ᠹᠢᠽᠢᠺ ᠤᠨ ᠠᠷᠭ᠎ᠠ ᠪᠠᠷ ᠰᠡᠷᠭᠡᠶᠢᠯᠡᠨ ᠵᠠᠰᠠᠬᠤ ᠳᠤ ᠶᠠᠭᠤ ᠶᠢ ᠪᠠᠭᠲᠠᠭᠠᠬᠤ ᠪᠤᠢ | ᠹᠢᠽᠢᠺ ᠤᠨ ᠠᠷᠭ᠎ᠠ ᠪᠠᠷ ᠰᠡᠷᠭᠡᠶᠢᠯᠡᠨ ᠵᠠᠰᠠᠬᠤ ᠳᠤ ᠰᠢᠪᠡᠵᠢ ᠠᠯᠠᠬᠤ ᠳ᠋ᠧᠩ ︵杀虫灯︶᠂ | ᠰᠢᠷ᠎ᠠ ᠬᠠᠪᠳᠠᠰᠤ ︵黄板︶᠂ ᠪᠡᠯᠭᠡ ᠦᠳᠦᠭᠡᠬᠦ ᠡᠳ᠋ ︵性诱剂︶ ᠪᠣᠯᠤᠨ ᠰᠢᠬᠢᠷ ᠼᠤᠤ ᠶᠢᠨ | ᠠᠭᠤᠰᠤᠮᠠᠯ ︵糖 醋液︶ ᠵᠡᠷᠭᠡ ᠶᠢ ᠠᠰᠢᠭᠯᠠᠨ ᠬᠦᠨᠦᠭᠡᠯᠲᠦ ᠰᠢᠪᠡᠵᠢ ᠶᠢ ᠦᠳᠦᠭᠡᠨ ᠠᠯᠠᠬᠤ᠃ | ᠬᠦᠨᠦᠭᠡᠯᠲᠦ ᠰᠢᠪᠡᠵᠢ ᠶᠢᠨ ᠪᠡᠯᠭᠡ ᠶᠢᠨ ᠵᠠᠩᠬᠢ ᠡᠳ᠋ ᠢ ᠠᠰᠢᠭᠯᠠᠨ ᠬᠦᠨᠦᠭᠡᠯᠲᠦ ᠰᠢᠪᠡᠵᠢ ᠶᠢ ᠲᠦᠭᠡᠷᠢᠭᠦᠯᠵᠦ᠂ | ᠬᠦᠨᠦᠭᠡᠯᠲᠦ ᠰᠢᠪᠡᠵᠢ ᠶᠢᠨ ᠪᠡᠯᠭᠡ ᠬᠠᠷᠢᠯᠴᠠᠬᠤ ᠶᠢ ᠬᠠᠷᠰᠢᠯᠠᠬᠤ᠃ ᠪᠦᠯᠢᠶᠡᠨ ᠰᠦᠮᠦᠰᠦ ᠪᠠᠷ ᠦᠷ᠎ᠡ ᠳᠡᠪᠲᠦᠭᠡᠵᠦ | ᠡᠪᠡᠳᠴᠢᠨ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ᠃ ᠮᠤᠳᠤᠨ ᠡᠰᠢᠨ ᠳᠡᠭᠡᠷ᠎ᠡ ᠴᠠᠪᠠᠤ ᠲᠦᠷᠬᠢᠬᠦ ᠪᠤᠶᠤ | ᠴᠠᠭᠠᠨ ᠴᠤᠬᠤᠢ ᠲᠦᠷᠬᠢᠵᠦ ᠨᠢᠭᠡ ᠪᠦᠯᠦᠭ ᠬᠦᠨᠦᠭᠡᠯᠲᠦ ᠰᠢᠪᠡᠵᠢ ᠶᠢᠨ ᠮᠣᠳᠣᠨ ᠬᠠᠯᠢᠰᠤᠨ ᠳᠡᠭᠡᠷ᠎ᠡ ᠦᠨᠳᠡᠭᠡᠯᠡᠬᠦ | ᠪᠠ ᠬᠦᠨᠦᠭᠡᠬᠦ ᠶᠢ ᠡᠰᠡᠷᠭᠦᠴᠡᠬᠦ᠃ ᠤᠭᠤᠳᠡ ᠤᠭᠯᠠᠬᠤ ᠪᠤᠶᠤ ᠰᠢᠪᠡᠵᠢ ᠰᠡᠷᠭᠡᠶᠢᠯᠡᠬᠦ ᠲᠤᠤᠷ ᠢ ᠠᠰᠢᠭᠯᠠᠨ | ᠬᠦᠨᠦᠭᠡᠯᠲᠦ ᠰᠢᠪᠡᠵᠢ ᠶᠢ ᠲᠤᠰᠠᠭᠠᠷᠯᠠᠨ ᠲᠡᠭᠦᠨ ᠤ ᠬᠦᠨᠦᠭᠡᠯ ᠠᠴᠠ ᠵᠠᠶᠢᠯᠠᠰᠬᠢᠬᠦ᠃ ᠠᠲ᠋ᠤᠮ ᠤᠨ ᠰᠠᠴᠣᠷᠠᠭ ᠵᠡᠷᠭᠡ | ᠴᠠᠬᠢᠯᠭᠠᠨ ᠰᠤᠷᠢᠨᠵᠢᠨ ᠤ ᠰᠠᠴᠤᠷᠠᠭ ᠢᠶᠠᠷ ᠬᠦᠨᠦᠭᠡᠯᠲᠦ ᠠᠮᠢᠲᠦ ᠪᠣᠳᠠᠰ ᠢ ᠲᠤᠭᠤᠯᠤᠭᠤᠯᠬᠤ᠂ ᠡᠪᠡᠳᠴᠢᠨ | ᠬᠤᠷᠤᠬᠠᠢ ᠶᠢ ᠰᠢᠭᠤᠳ ᠠᠯᠠᠬᠤ ᠪᠠ ᠦᠷᠡᠵᠢᠬᠦᠯᠬᠦ ᠦᠭᠡᠢ ᠵᠡᠷᠭᠡ ᠠᠷᠭ᠎ᠠ ᠪᠠᠭᠲᠠᠲᠠᠭ ᠪᠠᠶᠢᠨ᠎ᠠ᠃ ︵ᠢᠷᠡᠯᠲᠡ᠄ ᠰᠢ | ᠢᠩ ᠤᠨ ᠨᠠᠶᠢᠷᠠᠭᠤᠯᠤᠭᠰᠠᠨ ︽ᠤᠷᠭᠤᠮᠠᠯ ᠤᠨ ᠡᠪᠡᠳᠴᠢᠨ ᠬᠤᠷᠤᠬᠠᠢ ᠡᠪᠡᠰᠦᠨ ᠤ ᠬᠦᠨᠦᠭᠡᠯ ᠢ ᠬᠢᠵᠠᠭᠠᠷᠯᠠᠬᠤ | ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ | | |