ᠲᠠᠪᠤᠨ ︽ᠤᠳᠠᠭᠠᠨ︾᠎ ᠢ ᠲᠡᠪᠴᠢᠪᠡᠯ ᠡᠷᠡᠭᠦᠯ ᠡᠩᠭᠡ ᠣᠷᠳᠣ ᠨᠠᠰᠤᠯᠠᠨ᠎ᠠ
ᠨᠡᠶᠢᠲᠡᠯᠡᠭᠰᠡᠨ ᠴᠠᠭ᠄
2021/11/5
                 ᠪᠢᠳᠡᠭᠡᠢ ᠤᠳᠠᠭᠠᠨ ᠠᠯᠬᠤᠭᠠᠷᠠᠢ᠃ ᠵᠠᠷᠢᠮ ᠨᠠᠰᠤᠳᠠᠶᠢᠴᠤᠳ ᠢᠯᠡᠬᠦᠦ ᠠᠯᠬᠤᠪᠠᠯ ᠪᠡᠶ᠎ᠡ ᠮᠠᠬᠠᠪᠤᠳ ᠲᠤ ᠠᠰᠢᠭᠲᠠᠶ ᠭᠡᠵᠦ ᠦᠵᠡᠭᠡᠳ ᠦᠷᠭᠦᠯᠵᠢ ᠬᠡᠳᠦᠨ ᠲᠦᠮᠡᠨ ᠠᠯᠬᠤᠮ ᠢᠶᠠᠷ ︽ᠬᠡᠳᠦᠷᠡᠳᠡᠯ᠎ᠡ ᠠᠯᠬᠤᠵᠤ︾ ᠪᠠᠶᠢᠳᠠᠬ᠂ ᠡᠨᠡ ᠨᠢ ᠦᠨᠡᠨ ᠳᠡᠭᠡᠨ ᠰᠢᠨᠵᠢᠯᠡᠬᠦ ᠤᠬᠠᠭᠠᠨᠴᠢ ᠪᠢᠰᠢ ᠪᠦᠭᠡᠳ ᠴᠢᠨᠠᠬᠰᠢᠯᠠᠨ ᠦᠶ᠎ᠡ ᠭᠡᠰᠢᠭᠦᠦ ᠶᠢ ᠨᠢ ᠭᠡᠮᠲᠦᠭᠡᠵᠦ ᠮᠡᠳᠡᠨ᠎ᠡ᠃ ᠨᠠᠰᠤᠲᠠᠶᠢᠴᠤᠳ ᠲᠤ᠋ ᠠᠪᠴᠤ ᠬᠡᠯᠡᠪᠡᠯ᠂ ᠡᠳᠦᠷ ᠪᠦᠷᠢ ᠭᠤᠷᠪᠠ ᠳᠥᠷᠪᠡᠨ ᠮᠢᠩᠭᠠᠨ ᠠᠯᠬᠤᠮ ᠠᠯᠬᠤᠪᠠᠯ ᠲᠣᠬᠢᠷᠠᠮᠵᠢᠲᠠᠶ ᠪᠦᠭᠡᠳ ᠬᠡᠲᠦ ᠲᠦᠷᠭᠡᠨ ᠠᠯᠬᠤᠬᠰᠠᠨ ᠤ ᠬᠡᠷᠡᠭ ᠦᠭᠡᠢ᠃ ᠶᠠᠳᠠᠷᠠᠪᠠᠯ ᠲᠡᠷᠡ ᠲᠤᠤᠷ᠎ᠠ ᠪᠠᠨ ᠠᠯᠬᠤᠬᠤ ᠪᠠᠨ ᠵᠤᠬᠰᠤᠵᠤ ᠠᠮᠠᠷᠠᠬᠤ ᠬᠡᠷᠡᠭᠲᠡᠶ᠃ ᠪᠢᠳᠡᠬᠡᠢ ᠤᠳᠠᠭᠠᠨ ᠵᠤᠬᠰᠤᠭᠠᠷᠠᠢ᠃ ᠨᠠᠰᠤᠳᠠᠶᠢᠴᠤᠳ ᠬᠡᠳᠦ ᠤᠳᠠᠭᠠᠨ ᠴᠠᠬ ᠢᠶᠠᠷ ᠵᠤᠬᠰᠤᠪᠠᠯ ᠬᠥᠯ ᠤᠨ ᠴᠢᠰᠤᠨ ᠤ ᠡᠷᠭᠢᠯᠲᠡ ᠳᠤᠨᠢ ᠠᠰᠢᠭ ᠦᠭᠡᠢ ᠪᠦᠭᠡᠳ ᠴᠢᠨᠠᠬᠰᠢᠯᠠᠨ ᠨᠠᠮᠵᠢᠭᠤᠨ ᠰᠤᠳᠠᠯ ᠬᠦᠷᠪᠠᠶᠢᠬᠦ ᠡᠪᠡᠳᠴᠢᠨ ᠤᠯᠵᠤ ᠮᠡᠳᠡᠨ᠎ᠡ᠃ ᠤᠨᠴᠠᠭᠠᠶᠢᠯᠠᠨ ︽ᠴᠢᠰᠤᠨ ᠦᠭᠡᠭᠦ ᠴᠢᠰᠤᠨ ᠲᠠᠷᠤᠯᠳᠠ ᠴᠢᠰᠦᠨ ᠰᠢᠭᠢᠷ ᠥᠨᠳᠥᠷ︾ ᠨᠠᠰᠤᠳᠠᠶᠢᠴᠤᠳ ᠤᠳᠠᠭᠠᠨ ᠵᠣᠭᠰᠣᠪᠠᠯ ᠲᠠᠷᠢᠬᠢᠨ ᠴᠢᠰᠤᠨ ᠤ ᠬᠠᠩᠭᠠᠯᠲᠠ ᠨᠢ ᠬᠦ᠋ᠷᠦᠯᠴᠡᠬᠦ ᠦᠭᠡᠢ ᠪᠤᠯᠵᠤ᠂ ᠰᠠ ᠡᠪᠡᠳᠴᠢᠨ ᠡᠭᠦᠰᠭᠡᠵᠦ ᠮᠡᠳᠡᠨ᠎ᠡ᠃ ᠡᠶᠢᠮᠦ ᠠᠴᠠ ᠨᠠᠰᠤᠲᠠᠶᠢᠴᠤᠳ ᠵᠣᠭᠰᠣᠬᠤ ᠳᠠᠭᠠᠨ 20 ᠮᠢᠨᠦ᠋ᠲ ᠠᠴᠠ ᠬᠡᠲᠦᠷᠡᠵᠦ ᠪᠣᠯᠬᠤ ᠦᠭᠡᠢ᠂ ᠡᠳᠦᠷ ᠪᠦᠷᠢ ᠤᠨᠲᠠᠬᠤ ᠠᠴᠠ ᠪᠠᠨ ᠡᠮᠦᠨ᠎ᠡ ᠴᠢᠳᠠᠬᠤ ᠶᠢᠨ ᠲᠤᠳᠤᠷ᠎ᠠ ᠬᠥᠯ ᠢᠶᠠᠨ ᠤᠬᠢᠶᠠᠵᠤ ᠪᠠᠶᠢᠭᠠᠷᠠᠢ᠃ ᠪᠢᠲᠡᠭᠡᠶ ᠤᠳᠠᠭᠠᠨ ᠰᠠᠭᠤᠭᠠᠷᠠᠢ᠃ ᠵᠠᠷᠢᠮ ᠨᠠᠰᠤᠲᠠᠶᠢᠴᠤᠳ ᠲᠧᠯᠸᠢᠰ ᠦᠵᠡᠬᠦ᠂ ᠰᠢᠲᠠᠷ᠎ᠠ ᠨᠠᠭᠠᠳᠬᠤ ᠳᠤᠷᠠᠲᠠᠶ ᠪᠤᠯᠬᠤᠷ ᠰᠠᠨᠠᠮᠰᠠᠷ ᠦᠭᠡᠢ ᠪᠠᠷ ᠤᠳᠠᠭᠠᠨ ᠰᠠᠭᠤᠳᠠᠬ᠃ ᠤᠳᠠᠭᠠᠨ ᠰᠠᠭᠤᠬᠤ ᠨᠢ ᠠᠷᠤᠭ ᠶᠠᠰᠤᠨ ᠤ ᠬᠥᠳᠡᠯᠭᠡᠭᠡᠨ ᠤ ᠠᠵᠢᠯᠯᠠᠭᠠᠨ ᠤ ᠡᠷᠴᠢᠮ ᠪᠠ ᠳᠠᠪᠲᠠᠮᠵᠢ ᠶᠢ ᠶᠡᠭᠡ ᠪᠠᠷ ᠪᠠᠭᠤᠷᠠᠭᠤᠯᠵᠤ᠂ ᠶᠠᠰᠤᠨ ᠤ ᠡᠳ᠋ ᠰᠡᠶᠢᠷᠡᠭᠵᠢᠬᠦ ᠠᠬᠢᠴᠠ ᠶᠢ ᠲᠦᠷᠭᠡᠳᠬᠡᠳᠡᠭ᠃ ᠤᠳᠠᠭᠠᠨ ᠰᠠᠭᠤᠬᠤ ᠨᠢ ᠪᠠᠰᠠ ᠬᠦᠵᠦᠭᠦᠨ ᠬᠡᠰᠡᠭ ᠤᠨ ᠪᠤᠯᠴᠢᠩ ᠪᠠ ᠬᠦᠵᠦᠭᠦᠦ ᠰᠡᠭᠡᠷ ᠢ ᠤᠷᠳᠤ ᠬᠤᠭᠤᠴᠠᠭ᠎ᠠ ᠪᠠᠷ ᠲᠣᠭᠲᠠᠮᠠᠯ ᠪᠠᠶᠢᠷᠢᠨ ᠳᠤ ᠪᠠᠶᠢᠯᠭᠠᠳᠠᠬ ᠠᠴᠠ ᠪᠤᠯᠵᠤ ᠲᠣᠯᠣᠭᠠᠢ ᠡᠪᠡᠳᠬᠦ ᠪᠠ ᠬᠦᠵᠦᠭᠦᠦ ᠰᠡᠭᠡᠷ ᠤᠨ ᠡᠪᠡᠳᠴᠢᠨ ᠢ ᠡᠭᠦᠰᠭᠡᠳᠡᠭ᠃ ᠡᠶᠢᠮᠦ ᠠᠴᠠ ᠨᠠᠰᠤᠳᠠᠶᠢᠴᠤᠳ ᠮᠠᠨᠢ ᠬᠠᠭᠠᠰ ᠴᠠᠭ ᠰᠠᠭᠤᠪᠠᠯ ᠪᠣᠰᠴᠤ ᠵᠣᠭᠰᠣᠭᠠᠳ 3 ~ 5 ᠮᠢᠨᠦ᠋ᠲ ᠤᠨ ᠬᠥᠳᠡᠯᠭᠡᠭᠡᠨ ᠬᠢᠵᠦ ᠪᠠᠶᠢᠭᠠᠷᠠᠢ᠃ ᠪᠢᠲᠡᠭᠡᠶ ᠤᠳᠠᠭᠠᠨ ᠬᠡᠪᠲᠡᠬᠡᠷᠡᠢ᠃ ᠣᠯᠠᠩᠬᠢ ᠨᠠᠰᠤᠲᠠᠶᠢᠴᠤᠳ ᠤᠨ ᠴᠢᠰᠤᠨ ᠤ ᠡᠷᠭᠢᠯᠲᠡ ᠨᠢ ᠮᠠᠭᠤᠳᠠᠬᠰᠠᠨ ᠪᠤᠯᠬᠤᠷ ᠤᠳᠠᠭᠠᠨ ᠬᠡᠪᠲᠡᠪᠡᠯ ᠠᠷᠠᠰᠤ ᠨᠢ ᠤᠯᠠᠶᠢᠬᠤ ᠪᠤᠶᠤ ᠢᠯᠵᠢᠷᠡᠳᠡᠭ᠃ ᠤᠳᠠᠭᠠᠨ ᠬᠡᠪᠲᠡᠪᠡᠯ ᠪᠠᠰᠠ ᠪᠤᠯᠴᠢᠩ ᠠᠪᠴᠢᠵᠤ᠂ ᠬᠤᠷᠭᠤᠰᠣᠯᠠᠬᠤ ᠠᠶᠤᠯ ᠲᠠᠢ ᠪᠠᠶᠢᠳᠠᠬ᠃ ᠬᠡᠷᠪᠡ ᠡᠪᠡᠳᠴᠢᠨ ᠤ ᠰᠢᠯᠲᠠᠭᠠᠨ ᠠᠴᠠ ᠪᠣᠯᠵᠤ ᠤᠳᠠᠭᠠᠨ ᠬᠡᠪᠲᠡᠬᠦ ᠳᠤ ᠬᠦᠷᠪᠡᠯ᠂ ᠶᠠᠷ᠎ᠠ ᠭᠠᠷᠬᠤ ᠠᠴᠠ ᠬᠢᠴᠢᠶᠡᠵᠦ᠂ ᠬᠡᠶᠢᠲᠦ ᠳᠡᠪᠢᠰᠬᠡᠷ ᠬᠡᠷᠡᠭᠯᠡᠵᠦ ᠪᠣᠯᠤᠨ᠎ᠠ᠂ ᠡᠶᠢᠮᠦ ᠳᠡᠪᠢᠰᠬᠡᠷ ᠨᠢ ᠪᠡᠶ᠎ᠡ ᠶᠢᠨ ᠬᠡᠰᠡᠭ ᠭᠠᠵᠠᠷ ᠲᠤ ᠬᠦᠴᠦᠳᠡᠢ ᠳᠠᠷᠤᠯᠲᠠ ᠦᠭᠴᠦ᠂ ᠴᠢᠰᠤᠨ ᠤ ᠡᠷᠭᠢᠯᠲᠡ ᠶᠢ ᠰᠠᠶᠢᠵᠢᠷᠠᠭᠤᠯᠳᠠᠬ᠂ ᠡᠶᠢᠮᠦ ᠠᠴᠠ ᠬᠡᠶᠢᠲᠦ ᠳᠡᠪᠢᠰᠬᠡᠷ ᠨᠢ ᠬᠥᠪᠥᠩ ᠳᠡᠪᠢᠰᠬᠡᠷ ᠢ ᠪᠤᠳᠤᠪᠠᠯ ᠬᠡᠢ ᠨᠡᠪᠲᠡᠷᠡᠬᠦ ᠴᠢᠨᠠᠷ ᠢᠶᠠᠷ ᠰᠠᠶᠢᠨ ᠪᠠᠶᠢᠳᠠᠭ ᠶᠤᠮ᠃ ᠪᠢᠳᠡᠭᠡᠢ ᠤᠳᠠᠭᠠᠨ ᠦᠵᠡᠬᠡᠷᠡᠢ᠃ ᠨᠠᠰᠤᠲᠠᠶᠢᠴᠤᠳ ᠨᠢᠳᠦ ᠪᠠᠨ ᠬᠡᠲᠦᠷᠬᠡᠶ ᠬᠡᠷᠡᠭᠯᠡᠪᠡᠯ᠂ ᠬᠠᠷᠠᠭ᠎ᠠ ᠪᠠᠯᠠᠷᠠᠬᠤ᠂ ᠨᠢᠳᠦ ᠬᠠᠭᠤᠷᠠᠶᠢᠰᠢᠬᠤ᠂ ᠬᠠᠷᠠᠭᠠᠨ ᠮᠡᠳᠡᠷᠡᠯ ᠭᠡᠮᠲᠦᠬᠦ᠂ ᠰᠢᠷ᠎ᠠ ᠲᠣᠯᠪᠣᠲᠤ ᠡᠪᠡᠳᠴᠢᠨ ᠤᠯᠬᠤ ᠵᠡᠷᠭᠡ ᠪᠠᠶᠢᠳᠠᠯ ᠢᠯᠡᠷᠡᠳᠡᠭ᠃ ᠡᠶᠢᠮᠦ ᠠᠴᠠ ᠤᠳᠠᠭᠠᠨ ᠲᠧᠯᠸᠢᠰ ᠦᠵᠡᠬᠦ ᠪᠤᠶᠤ ᠨᠣᠮ ᠦᠵᠡᠵᠦ ᠪᠣᠯᠬᠤ ᠦᠭᠡᠢ᠂ 20 ᠮᠢᠨᠦ᠋ᠲ ᠪᠣᠯᠬᠤ ᠪᠦᠷᠢ ᠬᠠᠷᠠᠭ᠎ᠠ ᠪᠠᠨ ᠰᠢᠯᠵᠢᠭᠦᠯᠬᠦ ᠪᠤᠶᠤ ᠲᠦᠷ ᠨᠢᠳᠦ ᠪᠠᠨ ᠠᠨᠢᠵᠤ᠂ 5 ᠰᠧᠺᠦ᠋ᠨ᠋ᠳ᠋ ᠥᠩᠭᠡᠷᠡᠪᠡᠯ ᠰᠠᠶ᠋ᠢ ᠨᠢᠳᠦ ᠪᠠᠨ ᠨᠡᠭᠡᠭᠡᠷᠠᠢ᠃ ᠡᠳᠦᠷ ᠲᠣᠲᠤᠮ ᠤᠨ ᠠᠮᠢᠳᠤᠷᠠᠯ ᠳᠤᠮᠳᠠ᠂ ᠨᠢᠳᠦ ᠪᠠᠨ ᠦᠷᠭᠦᠯᠵᠢ ᠠᠨᠢᠪᠴᠢᠵᠤ᠂ ᠨᠢᠳᠦᠨ ᠪᠤᠯᠴᠢᠩ ᠢᠶᠠᠨ ᠪᠣᠯᠪᠠᠰᠤᠷᠠᠭᠤᠯᠵᠦ ᠪᠠᠶᠢᠭᠠᠷᠠᠢ︔ ᠪᠠᠰᠠ ᠨᠢᠳᠦᠨ ᠪᠠᠨ ᠳᠡᠭᠡᠭᠰᠢ᠂ ᠳᠣᠷᠣᠭᠰᠢ᠂ ᠵᠡᠭᠦᠨᠰᠢ᠂ ᠪᠠᠷᠠᠭᠤᠨᠰᠢ ᠡᠷᠭᠢᠯᠳᠦᠭᠦᠯᠬᠦ ᠬᠦᠳᠡᠯᠭᠡᠭᠡᠨ ᠬᠢᠬᠡᠷᠡᠢ᠃ ᠨᠠᠰᠤᠲᠠᠶᠢᠴᠤᠳ ᠪᠠᠰᠠ ᠶᠡᠷᠦ ᠶᠢᠨ ᠦᠶ᠎ᠡ ᠳᠡᠭᠡᠨ ᠤᠳᠪᠠᠯᠠ ᠴᠡᠴᠡᠭ ᠱᠢᠷᠦᠨ ᠤᠨᠵᠢᠯᠭ᠎ᠠ ᠲᠠᠢ ᠬᠠᠷ᠎ᠠ ᠴᠠᠢ ᠤᠤᠭᠤᠵᠤ ᠡᠯᠢᠭᠡᠨ ᠬᠠᠯᠠᠭᠤᠨ ᠢ ᠠᠷᠢᠯᠭᠠᠨ ᠨᠢᠳᠤ ᠪᠠᠨ ᠬᠠᠮᠠᠭᠠᠯᠠᠬᠤ ᠶᠢ ᠬᠢᠴᠢᠶᠡᠭᠡᠷᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号