| | ᠪᠥᠬᠦ ᠬᠤᠰᠢᠭᠤᠨ ᠤ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ ᠤᠨ ︽ᠬᠤᠶᠠᠷ ᠵᠥᠪᠯᠡᠯ︾ ᠤᠨ ᠬᠤᠭᠤᠴᠠᠭ᠎ᠠ | ᠰᠣᠯᠢᠬᠤ ᠰᠣᠩᠭᠤᠭᠤᠯᠢ ᠳᠤ ᠣᠷᠣᠯᠴᠠᠭᠰᠠᠳ ᠂ ᠨᠠᠮ ᠤᠨ ᠬᠡᠰᠢᠬᠦᠨ ᠣᠯᠠᠨ ᠲᠦᠮᠡᠨ ᠳᠤ ᠄ | ᠪᠥᠬᠦ ᠬᠤᠰᠢᠭᠤᠨ ᠤ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ ᠤᠨ ︽ᠬᠤᠶᠠᠷ ᠵᠥᠪᠯᠡᠯ︾ ᠤᠨ | ᠬᠤᠭᠤᠴᠠᠭ᠎ᠠ ᠰᠣᠯᠢᠬᠤ ᠰᠣᠩᠭᠤᠭᠤᠯᠢ ᠶᠢᠨ ᠠᠵᠢᠯ ᠤᠨ ᠰᠠᠬᠢᠯᠭ᠎ᠠ ᠪᠠᠲᠤ ᠶᠢ ᠤᠯᠠᠮ ᠨᠢᠭᠡ ᠠᠯᠬᠤᠮ | ᠴᠢᠩᠭᠠᠳᠬᠠᠵᠤ᠂ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ ᠤᠨ ᠬᠤᠭᠤᠴᠠᠭ᠎ᠠ ᠰᠣᠯᠢᠬᠤ ᠠᠵᠢᠯ ᠤᠨ ᠡᠮᠬᠢ | ᠳᠢᠭᠯᠢᠮ ᠢ ᠬᠠᠮᠠᠭᠠᠯᠠᠬᠤ ᠶᠢᠨ ᠲᠥᠯᠥᠭᠡ᠂ ᠤᠯᠤᠰ ᠤᠨ ᠬᠤᠯᠪᠣᠭᠳᠠᠯ ᠪᠥᠬᠦᠶ ᠬᠠᠤᠯᠢ ᠴᠠᠭᠠᠵᠠ᠂ ᠬᠠᠤᠯᠢ | ᠲᠣᠭᠲᠠᠭᠠᠯ ᠪᠠ ᠲᠥᠷᠥ ᠶᠢᠨ ᠪᠣᠳᠣᠯᠭ᠎ᠠ ᠶᠢᠨ ᠲᠣᠭᠲᠠᠭᠠᠯ ᠢ ᠦᠨᠳᠦᠰᠦᠯᠡᠨ᠂ ᠲᠤᠤᠷᠠᠬᠢ ᠠᠵᠢᠯᠯᠠᠭ᠎ᠠ ᠳᠤ | ᠭᠤᠣᠯᠳᠠᠯᠭ᠎ᠠ ᠲᠠᠢ ᠴᠢᠩᠭ᠎ᠠ ᠴᠣᠬᠢᠯᠲᠠ ᠥᠭᠴᠦ᠂ ᠴᠢᠩᠭ᠎ᠠ ᠰᠢᠶᠳᠪᠦᠷᠢᠯᠡᠨ᠎ᠡ᠄ | 1 . ᠬᠤᠳᠠᠯ ᠵᠣᠬᠢᠶᠠᠬᠤ᠂ ᠴᠤᠤᠷᠬᠠᠯ ᠲᠠᠯᠪᠢᠨ ᠣᠯᠠᠨ ᠢ ᠦᠢᠮᠡᠭᠦᠯᠬᠦ᠂ ᠰᠦᠷᠳᠡᠭᠦᠯᠬᠦ᠂ ᠵᠣᠳᠣᠬᠤ᠂ | ᠮᠥᠷᠳᠡᠨ ᠭᠡᠳᠡᠬᠦ ᠵᠡᠷᠭᠡ ᠠᠷᠭ᠎ᠠ ᠪᠠᠷᠢᠯ ᠢ ᠬᠡᠷᠡᠭᠯᠡᠵᠦ᠂ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ ᠤᠨ ︽ᠬᠤᠶᠠᠷ | ᠵᠥᠪᠯᠡᠯ︾ ᠤᠨ ᠬᠤᠭᠤᠴᠠᠭ᠎ᠠ ᠰᠣᠯᠢᠬᠤ ᠰᠣᠩᠭᠤᠭᠤᠯᠢ ᠶᠢᠨ ᠠᠵᠢᠯ ᠤᠨ ᠪᠠᠶᠢᠭᠤᠯᠤᠮᠵᠢ ᠪᠤᠶᠤ ᠠᠵᠢᠯᠲᠠᠨ ᠤ | ᠡᠭᠦᠷᠭᠡ ᠬᠠᠷᠢᠭᠤᠴᠠᠯᠭ᠎ᠠ ᠪᠠᠨ ᠬᠡᠪ ᠤᠨ ᠶᠣᠰᠣᠭᠠᠷ ᠭᠦᠢᠴᠡᠳᠬᠡᠵᠦ ᠴᠢᠳᠠᠬᠤ ᠦᠭᠡᠶ ᠪᠣᠯᠭᠠᠭᠰᠠᠨ ᠃ | 2 . ᠫᠢᠶᠣᠣ ᠶᠢᠨ ᠬᠠᠶᠢᠷᠴᠠᠭ ᠢ ᠪᠠᠯᠪᠠᠴᠢᠬᠤ᠂ ᠰᠣᠩᠭᠤᠭᠤᠯᠢ ᠶᠢᠨ ᠫᠢᠶᠣᠣ ᠶᠢ ᠤᠷᠠᠵᠤ ᠬᠠᠶᠠᠬᠤ᠂ | ᠰᠣᠩᠭᠤᠭᠤᠯᠢ ᠶᠢᠨ ᠬᠤᠷᠠᠯ ᠤᠨ ᠲᠠᠯᠠᠪᠠᠢ ᠶᠢ ᠲᠠᠭᠠᠷᠢᠬᠤ ᠵᠡᠷᠭᠡ ᠠᠷᠭ᠎ᠠ ᠪᠠᠷᠢᠯ ᠢ ᠬᠡᠷᠡᠭᠯᠡᠨ᠂ ᠬᠤᠭᠤᠴᠠᠭ᠎ᠠ | ᠰᠣᠯᠢᠬᠤ ᠶᠡᠭᠡ ᠬᠤᠷᠠᠯ ᠢ ᠬᠠᠷᠰᠢᠯᠠᠨ ᠰᠠᠭᠠᠳᠠᠭᠠᠬᠤ ᠳᠤ ᠣᠷᠣᠯᠴᠠᠭᠰᠠᠨ ᠪᠤᠶᠤ ᠪᠤᠰᠤᠳ ᠢ ᠵᠢᠭᠠᠨ ᠲᠤᠬᠢᠵᠤ | ᠰᠣᠩᠭᠤᠭᠤᠯᠢ ᠶᠢ ᠡᠪᠳᠡᠭᠰᠡᠨ ᠪᠤᠶᠤ ᠬᠠᠷᠰᠢᠯᠠᠭᠰᠠᠨ᠃ | 3 . ᠬᠦᠴᠦᠷᠬᠡᠭᠯᠡᠯ᠂ ᠰᠦᠷᠳᠡᠭᠦᠯᠦᠯ᠂ ᠮᠡᠬᠡᠯᠡᠯ ᠵᠡᠷᠭᠡ ᠠᠷᠭ᠎ᠠ ᠪᠠᠷᠢᠯ ᠢᠶᠠᠷ ᠰᠣᠩᠭᠤᠭᠤᠯᠢ ᠶᠢᠨ ᠠᠷᠠᠳ ᠤᠨ | ᠰᠣᠩᠭᠤᠭᠤᠯᠢ ᠶᠢᠨ ᠡᠷᠬᠡ ᠪᠠᠨ ᠴᠢᠯᠥᠭᠡᠲᠡᠢ ᠬᠡᠷᠡᠭᠵᠢᠭᠦᠯᠬᠦ ᠶᠢ ᠬᠠᠷᠰᠢᠯᠠᠭᠰᠠᠨ ᠃ | 4 . ᠨᠡᠶᠢᠲᠡᠯᠡᠭᠰᠡᠨ ᠦᠭᠡᠢ ᠴᠢᠬᠤᠯᠠ ᠪᠢᠴᠢᠭ ᠮᠠᠲ᠋ᠧᠷᠢᠶᠠᠯ ᠢ ᠵᠥᠪᠰᠢᠶᠡᠷᠡᠭᠦᠯᠦᠭᠰᠡᠨ ᠦᠭᠡᠢ ᠪᠠᠷ | ᠰᠡᠭᠦᠳᠡᠷᠯᠡᠭᠰᠡᠨ᠂ ᠵᠠᠳᠠᠷᠠᠭᠤᠯᠤᠭᠰᠠᠨ᠂ ᠤᠯᠠᠮᠵᠢᠯᠠᠨ ᠲᠠᠷᠬᠠᠭᠠᠭᠰᠠᠨ ᠃ | 5 . ᠬᠠᠤᠯᠢ ᠪᠤᠰᠤ ᠪᠠᠷ ᠪᠤᠰᠤᠳ ᠢ ᠵᠣᠬᠢᠶᠠᠨ ᠪᠠᠶᠢᠭᠤᠯᠵᠤ᠂ ᠵᠢᠭᠠᠨ ᠳᠣᠬᠢᠵᠤ ᠦᠳᠦᠭᠡᠨ ᠴᠤᠭᠯᠠᠭᠤᠯᠵᠦ | ᠬᠥᠨᠳᠡᠯᠡᠨ ᠪᠢᠴᠢᠭᠡᠰᠦ ᠪᠢᠴᠢᠬᠦ᠂ ᠤᠷᠢᠶ᠎ᠠ ᠬᠠᠰᠬᠢᠷᠬᠤ᠂ ᠬᠠᠤᠯᠢ ᠪᠤᠰᠤ ᠪᠠᠷ ᠳᠡᠭᠡᠭᠰᠢ ᠰᠤᠷᠪᠤᠯᠵᠢᠯᠠᠬᠤ᠂ | ᠤᠬᠠᠭᠤᠯᠭ᠎ᠠ ᠶᠢᠨ ᠬᠠᠭᠤᠳᠠᠰᠤ ᠨᠠᠭᠠᠬᠤ᠂ ᠰᠦᠯᠵᠢᠶ᠎ᠡ ᠪᠠᠷ ᠪᠢᠴᠢᠭᠡᠰᠦ ᠲᠠᠷᠬᠠᠭᠠᠬᠤ᠂ ᠮᠠᠲ᠋ᠧᠷᠢᠶᠠᠯ ᠢ ᠵᠣᠷᠢᠭᠤᠳᠠ | ᠡᠪᠳᠡᠨ ᠰᠦᠢᠳᠬᠡᠬᠦ ᠵᠡᠷᠭᠡ ᠠᠷᠭ᠎ᠠ ᠪᠠᠷᠢᠯ ᠢᠶᠠᠷ ᠰᠣᠩᠭᠤᠭᠤᠯᠢ ᠶᠢ ᠡᠪᠳᠡᠭᠰᠡᠨ ᠪᠤᠶᠤ ᠬᠠᠷᠰᠢᠯᠠᠭᠰᠠᠨ ᠃ | 6 . ᠬᠤᠭᠤᠴᠠᠭ᠎ᠠ ᠰᠣᠯᠢᠬᠤ ᠰᠠᠬᠢᠯᠭ᠎ᠠ ᠪᠠᠲᠤ ᠶᠢ ᠵᠥᠷᠢᠴᠡᠭᠰᠡᠨ ᠠᠰᠠᠭᠤᠳᠠᠯ ᠢ ᠪᠠᠶᠢᠴᠠᠭᠠᠬᠤ ᠪᠠ | ᠰᠢᠢᠳᠪᠦᠷᠢᠯᠡᠬᠦ ᠶᠢ ᠬᠠᠷᠰᠢᠯᠠᠭᠰᠠᠨ ᠪᠤᠶᠤ ᠬᠤᠭᠤᠴᠠᠭ᠎ᠠ ᠰᠣᠯᠢᠬᠤ ᠰᠣᠩᠭᠤᠭᠤᠯᠢ ᠶᠢᠨ ᠲᠤᠮᠲᠠ ᠰᠠᠬᠢᠯᠭ᠎ᠠ ᠪᠠᠲᠤ | ᠪᠠ ᠬᠠᠤᠯᠢ ᠠᠴᠠ ᠵᠥᠷᠢᠴᠡᠭᠰᠡᠨ ᠠᠵᠢᠯᠯᠠᠭ᠎ᠠ ᠶᠢ ᠢᠯᠡᠴᠢᠯᠡᠭᠰᠡᠨ᠂ ᠭᠡᠷᠡᠴᠢᠯᠡᠭᠰᠡᠨ᠂ ᠵᠠᠭᠠᠯᠳᠤᠭᠰᠠᠨ ᠬᠥᠮᠦᠰ | ᠢ ᠰᠦᠷᠳᠡᠭᠦᠯᠬᠦ᠂ ᠵᠣᠳᠣᠬᠤ ᠵᠡᠷᠭᠡ ᠬᠡᠯᠪᠡᠷᠢ ᠢᠶᠠᠷ ᠬᠠᠷᠢᠭᠤ ᠠᠪᠤᠭᠰᠠᠨ᠃ | 7 . ᠱᠠᠰᠢᠨ ᠰᠤᠷᠲᠠᠬᠤᠨ᠂ ᠣᠪᠣᠭ ᠲᠥᠷᠥᠯ᠂ ᠠᠶᠢᠮᠠᠭ ᠪᠦᠯᠦᠭ ᠤᠨ ᠬᠦᠴᠦᠨ ᠢ ᠠᠰᠢᠭᠯᠠᠨ ᠰᠣᠩᠭᠤᠭᠤᠯᠢ | ᠶᠢᠨ ᠠᠵᠢᠯ ᠤᠨ ᠬᠡᠪ ᠢᠶᠠᠷ ᠶᠠᠪᠤᠭᠳᠠᠬᠤ ᠶᠢ ᠬᠠᠷᠰᠢᠯᠠᠭᠰᠠᠨ᠂ ᠡᠵᠡᠮᠳᠡᠭᠰᠡᠨ᠂ ᠡᠪᠳᠡᠭᠰᠡᠨ ᠪᠤᠶᠤ ᠰᠣᠩᠭᠤᠭᠤᠯᠢ | ᠶᠢᠨ ᠠᠷᠠᠳ ᠤᠨ ᠰᠣᠩᠭᠤᠬᠤ ᠡᠷᠬᠡ ᠪᠠ ᠰᠣᠩᠭᠤᠭᠳᠠᠬᠤ ᠡᠷᠬᠡ ᠪᠠᠨ ᠬᠠᠤᠯᠢ ᠶᠣᠰᠣᠭᠠᠷ ᠬᠡᠷᠡᠭᠵᠢᠭᠦᠯᠬᠦ ᠶᠢ | ᠬᠠᠷᠰᠢᠯᠠᠭᠰᠠᠨ᠃ | 8 . ᠨᠡᠶᠢᠭᠡᠮ ᠤᠨ ᠰᠤᠯᠠ ᠬᠥᠮᠦᠰ᠂ ᠬᠠᠷ᠎ᠠ ᠪᠦᠯᠦᠭ ᠬᠠᠷᠭᠢᠰ ᠬᠦᠴᠦᠨ ᠢ ᠵᠣᠬᠢᠶᠠᠨ ᠪᠠᠶᠢᠭᠤᠯᠵᠤ᠂ | ᠬᠥᠯᠥᠰᠥᠯᠡᠵᠦ᠂ ᠵᠢᠭᠠᠨ ᠲᠤᠬᠢᠵᠤ᠂ ᠵᠠᠬᠢᠷᠤᠨ ᠡᠵᠡᠮᠳᠡᠭᠰᠡᠨ ᠪᠤᠶᠤ ᠳᠠᠯᠳᠠᠭᠤᠷ ᠵᠢᠭᠠᠨ ᠲᠤᠬᠢᠵᠤ ᠰᠣᠩᠭᠤᠭᠤᠯᠢ | ᠶᠢᠨ ᠲᠤᠬᠠᠢ ᠶᠢᠨ ᠲᠠᠯᠠᠪᠤᠷ ᠵᠢᠴᠢ ᠲᠡᠭᠦᠨ ᠤ ᠡᠷᠬᠢᠨ ᠲᠣᠭᠤᠷᠢᠨ ᠳᠤ ᠴᠤᠭᠯᠠᠷᠠᠭᠤᠯᠵᠤ᠂ ᠰᠣᠩᠭᠤᠭᠤᠯᠢ ᠶᠢ | ᠨᠦᠯᠦᠭᠡᠯᠡᠵᠦ᠂ ᠬᠠᠷᠰᠢᠯᠠᠵᠦ᠂ ᠡᠪᠳᠡᠭᠰᠡᠨ ᠃ | 9 . ᠨᠠᠮ ᠤᠨ ᠭᠡᠰᠢᠭᠦᠨ ᠺᠠᠳ᠋ᠷᠴᠤᠳ ᠬᠤᠭᠤᠴᠠᠭ᠎ᠠ ᠰᠣᠯᠢᠬᠤ ᠰᠣᠩᠭᠤᠭᠤᠯᠢ ᠶᠢᠨ ᠳᠤᠮᠳᠠᠬᠢ ᠬᠠᠤᠯᠢ | ᠲᠣᠭᠲᠠᠭᠠᠯ ᠠᠴᠠ ᠵᠥᠷᠢᠴᠡᠭᠰᠡᠨ ᠠᠵᠢᠯᠯᠠᠭ᠎ᠠ ᠶᠢ ᠨᠢᠭᠤᠨ ᠳᠠᠯᠳᠠᠯᠠᠵᠤ᠂ ᠥᠮᠥᠭᠯᠡᠵᠦ᠂ ︽ᠲᠣᠰᠬᠤᠨ ᠤ | ᠡᠵᠡᠷᠬᠡᠭᠴᠢ︾᠂ ᠣᠪᠣᠭ ᠲᠥᠷᠥᠯ ᠵᠡᠷᠭᠡ ᠬᠠᠷ᠎ᠠ ᠪᠦᠯᠦᠭᠲᠡᠨ ᠬᠠᠷᠭᠢᠰ ᠬᠦᠴᠦᠨ ᠢ ᠳᠤᠷ᠎ᠠ ᠪᠠᠷ ᠨᠢ ᠲᠠᠯᠪᠢᠵᠤ᠂ | ᠥᠮᠥᠭᠯᠡᠵᠦ᠂ ︽ ᠦᠮᠦᠭ ᠲᠦᠰᠢᠭ︾ ᠪᠤᠯᠤᠭᠰᠠᠨ︔ | 10 . ᠬᠤᠭᠤᠯᠠᠨ ᠳᠤ ᠲᠠᠶᠢᠯᠠᠬᠤ᠂ ᠪᠡᠯᠡᠨ ᠵᠣᠭᠤᠰ ᠂ ᠦᠨᠡᠲᠦ ᠲᠡᠮᠳᠡᠭ ᠪᠠ ᠡᠯ᠎ᠡ ᠵᠦᠢᠯ ᠤᠨ ᠪᠡᠯᠡᠭ | ᠬᠦᠷᠭᠡᠬᠦ ᠵᠢᠴᠢ ᠰᠣᠩᠭᠤᠭᠤᠯᠢ ᠶᠢᠨ ᠳᠠᠷᠠᠭ᠎ᠠ ᠶᠠᠮᠠᠷ ᠨᠢᠭᠡᠨ ᠠᠰᠢᠭ ᠲᠤᠰᠠ ᠣᠯᠭᠤᠨ᠎ᠠ ᠭᠡᠵᠦ ᠠᠮᠠᠯᠠᠯᠲᠠ ᠬᠢᠬᠦ | ᠬᠡᠯᠪᠡᠷᠢ ᠪᠠᠷ ᠲᠠᠮᠵᠢᠨ ᠫᠢᠶᠣᠣ ᠲᠠᠲᠠᠬᠤ᠂ ︽ᠬᠠᠭ᠋ᠤᠤᠯᠢᠳᠤ ᠰᠣᠩᠭᠤᠭᠤᠯᠢ︾ ᠶᠢᠨ ᠠᠵᠢᠯᠯᠠᠭᠠᠨ ᠬᠢᠬᠦ ᠃ | 11 . ᠰᠣᠩᠭᠤᠭᠤᠯᠢ ᠶᠢ ᠡᠵᠡᠮᠳᠡᠬᠦ ᠠᠵᠢᠯᠯᠠᠭᠠᠨ ᠬᠢᠬᠦ᠂ ᠮᠠᠭᠤ ᠰᠠᠨᠠᠭ᠎ᠠ ᠡᠪᠦᠷᠯᠡᠵᠦ ᠰᠣᠩᠭᠤᠭᠤᠯᠢ ᠳᠤ | ᠤᠷᠤᠯᠴᠠᠬᠤ ᠦᠭᠡᠢ᠂ ᠮᠥᠷᠳᠡᠨ ᠭᠡᠳᠡᠬᠦ ᠂ ᠬᠤᠳᠠᠯ ᠬᠠᠭᠤᠷᠮᠠᠭ ᠢᠶᠠᠷ ᠨᠠᠶᠢᠳᠠᠬᠤ᠂ ᠶᠡᠭᠡ ᠦᠰᠦᠭᠲᠦ ᠰᠣᠨᠢᠨ | ᠨᠠᠭᠠᠬᠤ᠂ ᠤᠬᠠᠭᠤᠯᠭ᠎ᠠ ᠶᠢᠨ ᠬᠠᠭᠤᠳᠠᠰᠤ ᠲᠠᠷᠬᠠᠭᠠᠬᠤ ᠵᠡᠷᠭᠡ ᠵᠦᠢ ᠪᠤᠰᠤ ᠠᠵᠢᠯᠯᠠᠭ᠎ᠠ ᠶᠠᠪᠤᠭᠤᠯᠤᠭᠰᠠᠨ ᠪᠤᠶᠤ | ᠣᠷᠣᠯᠴᠠᠭᠰᠠᠨ᠃ | 12 .ᠦᠨᠳᠦᠰᠦᠲᠡᠨ ᠤ ᠠᠰᠠᠭᠤᠳᠠᠯ ᠢ ᠠᠰᠢᠭᠯᠠᠨ ᠬᠤᠭᠤᠴᠠᠭ᠎ᠠ ᠰᠣᠯᠢᠬᠤ ᠠᠵᠢᠯ ᠳᠤ ᠭᠠᠷ ᠲᠦᠷᠦᠵᠤ᠂ | ᠬᠠᠷᠰᠢᠯᠠᠵᠤ᠂ ᠡᠪᠳᠡᠭᠰᠡᠨ᠃ | 13 . ᠸᠢᠴᠠᠲ᠂ ᠪᠢᠴᠢᠯ ᠪᠯᠤᠭ᠂ QQ᠂ ᠶᠠᠷᠢᠯᠴᠠᠭᠠᠨ ᠤ ᠲᠠᠪᠴᠠᠩ ᠵᠡᠷᠭᠡ ᠠᠴᠢᠶᠠᠯᠠᠪᠤᠷᠢ ᠶᠢᠨ | ᠲᠠᠪᠴᠠᠩ ᠢᠶᠠᠷ ᠳᠠᠮᠵᠢᠭᠤᠯᠤᠨ ᠬᠤᠭᠤᠴᠠᠭ᠎ᠠ ᠰᠣᠯᠢᠬᠤ ᠠᠵᠢᠯ ᠤᠨ ᠬᠤᠳᠠᠯ ᠬᠠᠭᠤᠷᠮᠠᠭ ᠮᠡᠳᠡᠭᠡ ᠵᠠᠩᠭᠢ ᠶᠢ | ᠵᠣᠬᠢᠶᠠᠬᠤ ᠪᠤᠶᠤ ᠤᠯᠠᠮᠵᠢᠯᠠᠨ ᠲᠠᠷᠬᠠᠭᠠᠵᠤ᠂ ᠮᠠᠭᠤ ᠰᠠᠨᠠᠭ᠎ᠠ ᠲᠠᠢ ᠪᠠᠷ ᠴᠤᠤᠷᠬᠠᠯ ᠲᠠᠷᠬᠠᠭᠠᠵᠤ᠂ ᠰᠥᠯᠪᠡᠭᠡᠯᠳᠦᠨ | ᠥᠳᠥᠭᠡᠵᠦ᠂ ᠵᠢᠱᠢᠭᠳᠡᠭᠰᠡᠳ ᠢ ᠭᠤᠲᠤᠭᠠᠨ ᠭᠦᠳᠬᠡᠭᠰᠡᠨ ᠃ | 14 . ᠭᠠᠴᠠᠭ᠎ᠠ ᠲᠣᠰᠬᠤᠨ᠂ ᠨᠡᠶᠢᠭᠡᠮ ᠲᠣᠭᠤᠷᠢᠭ ᠤᠨ ︽ᠬᠤᠶᠠᠷ ᠵᠥᠪᠯᠡᠯ︾ ᠤᠨ ᠬᠤᠭᠤᠴᠠᠭ᠎ᠠ ᠰᠣᠯᠢᠬᠤ | ᠰᠣᠩᠭᠤᠭᠤᠯᠢ ᠶᠢ ᠬᠠᠷᠰᠢᠯᠠᠬᠤ ᠪᠤᠶᠤ ᠡᠪᠳᠡᠬᠦ ᠪᠤᠰᠤᠳ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ᠃ | ᠳᠡᠭᠡᠷ᠎ᠡ ᠳᠤᠷᠠᠳᠤᠭᠰᠠᠨ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ ᠤᠨ ︽ᠬᠤᠶᠠᠷ ᠵᠥᠪᠯᠡᠯ︾ ᠤᠨ | ᠬᠤᠭᠤᠴᠠᠭ᠎ᠠ ᠰᠣᠯᠢᠬᠤ ᠰᠣᠩᠭᠤᠭᠤᠯᠢ ᠶᠢ ᠬᠠᠷᠰᠢᠯᠠᠵᠦ ᠡᠪᠳᠡᠭᠰᠡᠨ ᠠᠵᠢᠯᠯᠠᠭ᠎ᠠ ᠳᠤ ᠬᠤᠰᠢᠭᠤᠨ ᠤ ᠭᠠᠴᠠᠭ᠎ᠠ | ᠲᠣᠰᠬᠤᠨ᠂ ᠨᠡᠶᠢᠭᠡᠮ ᠲᠣᠭᠤᠷᠢᠭ ᠤᠨ ︽ᠬᠤᠶᠠᠷ ᠵᠥᠪᠯᠡᠯ︾ ᠤᠨ ᠬᠤᠭᠤᠴᠠᠭ᠎ᠠ ᠰᠣᠯᠢᠬᠤ ᠰᠣᠩᠭᠤᠭᠤᠯᠢ ᠶᠢᠨ | ᠠᠵᠢᠯ ᠤᠨ ᠤᠳᠤᠷᠢᠳᠬᠤ ᠳᠤᠭᠤᠶᠢᠯᠠᠩ ᠤᠨ ᠠᠯᠪᠠᠨ ᠬᠡᠷ ᠠᠴᠠ ᠬᠤᠰᠢᠭᠤᠨ ᠤ ᠰᠠᠬᠢᠯᠭ᠎ᠠ ᠪᠠᠲᠤ ᠪᠠᠶᠢᠴᠠᠭᠠᠬᠤ | ᠬᠤᠷᠢᠶ᠎ᠠ ᠬᠢᠨᠠᠨ ᠪᠠᠶᠢᠴᠠᠭᠠᠬᠤ ᠵᠥᠪᠯᠡᠯ᠂ ᠬᠤᠰᠢᠭᠤᠨ ᠤ ᠨᠠᠮ ᠤᠨ ᠬᠤᠷᠢᠶᠠᠨ ᠤ ᠤᠯᠤᠰ ᠲᠥᠷᠥ ᠬᠠᠤᠯᠢ ᠴᠠᠭᠠᠵᠠ | ᠶᠢᠨ ᠵᠥᠪᠯᠡᠯ᠂ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ᠂ ᠬᠤᠰᠢᠭᠤᠨ ᠤ ᠠᠷᠠᠳ ᠤᠨ ᠰᠢᠭᠦᠬᠦ ᠬᠤᠷᠢᠶ᠎ᠠ | ᠂ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ᠂ ᠬᠤᠰᠢᠭᠤᠨ ᠤ ᠬᠠᠤᠯᠢ ᠴᠠᠭᠠᠵᠠ ᠶᠢᠨ ᠲᠣᠪᠴᠢᠶ᠎ᠠ | ᠵᠡᠷᠭᠡ ᠬᠠᠮᠢᠶ᠎ᠠ ᠪᠥᠬᠦᠶ ᠰᠠᠯᠠᠭ᠎ᠠ ᠮᠥᠴᠢᠷ ᠲᠠᠢ ᠬᠠᠮᠵᠢᠯᠴᠠᠨ᠂ ᠬᠠᠮᠢᠶ᠎ᠠ ᠪᠥᠬᠦᠶ ᠬᠠᠤᠯᠢ ᠴᠠᠭᠠᠵᠠ᠂ ᠬᠠᠤᠯᠢ | ᠲᠣᠭᠲᠠᠭᠠᠯ ᠢ ᠦᠨᠳᠦᠰᠦᠯᠡᠨ ᠴᠢᠩᠭ᠎ᠠ ᠲᠦᠷᠭᠡᠨ ᠪᠠᠶᠢᠴᠠᠭᠠᠨ ᠰᠢᠶᠳᠪᠦᠷᠢᠯᠡᠵᠦ᠂ ᠬᠠᠤᠯᠢ ᠶᠣᠰᠣᠭᠠᠷ ᠴᠢᠩᠭ᠎ᠠ | ᠴᠣᠬᠢᠯᠲᠠ ᠥᠭᠭᠦᠨ᠎ᠡ᠃ ᠪᠥᠬᠦ ᠬᠤᠰᠢᠭᠤᠨ ᠤ ᠥᠷᠭᠡᠨ ᠣᠯᠠᠨ ᠨᠠᠮ ᠤᠨ ᠭᠡᠰᠢᠭᠦᠨ ᠣᠯᠠᠨ ᠲᠦᠮᠡᠨ ᠳᠠᠷᠤᠶ | ᠲᠦᠷᠭᠡᠨ ᠬᠥᠳᠡᠯᠦᠯᠴᠡᠵᠦ᠂ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ ᠤᠨ ︽ᠬᠤᠶᠠᠷ ᠵᠥᠪᠯᠡᠯ︾ ᠤᠨ | ᠬᠤᠭᠤᠴᠠᠭ᠎ᠠ ᠰᠣᠯᠢᠬᠤ ᠰᠣᠩᠭᠤᠭᠤᠯᠢ ᠶᠢᠨ ᠬᠠᠤᠯᠢ ᠶᠢ ᠵᠥᠷᠢᠴᠡᠭᠰᠡᠨ ᠶᠠᠯᠠᠲᠤ ᠠᠵᠢᠯᠯᠠᠭ᠎ᠠ᠂ ᠰᠠᠬᠢᠯᠭ᠎ᠠ ᠪᠠᠲᠤ | ᠲᠦᠷᠢᠮ ᠲᠣᠭᠲᠠᠭᠠᠯ ᠢ ᠵᠥᠷᠢᠴᠡᠭᠰᠡᠨ ᠦᠶᠯᠡ ᠠᠵᠢᠯᠯᠠᠭ᠎ᠠ ᠶᠢ ᠢᠳᠡᠪᠬᠢᠲᠡᠶ ᠢᠯᠡᠴᠢᠯᠡᠨ ᠮᠡᠳᠡᠭᠦᠯᠵᠦ᠂ | ᠰᠠᠨᠠᠭᠠᠴᠢᠯᠠᠭ᠎ᠠ ᠠᠴᠠ ᠪᠠᠨ ᠲᠡᠮᠡᠴᠡᠯ ᠬᠢᠬᠦ ᠬᠡᠷᠡᠭᠲᠡᠶ ᠃ ᠬᠤᠯᠪᠣᠭᠳᠠᠯ ᠪᠥᠬᠦᠶ ᠰᠠᠯᠠᠭ᠎ᠠ ᠮᠥᠴᠢᠷ ᠨᠢᠭᠤᠴᠠ ᠶᠢ | ᠴᠢᠩᠭ᠎ᠠ ᠬᠠᠮᠠᠭᠠᠯᠠᠵᠤ᠂ ᠬᠠᠤᠯᠢ ᠶᠢ ᠵᠥᠷᠢᠴᠡᠵᠦ ᠶᠠᠯ᠎ᠠ ᠬᠢᠭᠰᠡᠨ᠂ ᠰᠠᠬᠢᠯᠭ᠎ᠠ ᠪᠠᠲᠤ ᠶᠢ ᠵᠥᠷᠢᠴᠡᠵᠦ ᠲᠣᠭᠲᠠᠭᠠᠯ ᠢ | ᠵᠥᠷᠢᠴᠡᠭᠰᠡᠨ ᠰᠦᠪᠡᠭᠴᠢ ᠬᠠᠩᠭᠠᠭᠰᠠᠨ ᠣᠯᠠᠨ ᠲᠦᠮᠡᠨ ᠢ ᠬᠠᠤᠯᠢ ᠶᠣᠰᠣᠭᠠᠷ ᠬᠠᠮᠠᠭᠠᠯᠠᠨ᠎ᠠ ᠃ ᠢᠯᠡᠴᠢᠯᠡᠨ | ᠮᠡᠳᠡᠭᠦᠯᠦᠭᠴᠢ ᠳᠤ ᠴᠣᠬᠢᠯᠲᠠ ᠥᠭᠴᠦ ᠬᠠᠷᠢᠭᠤ ᠠᠪᠤᠭᠰᠠᠳ ᠢ ᠬᠠᠤᠯᠢ ᠶᠣᠰᠣᠭᠠᠷ ᠴᠢᠩᠭ᠎ᠠ ᠰᠢᠢᠳᠬᠡᠨ᠎ᠠ᠃ | | | ᠤᠩᠨᠢᠭᠤᠳ ᠬᠤᠰᠢᠭᠤᠨ ᠤ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ ᠤᠨ ︽ᠬᠤᠶᠠᠷ ᠵᠥᠪᠯᠡᠯ︾ | ᠤᠨ ᠬᠤᠭᠤᠴᠠᠭ᠎ᠠ ᠰᠣᠯᠢᠬᠤ ᠰᠣᠩᠭᠤᠭᠤᠯᠢ ᠶᠢᠨ ᠠᠵᠢᠯ ᠤᠨ ᠤᠳᠤᠷᠢᠳᠬᠤ ᠳᠤᠭᠤᠶᠢᠯᠠᠩ ᠤᠨ ᠠᠯᠪᠠᠨ ᠭᠡᠷ | 2020 ᠣᠨ ᠤ 12 ᠰᠠᠷᠠᠶᠢᠨ 28 ᠤ ᠡᠳᠦᠷ |