ᠬᠦᠬᠡ ᠴᠠᠢ ᠶᠢᠨ ᠠᠰᠢᠭ ᠬᠤᠤᠷ ᠤᠨ ᠲᠤᠬᠠᠢ
ᠨᠡᠶᠢᠲᠡᠯᠡᠭᠰᠡᠨ ᠴᠠᠭ᠄
2021/10/28
          ᠮᠤᠩᠭᠤᠯᠴᠤᠳ ᠭᠦᠭᠡ ᠴᠠᠢ ᠶᠢ ᠴᠢᠨᠡᠭᠠᠳ ᠰᠦᠯᠡᠵᠤ ᠤᠤᠭᠤᠬᠤ ᠪᠤᠶᠤ ᠰᠦ ᠬᠢᠭᠦ ᠦᠭᠡᠢ ᠪᠠᠷ ᠬᠠᠷ᠎ᠡ ᠴᠠᠢ ᠤᠤᠭᠤᠳᠠᠭ᠃ ᠭᠦᠭᠡ ᠴᠠᠢ ᠶᠢᠨ ᠭᠠᠳᠠᠷ ᠪᠠᠶᠢᠳᠠᠯ᠂ ᠦᠩᠭᠡ ᠪᠠᠷ ᠨᠢ ︽ᠭᠡᠪ ᠤᠨ ᠴᠠᠢ︾᠂ ︽ᠬᠠᠷ᠎ᠡ ᠴᠠᠢ︾ ᠂ ︽ᠬᠠᠪᠳᠠᠰᠤᠨ ᠴᠠᠢ︾ ᠭᠡᠭᠦ ᠮᠡᠳᠤ ᠪᠠᠷ ᠨᠤᠳᠤᠭ ᠨᠤᠳᠤᠭ ᠤᠨ ᠬᠢᠨ ᠦᠭᠡᠷ᠎ᠡ ᠦᠭᠡᠷ᠎ᠡ ᠪᠠᠷ ᠨᠡᠷᠡᠯᠡᠳᠡᠭ ᠶᠤᠮ᠃ ᠴᠢᠨᠠᠵᠤ ᠢᠳᠡᠭᠡᠰᠢᠭᠦᠯᠦᠭᠰᠡᠨ ᠬᠠᠷ᠎ᠡ ᠴᠠᠢ ᠳᠠᠭᠠᠨ ᠰᠦ ᠨᠡᠶᠢᠯᠡᠭᠦᠯᠵᠦ ᠬᠢᠭᠰᠡᠨ ᠢ ᠰᠦ ᠲᠠᠢ ᠴᠠᠢ ᠭᠡᠳᠡᠭ᠃ ︽ᠮᠤᠩᠭᠤᠯᠴᠤᠳ ᠴᠠᠢ ᠶᠢ ᠬᠠᠮᠤᠭ ᠭᠦᠨᠳᠤᠳᠭᠡᠯ ᠲᠠᠢ ᠤᠮᠳᠠᠭᠠᠨ ᠢᠶᠠᠷ ᠦᠵᠡᠵᠤ ᠳᠡᠭᠡᠳᠤᠯᠡᠳᠡᠭ᠃ ᠰᠦ ᠲᠠᠢ ᠴᠠᠢ ᠶᠢ ᠤᠮᠳᠠᠭᠠᠰᠬᠤ ᠦᠶ᠎ᠡ ᠳᠡᠭᠡᠨ ᠯᠠ ᠤᠤᠭᠤᠳᠠᠭ ᠪᠢᠰᠢ᠂ ᠬᠠᠷᠢᠨ ᠴᠠᠢ ᠳᠠᠭᠠᠨ ᠬᠤᠷᠤᠳ᠂ ᠰᠢᠷ᠎ᠡ ᠳᠤᠰᠤ᠂ ᠦᠷᠦᠮ᠎ᠡ᠂ ᠵᠦᠭᠡᠭᠡᠢ ᠮᠡᠳᠤ ᠶᠢᠨ ᠴᠠᠭᠠᠨ ᠢᠳᠡᠭᠡᠨ ᠬᠢᠭᠦ ᠪᠠ ᠮᠢᠬ᠎ᠠ ᠪᠤᠷᠴᠠ ᠡᠰᠡᠭᠦᠯ᠎ᠡ ᠪᠤᠤᠪᠤ ᠪᠤᠭᠤᠷᠰᠤᠭ ᠵᠡᠷᠭᠡ ᠢᠳᠡᠭᠡᠨ ᠲᠠᠢ ᠬᠠᠮᠳᠤ ᠤᠤᠭᠤᠳᠠᠭ᠃ ᠡᠶᠢᠮᠤ ᠠᠴᠠ ᠴᠠᠢ ᠤᠤᠭᠤᠬᠤ ᠨᠢ ᠪᠠᠷᠤᠭ ᠬᠤᠭᠤᠯᠠ ᠢᠳᠡᠭᠰᠡᠨ ᠲᠠᠢ ᠠᠳᠠᠯᠢ ᠶᠤᠮ᠃ ᠳᠡᠷᠡᠴᠢᠯᠡᠨ ᠴᠠᠢ ᠪᠠᠨ ᠠᠭᠠᠵᠢᠮ ᠳᠠᠯᠪᠢᠵᠤ ᠤᠤᠭᠤᠳᠠᠭ ᠠᠴᠠ ᠬᠠᠯᠠᠭᠤᠨ ᠴᠠᠢ ᠳᠤ ᠳᠠᠪᠳᠦᠭᠰᠡᠨ ᠢᠳᠡᠭᠡᠨ ᠨᠢ ᠠᠯᠭᠤᠷ ᠵᠠᠳᠠᠷᠠᠨ ᠠᠭᠤᠰᠴᠤ ᠤᠯᠠᠮ ᠴᠤ ᠠᠮᠳᠠ ᠰᠢᠮᠳᠠ ᠲᠠᠢ ᠪᠤᠯᠳᠠᠭ ᠪᠠᠶᠢᠨ᠎ᠡ᠃ ᠶᠠᠭ ᠡᠶᠢᠮᠤ ᠠᠴᠠ ᠰᠦ ᠲᠠᠢ ᠴᠠᠢ ᠨᠢ ᠰᠢᠮ᠎ᠡ ᠭᠦᠴᠦᠨ ᠢᠶᠠᠷ ᠳᠡᠭᠦᠯᠳᠡᠷ ᠪᠠᠶᠢᠵᠤ᠂ ᠦᠯ ᠳᠠᠷᠤᠬᠤ᠂ ᠤᠮᠳᠠᠭᠠᠰᠤᠯ ᠢ ᠬᠠᠷᠢᠭᠤᠯᠬᠤ ᠪᠠᠷ ᠦᠯᠦ ᠪᠠᠷᠡᠮ ᠴᠤᠭ ᠰᠦᠯᠳᠠ ᠶᠢ ᠰᠠᠷᠭᠦᠭᠡᠨ᠂ ᠬᠤᠳᠤᠭᠤᠳᠤ ᠭᠡᠳᠡᠰᠤᠨ ᠤ ᠠᠵᠢᠯᠯᠠᠭ᠎ᠠ ᠶᠢ ᠰᠠᠶᠢᠵᠢᠷᠠᠭᠤᠯᠬᠤ᠂ ᠭᠡᠢ ᠰᠢᠷ᠎ᠡ ᠶᠢ ᠳᠠᠷᠤᠵᠤ ᠰᠢᠩᠭᠡᠭᠡᠯᠳᠡ ᠶᠢ ᠳᠦᠷᠭᠡᠳᠭᠡᠭᠦ᠂ ᠴᠢᠰᠤᠨ ᠤ ᠡᠷᠬᠢᠯᠳᠡ ᠶᠢ ᠰᠠᠶᠢᠵᠢᠷᠠᠭᠤᠯᠬᠤ᠂ ᠦᠭᠡᠭᠦ ᠶᠢ ᠵᠠᠳᠠᠷᠠᠭᠤᠯᠬᠤ ᠵᠡᠷᠭᠡ ᠤᠯᠠᠨ ᠢᠳᠡᠪᠬᠢ ᠦᠢᠯᠡᠳᠤᠯ ᠲᠠᠢ ᠶᠤᠮ᠃ ᠴᠠᠢ ᠪᠤᠯ ᠠᠷᠢᠬᠢ ᠪᠤᠳᠠᠭ᠎ᠠ ᠲᠠᠢ ᠲᠠᠭᠠᠷᠠᠬᠤ ᠦᠭᠡᠢ ᠂ ᠠᠷᠪᠢᠨ ᠤᠤᠭᠤᠭᠰᠠᠨ ᠴᠤ ᠪᠠᠶ᠎ᠡ ᠰᠠᠳᠬᠢᠯ ᠳᠤ ᠭᠡᠮ ᠪᠤᠯᠳᠠᠭ ᠦᠭᠡᠢ ᠬᠠᠷᠢᠨ ᠰᠢᠨ᠎ᠡ ᠬᠠᠭᠤᠴᠢᠨ ᠤ ᠰᠤᠯᠢᠭᠳᠠᠯ ᠢ ᠡᠷᠴᠢᠮᠵᠢᠭᠦᠯᠦᠨ᠂ ᠴᠤᠭ ᠵᠢᠪᠬᠤᠭ᠎ᠠ ᠶᠢ ᠰᠡᠷᠭᠦᠭᠡᠳᠡᠭ︾᠂ ᠮᠦᠨ ᠴᠤ ︽ᠬᠠᠷ᠎ᠡ ᠴᠤ ᠭᠡᠰᠡᠨ ᠬᠠᠭᠠᠨ ᠤ ᠷᠠᠰᠢᠶᠠᠨ᠂ ᠪᠤᠷᠤ ᠴᠤ ᠭᠡᠰᠡᠨ ᠪᠤᠭᠳᠠ ᠶᠢᠨ ᠷᠡᠰᠢᠶᠠᠨ︾ ᠭᠡᠮᠡᠨ ᠴᠠᠢ ᠶᠢ ᠮᠤᠩᠭᠤᠯᠴᠤᠳ ᠳᠡᠭᠡᠳᠤᠯᠡᠳᠡᠭ ᠨᠢ ᠴᠠᠭᠠᠨ᠎ᠡ ᠪᠠᠨ ᠭᠦᠨ ᠤᠴᠢᠷ ᠲᠠᠢ ᠪᠠᠶᠢᠵᠡᠢ᠃ ᠰᠦ ᠲᠠᠢ ᠴᠠᠢ ᠨᠢ ᠮᠤᠩᠭᠤᠯᠴᠤᠳ ᠤᠨ ᠤᠷᠤᠰᠢᠨ ᠠᠮᠢᠳᠤᠷᠠᠵᠤ ᠪᠠᠶᠢᠭ᠎ᠠ ᠪᠠᠶᠢᠭᠠᠯᠢ ᠤᠷᠴᠢᠨ᠂ ᠠᠮᠢᠳᠤᠷᠠᠯ ᠠᠬᠤᠢ ᠳᠤ ᠳᠤᠬᠢᠷᠠᠭᠰᠠᠨ ᠤᠮᠳᠠᠭᠠᠨ ᠪᠠᠶᠢᠵᠤ᠂ ᠭᠦᠢᠳᠡᠨ ᠳᠤ ᠪᠠᠶ᠎ᠡ ᠶᠢ ᠳᠤᠯᠠᠭᠠᠴᠠᠭᠤᠯᠬᠤ᠂ ᠤᠮᠳᠠ ᠳᠠᠶᠢᠯᠬᠤ᠂ ᠦᠯ ᠳᠠᠷᠤᠬᠤ ᠵᠡᠷᠭᠡ ᠴᠢᠳᠠᠯ ᠴᠢᠨᠠᠷ ᠲᠠᠢ ᠠᠴᠠ ᠭᠠᠳᠠᠨ᠎ᠡ ᠮᠤᠩᠭᠤᠯᠴᠤᠳ ᠮᠢᠬ᠎ᠠ ᠶᠡᠭᠡ ᠢᠳᠡᠳᠡᠭ ᠤᠴᠢᠷ ᠠᠴᠠ ᠭᠦᠭᠡ ᠴᠠᠢ ᠢᠯᠡᠭᠦᠦ ᠤᠤᠭᠤᠬᠤ ᠨᠢ ᠦᠭᠡᠭᠦ ᠶᠢ ᠰᠢᠩᠭᠡᠭᠡᠵᠤ᠂ ᠴᠢᠰᠤᠨ ᠤ ᠡᠷᠬᠢᠯᠳᠡ ᠶᠢ ᠰᠠᠶᠢᠵᠢᠷᠡᠭᠤᠯᠤᠨ ᠡᠪᠡᠳᠴᠢᠨ ᠢ ᠡᠰᠡᠷᠭᠦᠴᠡᠭᠦ ᠦᠢᠯᠡᠳᠤᠯ ᠲᠠᠢ ᠪᠠᠶᠢᠳᠠᠭ᠃ ᠡᠭᠦᠨ ᠤ ᠳᠠᠭᠠᠤ ᠳᠤ ᠤᠷᠴᠢᠮ ᠵᠢᠯ ᠤᠳ ᠸᠠᠰᠢᠩᠳᠤᠨ ᠶᠡᠭᠡ ᠰᠤᠷᠭᠠᠭᠤᠯᠢ ᠶᠢᠨ ᠮᠠᠶᠢᠺᠧᠷ ᠳ᠋ᠣᠺᠲ᠋ᠣᠷ ᠤᠨ ᠰᠤᠳᠤᠯᠭᠠᠨ ᠠᠴᠠ ᠦᠵᠡᠪᠡᠯ ᠬᠦᠬᠡ ᠴᠠᠢ ᠶᠢ ᠤᠳᠠᠭᠠᠨ ᠬᠤᠭᠤᠴᠠᠭ᠎ᠠ ᠬᠡᠲᠦᠷᠡᠲᠡᠯ᠎ᠡ ᠤᠤᠭᠤᠪᠠᠯ ᠶᠠᠰᠤ ᠰᠡᠶᠢᠷᠡᠭᠵᠢᠬᠦ ᠡᠪᠡᠳᠴᠢᠨ ᠢ ᠡᠭᠦᠰᠬᠡᠵᠤ ᠮᠡᠳᠡᠬᠦ ᠶᠤᠮ ᠭᠡᠰᠡᠨ ᠳᠤᠷᠠᠳᠤᠯᠭ᠎ᠠ ᠭᠠᠷᠭᠠᠵᠠᠢ᠃ ᠤᠴᠠᠷ ᠨᠢ ᠴᠠᠢ ᠶᠢᠨ ᠮᠤᠳᠤ ᠨᠢ ᠬᠤᠷ᠎ᠠ ᠪᠤᠷᠤᠭᠠᠨ ᠤ ᠰᠢᠮ᠎ᠡ ᠪᠠ ᠭᠠᠵᠠᠷ ᠤᠨ ᠬᠦᠷᠦᠰᠦᠨ ᠠᠴᠠ ᠶᠡᠭᠡ ᠬᠡᠮᠵᠢᠶᠡᠨ ᠤ ᠹᠧᠯᠤᠷ ᠢ ᠰᠢᠩᠭᠡᠭᠡᠨ ᠠᠪᠳᠠᠭ ᠠᠴᠠ ᠴᠠᠢ ᠶᠢᠨ ᠹᠧᠯᠤᠷ ᠠᠭᠤᠯᠤᠭᠳᠠᠴᠠ ᠶᠢ ᠨᠡᠮᠡᠭᠳᠡᠭᠦᠯᠳᠡᠭ ᠠᠴᠠ ᠹᠧᠯᠤᠷᠲᠤ ᠶᠠᠰᠤᠨ ᠤ ᠡᠪᠡᠳᠴᠢᠨ ᠢ ᠡᠭᠦᠰᠬᠡᠵᠤ ᠮᠡᠳᠡᠨ᠎ᠡ᠃ ᠤᠶᠢᠷ᠎ᠡ ᠶᠢᠨ ᠵᠢᠯ ᠤᠯᠤᠰ ᠤᠨ ᠳᠤᠲᠤᠭᠠᠲᠤ ᠶᠢᠨ ᠰᠤᠳᠤᠯᠭᠠᠨ ᠤ ᠪᠠᠶᠢᠴᠠᠭᠠᠯᠲᠠ ᠠᠴᠠ ᠦᠵᠡᠪᠡᠯ ᠬᠡᠪ ᠤᠨ ᠴᠠᠢ ᠶᠢᠨ ᠹᠧᠯᠤᠷ ᠠᠭᠤᠯᠤᠭᠳᠠᠴᠨ ᠨᠢ ᠪᠠᠷᠢᠮᠵᠢᠶ᠎ᠠ ᠠᠴᠠ ᠬᠡᠲᠤᠷᠡᠵᠤ᠂ ᠬᠡᠪ ᠤᠨ ᠴᠠᠢ ᠦᠷᠭᠦᠯᠵᠢ ᠤᠤᠭᠤᠳᠠᠭ ᠦᠪᠦᠷ ᠮᠤᠩᠭᠤᠯ ᠤᠷᠤᠨ ᠳᠤ ᠶᠠᠰᠤ ᠰᠡᠶᠢᠷᠡᠭᠵᠢᠬᠦ ᠡᠪᠡᠳᠴᠢᠨ ᠤᠯᠠᠰᠢᠷᠠᠭᠰᠠᠨ ᠪᠠᠶᠢᠨ᠎ᠠ᠃ ᠭᠡᠪᠡᠴᠤ ᠮᠤᠩᠭᠤᠯᠴᠤᠳ ᠰᠦ ᠴᠠᠭᠠᠨ ᠢᠳᠡᠭᠡ ᠡᠳᠡᠯᠡᠳᠡᠭ ᠪᠤᠯᠬᠤᠷ ᠬᠠᠷᠢᠨ ᠹᠧᠯᠤᠷ ᠤᠨ ᠬᠤᠤᠷᠲᠠᠯ ᠪᠠᠭ᠎ᠠ ᠪᠠᠶᠢᠳᠠᠭ᠃ ᠤᠷᠴᠢᠮ ᠤᠨ ᠵᠢᠯ ᠰᠤᠳᠤᠯᠤᠭᠴᠢᠳ ᠳᠤᠤᠷᠠᠲᠤ ᠹᠧᠯᠤᠷᠲᠤ ᠴᠠᠢ ᠶᠢ ᠤᠶᠢᠯᠳᠤᠭᠰᠡᠨ ᠲᠤᠯᠨ ᠡᠨᠡᠬᠦ ᠠᠰᠠᠭᠤᠳᠠᠯ ᠢ ᠰᠢᠢᠳᠪᠦᠷᠢᠯᠡᠭᠰᠡᠨ ᠪᠠᠶᠢᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号