| | | | ᠳᠤᠮᠳᠠᠳᠤ ᠤᠯᠤᠰ ᠤᠨ ᠰᠣᠨᠢᠨ ᠮᠡᠳᠡᠭᠡᠨ ᠤ ᠰᠦᠯᠵᠢᠶ᠎ᠡ ᠮᠡᠳᠡᠭᠡ ᠣᠷᠣᠰ ᠤᠨ ᠳᠠᠭᠠᠭᠤᠯᠢ ᠣᠳᠣᠨ ᠤ | ᠰᠦᠯᠵᠢᠶ᠎ᠡ ᠶᠢᠨ ᠮᠡᠳᠡᠭᠡᠯᠡᠯ ᠨᠢ ᠦᠨᠳᠦᠰᠦᠯᠡᠪᠡᠯ᠂ ᠧᠦ᠋ᠷᠣᠫᠠ ᠲᠢᠪ ᠤᠨ ᠵᠢᠷᠦᠬᠡᠨ ᠡᠪᠡᠳᠴᠢᠨ ᠤ ᠰᠢᠨᠵᠢᠯᠡᠭᠡᠨ ᠤ | ᠨᠡᠶᠢᠭᠡᠮᠯᠢᠭ ᠤᠨ ᠲᠤᠰᠬᠠᠶ ᠮᠡᠷᠭᠡᠵᠢᠯᠲᠡᠨ ︽ᠲᠦᠷᠭᠡᠨ ᠴᠢᠨᠠᠷᠲᠠᠶ ᠲᠢᠲᠢᠮᠯᠢᠭ ᠯᠤᠭᠰᠢᠭᠤᠨ ᠰᠤᠳᠠᠯ ᠤᠨ ᠨᠡᠶᠢᠯᠡᠭ | ᠬᠡᠮ ᠲᠠᠢ ᠡᠪᠡᠳᠴᠢᠲᠡᠨ ᠤ ᠡᠷᠡᠭᠦᠯ ᠪᠤᠰᠤ ᠦᠢᠯᠡ ᠠᠵᠢᠯᠯᠠᠭ᠎ᠠ︾ ᠶᠢ ᠦᠨᠡᠯᠡᠬᠦ ᠠᠩᠬᠠᠳᠠᠭᠴᠢ ᠰᠤᠳᠤᠯᠭᠠᠨ ᠤ | ᠰᠡᠷᠡᠮᠵᠢᠯᠡᠭᠦᠯᠦᠯ ᠢ ᠡᠰᠢᠯᠡᠵᠦ ᠬᠡᠯᠡᠬᠦ ᠳᠡᠭᠡᠨ᠂ ᠥᠷᠯᠥᠭᠡ ᠶᠢᠨ ᠬᠤᠭᠤᠯᠠ ᠢᠳᠡᠬᠦ ᠥᠬᠡᠶ ᠪᠠ ᠤᠨᠲᠠᠬᠤ ᠠᠴᠠ ᠪᠠᠨ | ᠡᠮᠦᠨ᠎ᠡ ᠣᠷᠣᠢ ᠶᠢᠨ ᠬᠤᠭᠤᠯᠠ ᠢᠳᠡᠪᠡᠯ ᠵᠢᠷᠦᠬᠡ ᠴᠢᠰᠤᠨ ᠰᠤᠳᠠᠯ ᠤᠨ ᠡᠪᠡᠳᠴᠢᠨ ᠳᠠᠬᠢᠨ ᠬᠥᠳᠡᠯᠬᠦ ᠪᠠ ᠡᠷᠲᠡ | ᠦᠬᠦᠬᠦ ᠲᠦᠭᠰᠢᠭᠦᠷᠢ ᠶᠢ 3 ᠠᠴᠠ 4 ᠳᠠᠬᠢᠨ ᠨᠡᠮᠡᠭᠳᠡᠭᠦᠯᠦᠨ᠎ᠡ ᠭᠡᠵᠡᠶ᠃ ᠮᠡᠳᠡᠭᠡᠯᠡᠯ ᠢ ᠦᠨᠳᠦᠰᠦᠯᠡᠪᠡᠯ᠂ | ᠪᠷᠠᠽᠢᠯ ᠤᠨ ᠰᠠᠨᠫᠧᠯᠤ ︵SaoPaulo︶ ᠵᠧᠤ ᠶᠢᠨ ᠶᠡᠭᠡ ᠰᠤᠷᠭᠠᠭᠤᠯᠢ ᠶᠢᠨ ᠨᠢᠭᠡᠨ ᠫᠷᠣᠹᠧᠰᠰᠣᠷ ᠵᠢᠭᠠᠵᠤ | ᠭᠠᠷᠭᠠᠭᠰᠠᠨ ᠢᠶᠠᠷ᠂ ᠠᠷᠪᠠᠨ ᠤ ᠨᠢᠭᠡ ᠬᠤᠪᠢ ᠶᠢᠨ S T ᠬᠡᠰᠡᠭ ᠤᠨ ᠥᠨᠳᠥᠷ ᠡᠷᠭᠦᠬᠦᠬᠡᠯᠪᠡᠷᠢ ᠶᠢᠨ ᠵᠢᠷᠦᠬᠡᠨ | ᠪᠤᠯᠴᠢᠩ ᠤᠨ ᠲᠦᠭᠵᠢᠷᠡᠯ ︵S T E M I︶ ᠤᠨ ᠡᠪᠡᠳᠴᠢᠲᠡᠨ ᠨᠢᠭᠡ ᠵᠢᠯ ᠤᠨ ᠳᠣᠲᠣᠷ᠎ᠠ ᠦᠬᠦᠳᠡᠭ᠂ | ᠭᠡᠬᠦ ᠳᠡᠭᠡᠨ ᠢᠳᠡᠭᠡᠨ ᠤᠮᠳᠠᠭᠠᠨ ᠢᠶᠠᠨ ᠠᠩᠬᠠᠷᠬᠤ ᠪᠣᠯ ᠡᠨᠡ ᠬᠦ ᠦᠷ᠎ᠡ ᠳ᠋ᠦᠩ ᠢ ᠰᠠᠶᠢᠵᠢᠷᠠᠭᠤᠯᠬᠤ ᠬᠠᠷᠢᠴᠠᠩᠭᠤᠶ | ᠬᠢᠮᠳᠠ ᠮᠥᠷᠲᠡᠭᠡᠨ ᠳᠥᠭᠦᠮ ᠠᠷᠭ᠎ᠠ ᠮᠥᠨ ᠭᠡᠵᠡᠢ᠃ ᠲᠡᠬᠦᠨ ᠤ ᠬᠡᠯᠡᠬᠦ ᠪᠠᠷ᠂ ᠣᠷᠣᠢ ᠶᠢᠨ ᠬᠤᠭᠤᠯᠠ ᠶᠢ | ᠤᠨᠲᠠᠬᠤ ᠠᠴᠠ ᠡᠮᠦᠨ᠎ᠡ ᠠᠳᠠᠭ ᠪᠠᠭ᠎ᠠ ᠳᠠᠭᠠᠨ ᠬᠤᠶᠠᠷ ᠴᠠᠭ ᠤᠨ ᠡᠮᠦᠨ᠎ᠡ ᠢᠳᠡᠵᠦ᠂ ᠥᠷᠯᠥᠭᠡ ᠶᠢᠨ ᠬᠤᠭᠤᠯᠠ ᠨᠢ | ᠬᠠᠷᠢᠴᠠᠩᠭᠤᠶ ᠪᠠᠷ ᠡᠯᠪᠡᠭ ᠣᠯᠠᠨ ᠶᠠᠩᠵᠤ ᠶᠢᠨ ᠪᠠᠶᠢᠯᠭᠠᠪᠠᠯ ᠵᠣᠬᠢᠨ᠎ᠠ᠂ ᠤᠴᠢᠷ ᠨᠢ ᠥᠷᠯᠥᠭᠡ ᠶᠢᠨ ᠬᠤᠭᠤᠯᠠ ᠨᠢ | ᠬᠥᠮᠦᠨ ᠤ ᠡᠳᠦᠷ ᠲᠤᠰᠤᠮ ᠤᠨ ᠬᠡᠷᠡᠭᠰᠡᠬᠦ ᠺᠠᠯᠣᠷᠢ ᠶᠢᠨ 15 % ᠠᠴᠠ 35% ᠶᠢ ᠬᠠᠩᠭᠠᠲᠠᠭ᠃ ᠥᠷᠯᠥᠭᠡ ᠶᠢᠨ | ᠬᠤᠭᠤᠯᠠᠨ ᠳᠤ ᠴᠠᠭᠠᠨ ᠢᠳᠡᠭᠡᠨ ︵ᠥᠭᠡᠬᠦ ᠪᠠᠭᠠᠲᠠᠶ ᠦᠨᠢᠶᠡᠨ ᠰᠥ᠋᠂ ᠡᠭᠡᠳᠡᠭᠰᠡᠨ ᠰᠥ ᠪᠠ ᠬᠤᠷᠤᠳ︶᠂ | ᠨᠡᠭᠦᠷᠡᠰᠦ ᠤᠰᠤᠨ ᠤ ᠨᠢᠭᠡᠳᠪᠦᠷᠢ ︵ᠪᠦᠬᠦᠯᠢ ᠪᠤᠭᠤᠳᠠᠢ ᠶᠢᠨ ᠲᠠᠯᠬ᠎ᠠ᠂ ᠠᠮᠤ ᠪᠤᠳᠠᠭ᠎ᠠ︶ ᠪᠠ ᠪᠦᠬᠦᠯᠢ ᠵᠢᠮᠢᠰ | ᠪᠠᠶᠢᠪᠠᠯ ᠰᠠᠶᠢᠨ᠃ ᠲᠤᠰ ᠰᠤᠳᠤᠯᠭᠠᠨ ᠢ ᠳᠤᠮᠳᠠᠴᠢ ᠨᠠᠰᠤ ᠨᠢ 60 ᠪᠣᠯᠬᠤ 113 ᠡᠪᠡᠳᠴᠢᠲᠡᠨ ᠳᠤ ᠴᠢᠭᠯᠡᠭᠦᠯᠦᠨ | ᠬᠢᠭᠰᠡᠨ ᠶᠤᠮ᠂ ᠡᠭᠦᠨ ᠳᠤ 73 % ᠨᠢ ᠡᠷᠡᠭᠲᠡᠶ ᠪᠣᠯᠤᠨ᠎ᠠ᠂ ᠡᠪᠡᠳᠴᠢᠲᠡᠳ ᠲᠢᠲᠢᠮᠯᠢᠭ ᠯᠤᠭᠰᠢᠭᠤᠨ ᠰᠤᠳᠠᠯ ᠤᠨ | ᠬᠦᠨᠳᠦ ᠡᠪᠡᠳᠴᠢᠲᠡᠨ ᠤ ᠥᠷᠥᠭᠡ ᠳᠤ ᠣᠷᠣᠭᠰᠠᠨ ᠤ ᠳᠠᠷᠠᠭ᠎ᠠ ᠢᠳᠡᠭᠡᠨ ᠤᠮᠳᠠᠭᠠᠨ ᠤ ᠬᠢᠨᠢ ᠪᠠᠶᠢᠳᠠᠯ ᠢ ᠨᠢ ᠯᠠᠪᠯᠠᠨ | ᠠᠰᠠᠭᠤᠭᠰᠠᠨ ᠶᠤᠮ ᠭᠡᠵᠦ ᠰᠢᠨᠵᠢᠯᠡᠬᠦ ᠤᠬᠠᠭᠠᠨᠲᠠᠨ ᠵᠢᠭᠠᠵᠤ ᠭᠠᠷᠭᠠᠯ᠎ᠠ᠃ | |