᠲᠡᠰ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号