ᠡᠯᠧᠺᠳ᠋ᠷᠤᠨ ᠲᠠᠮᠠᠬᠢ ᠵᠢᠷᠦᠬᠡᠨ ᠡᠪᠡᠳᠴᠢᠨ ᠤ ᠲᠦᠭᠰᠢᠭᠦᠷᠢ ᠶᠢ ᠨᠡᠮᠡᠭᠳᠡᠭᠦᠯᠬᠦ ᠪᠣᠯᠤᠯᠴᠠᠭ᠎ᠠ ᠲᠠᠢ
ᠨᠡᠶᠢᠲᠡᠯᠡᠭᠰᠡᠨ ᠴᠠᠭ᠄
2021/11/5
           ᠰᠢᠨᠬᠤᠸᠠ ᠬᠤᠷᠢᠶᠠᠨ ᠤ ᠸᠠᠰᠢᠩᠲ᠋ᠣᠨ ᠤ 5 ᠰᠠᠷ᠎ᠠ ᠶᠢᠨ 27᠎ ᠤ ᠡᠳᠦᠷ ᠤᠨ ᠮᠡᠳᠡᠭᠡ ︵ᠰᠤᠷᠪᠤᠯᠵᠢᠯᠠᠭᠴᠢ ᠵᠧᠤ ᠵᠧᠤ︶ ᠠᠮᠧᠷᠢᠺᠠ ᠶᠢᠨ ᠬᠠᠮᠤᠭ ᠤᠨ ᠰᠢᠨ᠎ᠡ ᠨᠢᠭᠡᠨ ᠰᠤᠳᠤᠯᠭᠠᠨ ᠳᠤ᠂ ᠡᠯᠧᠺᠳ᠋ᠷᠤᠨ ᠲᠠᠮᠠᠬᠢᠨ ᠤ ᠠᠩᠬᠢᠯᠤᠮ᠎ᠠ ᠦᠨᠦᠷᠳᠦ ᠰᠢᠩᠭᠡᠨ ᠪᠡᠶᠡᠳᠦ ᠨᠢ ᠳᠣᠲᠣᠷ ᠬᠠᠯᠢᠰᠤᠨ ᠤ ᠡᠰ ᠤᠨ ᠴᠢᠳᠠᠮᠵᠢ ᠶᠢ ᠡᠪᠳᠡᠬᠦ ᠶᠢᠨ ᠤᠯᠠᠮ ᠢᠶᠠᠷ ᠵᠢᠷᠦᠬᠡᠨ ᠡᠪᠡᠳᠴᠢᠨ ᠤ ᠲᠦᠭᠰᠢᠭᠦᠷᠢ ᠶᠢ ᠨᠡᠮᠡᠭᠳᠡᠭᠦᠯᠵᠦ ᠮᠡᠳᠡᠨ᠎ᠡ ᠬᠡᠳᠡᠭ ᠢ ᠢᠯᠡᠷᠡᠬᠦᠯᠵᠡᠢ᠃ ᠰᠲ᠋ᠠᠨᠹᠤᠷᠳ᠋ ᠶᠡᠭᠡ ᠰᠤᠷᠭᠠᠭᠤᠯᠢ ᠶᠢᠨ ᠠᠨᠠᠭᠠᠬᠤ ᠤᠬᠠᠭᠠᠨ ᠤ ᠳᠡᠭᠡᠳᠦ ᠰᠤᠷᠭᠠᠭᠤᠯᠢ ᠵᠡᠷᠭᠡ ᠪᠠᠶᠢᠭᠤᠯᠤᠮᠵᠢ ᠶᠢᠨ ᠰᠤᠳᠤᠯᠭᠠᠨ ᠤ ᠠᠵᠢᠯᠲᠠᠨ 27᠎ ᠤ ᠡᠳᠦᠷ ︽ᠠᠮᠧᠷᠢᠺᠠ ᠶᠢᠨ ᠵᠢᠷᠦᠬᠡᠨ ᠡᠪᠡᠳᠴᠢᠨ ᠤ ᠰᠢᠨᠵᠢᠯᠡᠭᠡᠨ ᠤ ᠨᠡᠶᠢᠭᠡᠮᠯᠢᠭ ᠤᠨ ᠰᠡᠳᠬᠦᠯ︾ ᠳᠡᠭᠡᠷ᠎ᠡ ᠮᠡᠳᠡᠭᠦᠯᠦᠯᠲᠡ ᠨᠡᠶᠢᠳᠡᠯᠡᠵᠦ ᠬᠡᠯᠡᠬᠦ ᠳᠡᠭᠡᠨ᠂ ᠲᠡᠳᠡ ᠬᠥᠮᠥᠨ ᠲᠥᠷᠥᠯᠬᠢᠲᠡᠨ ᠤ ᠣᠯᠠᠨ ᠴᠢᠳᠠᠮᠵᠢᠲᠤ ᠰᠲ᠋ᠧᠮ ᠡᠰ ᠢ ᠦᠳᠦᠭᠡᠵᠦ ᠪᠠᠶᠢᠭᠠᠳ ᠳᠣᠲᠣᠷ ᠬᠠᠯᠢᠰᠤᠨ ᠤ ᠡᠰ ᠢ ᠪᠤᠶᠢᠵᠢᠭᠤᠯᠵᠤ᠂ ᠨᠢᠺᠣᠲ᠋ᠢᠨ ᠠᠭᠤᠯᠤᠭᠰᠠᠨ ᠪᠤᠶᠤ ᠨᠢᠺᠣᠲ᠋ᠢᠨ ᠡᠰᠡ ᠠᠭᠤᠯᠤᠭᠰᠠᠨ 6 ᠵᠦᠢᠯ ᠤᠨ ᠠᠳᠠᠯᠢ ᠪᠤᠰᠤ ᠬᠡᠯᠪᠡᠷᠢ ᠶᠢᠨ ᠦᠷᠭᠦᠯᠵᠢ ᠬᠠᠷᠠᠭᠳᠠᠳᠠᠭ ᠡᠯᠧᠺᠳ᠋ᠷᠤᠨ ᠲᠡᠮᠡᠬᠢᠨ ᠤ ᠰᠢᠩᠭᠡᠨ ᠪᠡᠶᠡᠳᠦ ᠲᠠᠢ ᠬᠦᠷᠦᠯᠴᠡᠭᠦᠯᠭᠦ ᠲᠤᠷᠰᠢᠯᠳᠠ ᠬᠢᠵᠡᠢ᠃ ᠳᠣᠲᠣᠷ ᠬᠠᠯᠢᠰᠤᠨ ᠤ ᠡᠰ ᠪᠣᠯ ᠵᠢᠷᠦᠬᠡ᠂ ᠴᠢᠰᠤᠨ ᠰᠤᠳᠠᠯ ᠪᠠ ᠯᠢᠮᠹᠠ ᠶᠢᠨ ᠰᠤᠳᠠᠰᠤᠨ ᠤ ᠥᠩᠭᠡᠨ ᠲᠠᠯ᠎ᠠ ᠶᠢᠨ ᠭᠤᠣᠯ ᠡᠰ ᠤᠨ ᠨᠢᠭᠡᠨ ᠵᠦᠢᠯ ᠤᠨ ᠲᠥᠷᠥᠯ ᠬᠡᠯᠪᠡᠷᠢ ᠪᠣᠯᠤᠨ᠎ᠠ᠃ ᠦᠷ᠎ᠡ ᠳ᠋ᠦᠩ ᠠᠴᠠ ᠨᠢ ᠠᠪᠴᠦ ᠦᠵᠡᠪᠡᠯ᠂ ᠵᠢᠭᠠᠷᠲᠤ ᠭᠠᠪᠢᠷ᠎ᠠ ᠶᠢᠨ ᠦᠨᠦᠷ ᠪᠠ ᠪᠠᠳᠷᠠᠰᠢ ᠶᠢᠨ ᠠᠯᠺᠤᠤᠯ ᠤᠨ ᠦᠨᠦᠷ ᠲᠠᠢ ᠡᠯᠧᠺᠳ᠋ᠷᠤᠨ ᠲᠡᠮᠡᠬᠢᠨ ᠤ ᠰᠢᠩᠭᠡᠨ ᠪᠡᠶᠡᠳᠦ ᠳᠤ ᠬᠦᠷᠦᠯᠴᠡᠭᠰᠡᠨ ᠤ ᠳᠠᠷᠠᠭ᠎ᠠ᠂ ᠨᠢᠺᠣᠲ᠋ᠢᠨ ᠠᠭᠤᠯᠬᠤ ᠦᠭᠡᠢ ᠴᠦ ᠭᠡᠰᠡᠨ ᠲᠣᠲᠣᠷ ᠬᠠᠯᠢᠰᠤᠨ ᠤ ᠡᠰ ᠤᠨ ᠠᠮᠢᠵᠢᠷᠠᠯ ᠤᠨ ᠬᠦᠴᠦᠨ ᠨᠢ ᠮᠡᠳᠡᠭᠳᠡᠮ᠎ᠡ ᠪᠠᠭᠤᠷᠠᠬᠤ ᠮᠦᠷᠳᠡᠭᠡᠨ ᠳᠣᠲᠣᠷ ᠬᠠᠯᠢᠰᠤᠨ ᠤ ᠡᠰ ᠤᠨ ᠬᠢᠯᠭᠠᠰᠤᠨ ᠰᠤᠳᠠᠯ ᠤᠨ ᠬᠡᠯᠪᠡᠷᠢᠲᠦ ᠭᠤᠤᠷᠰᠤᠯᠢᠭ ᠪᠦᠲᠦᠴᠡ ᠪᠤᠢ ᠪᠣᠯᠬᠤ ᠴᠢᠳᠠᠪᠤᠷᠢ ᠨᠢ ᠴᠦ ᠨᠥᠯᠥᠭᠡᠯᠡᠭᠳᠡᠵᠦ ᠪᠤᠢ᠂ ᠡᠶᠢᠮᠦ ᠪᠦᠲᠦᠴᠡ ᠨᠢ ᠰᠢᠨ᠎ᠡ ᠴᠢᠰᠤᠨ ᠰᠤᠳᠠᠯ ᠪᠤᠢ ᠪᠤᠯᠬᠤ ᠲᠠᠢ ᠬᠤᠯᠪᠣᠭ᠎ᠠ ᠲᠠᠢ ᠪᠠᠶᠢᠳᠠᠬ᠃ ᠪᠤᠰᠤᠳ ᠠᠩᠬᠢᠯᠤᠮ᠎ᠠ ᠦᠨᠦᠷᠲᠦ ᠬᠡᠯᠪᠡᠷᠢ ᠶᠢᠨ ᠰᠢᠩᠭᠡᠨ ᠪᠡᠶᠡᠳᠦ ᠨᠢ ᠪᠠᠰᠠ ᠳᠣᠲᠣᠷ ᠬᠠᠯᠢᠰᠤᠨ ᠤ ᠡᠰ ᠲᠤ ᠵᠣᠬᠢᠬᠤ ᠬᠡᠮᠵᠢᠶᠡᠨ ᠤ ᠬᠤᠤᠷᠳᠠᠭᠤᠯᠤᠯ ᠤᠴᠠᠷᠠᠭᠤᠯᠵᠦ ᠪᠤᠢ᠃ ᠵᠢᠭᠠᠷᠲᠤ ᠭᠠᠪᠢᠷ᠎ᠠ ᠶᠢᠨ ᠦᠨᠦᠷ ᠪᠠ ᠬᠡᠦᠷᠡᠰᠦ ᠰᠢᠬᠢᠷ ᠤᠨ ᠦᠨᠦᠷᠲᠦ ᠡᠪᠡᠰᠦᠨ ᠤ ᠦᠨᠦᠷ ᠲᠠᠢ ᠡᠯᠧᠺᠳ᠋ᠷᠤᠨ ᠲᠠᠮᠠᠬᠢᠨ ᠤ ᠰᠢᠩᠭᠡᠨ ᠪᠡᠶᠡᠳᠦ ᠨᠢ ᠪᠠᠰᠠ ᠳᠣᠲᠣᠷ ᠬᠠᠯᠢᠰᠤᠨ ᠤ ᠡᠰ ᠤᠨ ᠳᠣᠣᠷ᠎ᠠ ᠨᠢᠭᠲᠠᠴᠠᠳᠤ ᠥᠭᠡᠬᠦᠨ ᠤᠭᠤᠷᠠᠭ ᠪᠠ ᠥᠭᠡᠬᠦ ᠶᠢᠨ ᠵᠦᠢᠯ ᠢ ᠰᠢᠩᠭᠡᠭᠡᠨ ᠠᠪᠬᠤ ᠴᠢᠳᠠᠪᠤᠷᠢ ᠶᠢ ᠨᠡᠮᠡᠭᠳᠡᠭᠦᠯᠵᠦ ᠪᠠᠶᠢᠨ᠎ᠠ᠂ ᠡᠨᠡ ᠨᠢ ᠶᠡᠷᠦ ᠳᠡᠭᠡᠨ ᠳᠣᠲᠣᠷ ᠬᠠᠯᠢᠰᠤᠨ ᠤ ᠡᠰ ᠲᠤ ᠦᠷᠪᠢᠰᠦᠯ ᠡᠭᠦᠰᠬᠦ ᠪᠠ ᠠᠵᠢᠯᠯᠠᠭ᠎ᠠ ᠨᠢ ᠬᠡᠪ ᠤᠨ ᠪᠠᠶᠢᠳᠠᠯ ᠢᠶᠠᠨ ᠠᠯᠳᠠᠬᠤ ᠲᠠᠢ ᠬᠤᠯᠪᠣᠭ᠎ᠠ ᠲᠠᠢ ᠪᠠᠶᠢᠳᠠᠬ ᠪᠥᠭᠡᠳ ᠳᠣᠲᠣᠷ ᠬᠠᠯᠢᠰᠤᠨ ᠤ ᠡᠰ ᠤᠨ ᠰᠢᠷᠬ᠎ᠠ ᠶᠢ ᠵᠠᠰᠠᠬᠤ ᠴᠢᠳᠠᠪᠤᠷᠢ ᠶᠢ ᠪᠠᠭᠤᠷᠠᠭᠤᠯᠳᠠᠭ᠃ ᠡᠭᠦᠨ ᠠᠴᠠ ᠭᠠᠳᠠᠨ᠎ᠠ᠂ ᠡᠯᠧᠺᠳ᠋ᠷᠤᠨ ᠲᠡᠮᠡᠬᠢᠨ ᠤ ᠰᠢᠩᠭᠡᠨ ᠪᠡᠶᠡᠳᠦ ᠲᠠᠢ ᠬᠦᠷᠦᠯᠴᠡᠪᠡᠯ ᠪᠠᠰᠠ ᠬᠦᠴᠢᠯᠲᠥ᠋ᠷᠥᠭᠴᠢᠬᠦᠢ ᠪᠥᠭᠡᠮ ᠰᠢᠬᠢᠷ ᠤᠨ ᠪᠥᠭᠡᠮ ᠬᠦᠴᠢᠯ ︵D N A︶᠎ ᠢ ᠭᠡᠮᠲᠦᠭᠡᠬᠦ ᠪᠤᠶᠤ ᠡᠰ ᠤᠨ ᠦᠬᠦᠵᠢᠯ ᠲᠠᠢ ᠬᠠᠮᠢᠶᠠᠳᠠᠬᠤ ᠮᠣᠯᠧᠺᠦ᠋ᠯ ᠤᠨ ᠲᠦᠪᠰᠢᠨ ᠢ ᠢᠯᠡᠳᠲᠡ ᠳᠡᠭᠡᠭᠰᠢᠯᠡᠭᠦᠯᠬᠦ ᠪᠤᠯᠤᠨ᠎ᠠ ᠬᠡᠵᠡᠢ᠃ ᠰᠤᠳᠤᠯᠭᠠᠲᠠᠳ ᠠᠴᠠ ᠡᠯᠧᠺᠳ᠋ᠷᠤᠨ ᠲᠠᠮᠠᠬᠢ ᠨᠢ ᠮᠡᠬᠡᠯᠡᠬᠦ ᠴᠢᠨᠠᠷ ᠲᠠᠢ ᠪᠠᠶᠢᠳᠠᠬ ᠪᠣᠯᠬᠤᠷ ᠬᠥᠮᠦᠰ ᠢ ᠣᠬᠤᠷᠬᠠᠨ ᠬᠤᠭᠤᠴᠠᠭᠠᠨ ᠳᠤ ᠨᠠᠩ ᠥᠨᠳᠥᠷ ᠬᠢᠷᠢ ᠲᠦᠪᠰᠢᠨ ᠪᠦᠬᠦᠢ ᠨᠢᠺᠣᠲ᠋ᠢᠨ ᠲᠠᠢ ᠠᠮᠠᠷᠬᠠᠨ ᠤᠶᠢᠷᠠᠳᠤᠭᠤᠯᠵᠤ ᠪᠤᠢ᠃ ᠡᠳᠡᠭᠡᠷ ᠬᠢᠮᠢ ᠶᠢᠨ ᠪᠣᠳᠠᠰ ᠨᠢ ᠬᠦᠮᠦᠨ ᠤ ᠪᠡᠶ᠎ᠡ ᠶᠢᠨ ᠳᠣᠲᠣᠷ᠎ᠠ ᠡᠷᠭᠢᠯᠳᠦᠬᠦ ᠪᠦᠭᠡᠳ ᠵᠢᠷᠦᠬᠡ ᠴᠢᠰᠤᠨ ᠰᠤᠳᠠᠯ ᠤᠨ ᠡᠷᠡᠭᠦᠯ ᠮᠡᠨᠳᠦ ᠶᠢ ᠨᠥᠯᠥᠭᠡᠯᠡᠨ᠎ᠡ ᠬᠡᠳᠡᠭ ᠢ ᠡᠯᠧᠺᠳ᠋ᠷᠤᠨ ᠲᠠᠮᠠᠬᠢ ᠲᠠᠳᠠᠵᠦ ᠪᠠᠶᠢᠭ᠎ᠠ ᠬᠦᠮᠦᠰ ᠲᠠᠨᠢᠵᠤ ᠣᠯᠬᠤ ᠬᠡᠷᠡᠭᠲᠡᠶ ᠬᠡᠵᠦ ᠰᠡᠷᠡᠮᠵᠢᠯᠡᠬᠦᠯᠦᠭᠰᠡᠨ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号