| | 10 ᠰᠠᠷ᠎ᠠ ᠶᠢᠨ 2 ᠤ ᠡᠳᠤᠷ᠂ ᠠᠰᠢᠬᠠᠨ ᠰᠤᠮᠤ ᠶᠢᠨ ᠭᠤᠤᠷᠰᠤ ᠭᠠᠴᠠᠭᠠᠨ ᠤ ᠰᠢᠳᠢᠠᠬᠤᠳᠳᠤᠭ | ᠲᠤᠭᠤᠶᠢᠯᠠᠩ ᠳᠤ ︽ᠰᠢᠳᠢ ᠶᠢᠨ ᠮᠤᠩᠭᠤᠯᠴᠤᠳ ᠤᠨ ᠢᠯᠡ ᠲᠤᠪᠴᠢᠶᠠᠨ︾ ᠬᠡᠬᠦ ᠨᠤᠮ ᠤᠨ ᠬᠠᠳᠠᠭ ᠰᠡᠭᠦᠬᠡᠬᠦ | ᠶᠤᠰᠤᠯᠠᠯ ᠶᠠᠪᠤᠭᠳᠠᠪᠠ᠃ ᠶᠤᠰᠤᠯᠠᠯ ᠳᠤ ᠬᠦᠬᠡᠬᠤᠲᠠ᠂ ᠰᠢᠯᠢ ᠶᠢᠨ ᠭᠤᠤᠯ᠂ ᠪᠠᠶᠠᠠᠨᠠᠭᠤᠷ᠂ ᠲᠦᠩᠯᠢᠶᠤᠤ᠂ | ᠤᠯᠠᠭᠠᠨᠬᠤᠲᠠ ᠳᠤ ᠠᠵᠢᠯᠯᠠᠵᠤ ᠠᠮᠢᠳᠤᠷᠠᠵᠤ ᠪᠠᠶᠢᠭ᠎ᠠ ᠠᠯᠪᠠᠲᠠᠨ᠂ ᠰᠡᠭᠡᠭᠡᠳᠡᠨ᠂ ᠡᠷᠳᠡᠮᠳᠡᠨ᠂ ᠴᠢᠳᠠᠪᠤᠷᠢᠲᠠᠨ | ᠭᠤᠴᠢ ᠰᠢᠬᠠᠮ ᠬᠦᠮᠤᠰ ᠬᠦᠷᠤᠯᠴᠠᠨ ᠢᠷᠡᠵᠡᠬᠡᠵᠤ ᠨᠤᠮ ᠰᠡᠬᠦᠬᠡᠬᠦ ᠠᠵᠢᠯᠯᠠᠭᠠᠨ ᠳᠤ ᠤᠷᠤᠯᠴᠠᠪᠠ᠃ | ᠰᠢᠳᠢᠠᠬᠤᠳᠳᠤᠭ ᠨᠤᠳᠤᠭ ᠲᠡᠤᠭᠡ ᠰᠤᠶᠤᠯ ᠤᠨ ᠬᠦᠷᠤᠰᠤ ᠵᠤᠵᠠᠭᠠᠨ ᠪᠠᠶᠢᠭᠠᠯᠢ ᠶᠢᠨ ᠦᠩᠭᠡ ᠦᠵᠡᠮᠵᠢ | ᠪᠦᠷᠢᠳᠤᠭ᠍ᠰᠡᠨ ᠰᠠᠶᠢᠬᠠᠨ ᠤᠷᠤᠨ ᠶᠤᠮ᠃ ᠡᠨᠡ ᠨᠤᠳᠤᠭ ᠠᠴᠠ ᠤᠷᠢᠳ ᠬᠤᠵᠢᠳ ᠲᠦᠷᠤ ᠬᠦᠷᠤᠨ ᠳᠤ ᠵᠢᠳᠬᠦᠯ | ᠲᠠᠢ᠂ ᠲᠦᠮᠡᠨ ᠤᠯᠠᠨ ᠳᠤ ᠮᠠᠭᠳᠠᠭᠠᠯ ᠲᠠᠢ ᠮᠠᠰᠢ ᠤᠯᠠᠨ ᠡᠷᠳᠡᠮᠳᠡᠨ ᠮᠡᠷᠭᠡᠳ ᠴᠤᠯᠭᠤᠷᠠᠨ ᠭᠠᠷᠤᠭᠰᠠᠨ ᠶᠤᠮ᠃ | ︽ᠰᠢᠳᠢ ᠶᠢᠨ ᠮᠤᠩᠭᠤᠯᠴᠤᠳ ᠤᠨ ᠢᠯᠡ ᠲᠤᠪᠴᠢᠶᠠᠨ︾ ᠭᠡᠬᠦ ᠨᠤᠮ ᠨᠢ ᠰᠢᠳᠢᠠᠬᠤᠳᠳᠤᠭ ᠨᠤᠳᠤᠭ ᠤᠨ | ᠠᠯᠳᠠᠷᠳᠤ ᠬᠦᠮᠤᠰ ᠤᠨ ᠲᠡᠤᠭᠡ ᠨᠠᠮᠳᠠᠷ ᠢ ᠡᠮᠬᠢᠳᠬᠡᠨ ᠴᠤᠭᠯᠠᠭᠤᠯᠵᠤ᠂ ᠨᠤᠳᠤᠭ ᠰᠤᠶᠤᠯ ᠢᠶᠠᠨ ᠤᠯᠠᠮᠵᠢᠯᠠᠨ | ᠲᠡᠯᠭᠡᠷᠡᠬᠦᠯᠬᠦ ᠵᠤᠷᠢᠯᠭ᠎ᠠ ᠪᠠᠷ ᠪᠢᠴᠢᠭᠳᠡᠵᠠᠢ᠃ ᠭᠤᠷᠪᠡᠨ ᠵᠢᠯ ᠭᠠᠷᠤᠢ ᠶᠢᠨ ᠬᠠᠳᠠᠭᠤ ᠰᠢᠷᠭᠠᠭᠤ ᠨᠠᠶᠢᠷᠠᠭᠤᠯᠤᠨ | ᠪᠢᠴᠢᠬᠦ ᠶᠠᠪᠤᠴᠠ ᠪᠠᠷ ᠲᠠᠮᠵᠢᠨ ᠤᠩᠰᠢᠭᠴᠢᠳ ᠲᠦᠮᠡᠨ ᠤ ᠠᠯᠠᠭᠠᠨ ᠳᠤ ᠬᠦᠷᠴᠤ ᠪᠤᠢ᠃ ᠲᠤᠰ ᠨᠤᠮ ᠨᠢ ᠤᠷᠤᠨ | ᠨᠤᠳᠤᠭ ᠤᠨ ᠲᠡᠤᠭᠡ ᠰᠤᠶᠤᠯ ᠢ ᠰᠢᠨᠵᠢᠯᠠᠨ ᠰᠤᠳᠤᠯᠬᠤ ᠳᠤ ᠭᠠᠷ ᠠᠪᠤᠯᠭ᠎ᠠ ᠶᠢᠨ ᠦᠨ᠎ᠠ ᠦᠷᠳᠡᠭ ᠲᠠᠢ ᠶᠤᠮ᠃ | | | | | | | | | | |