| | 2022 ᠣᠨ ᠤ 4 ᠳ᠋ᠤᠭᠡᠷ ᠰᠠᠷ᠎ᠠ ᠶᠢᠨ 10 ᠤ ᠡᠳᠦᠷ᠂ ᠤᠯᠠᠭᠠᠨᠬᠠᠳᠠ ᠬᠤᠲᠠ ᠶᠢᠨ ᠰᠦᠩᠱᠠᠨ | ᠲᠣᠭᠤᠷᠢᠭ ᠪᠦᠭᠡᠮ ᠬᠦᠴᠢᠯ ᠤᠨ ᠪᠠᠶᠢᠴᠠᠭᠠᠯᠳᠠ ᠳᠤᠮᠳᠠ᠂ ᠰᠢᠨ᠎ᠡ ᠲᠢᠲᠢᠮᠯᠢᠭ ᠸᠢᠷᠦ᠋ᠰ ᠤᠨ ᠪᠥᠭᠡᠮ ᠬᠦᠴᠢᠯ ᠤᠨ | ᠰᠢᠯᠭᠠᠨ ᠪᠠᠶᠢᠴᠠᠭᠠᠯᠲᠠ ᠶᠢᠨ ᠠᠩᠬᠠᠨ ᠤ ᠰᠢᠭᠰᠢᠨ ᠪᠠᠶᠢᠴᠠᠭᠠᠯᠲᠠ ᠳᠤ ᠠᠷᠭ᠎ᠠ ᠴᠢᠨᠠᠷ ᠢᠯᠡᠷᠡᠭᠰᠡᠨ 1 ᠬᠥᠮᠦᠨ ᠢ | ᠢᠯᠡᠷᠡᠭᠦᠯᠪᠡ᠃ ᠬᠤᠲᠠ ᠶᠢᠨ ᠡᠪᠡᠳᠴᠢᠨ ᠬᠢᠵᠢᠭ ᠢ ᠰᠡᠷᠭᠡᠶᠢᠯᠡᠨ ᠡᠵᠡᠮᠳᠡᠬᠦ ᠲᠥᠪ ᠤᠨ ᠳᠠᠬᠢᠨ ᠬᠢᠨᠠᠯᠲᠠ᠂ ᠲᠤᠰᠬᠠᠶ | ᠮᠡᠷᠭᠡᠵᠢᠯᠲᠡᠨ ᠤ ᠳᠤᠭᠤᠶᠢᠯᠠᠩ ᠤᠨ ᠬᠠᠮᠲᠤᠷᠠᠨ ᠣᠨᠣᠰᠢᠯᠠᠵᠤ ᠰᠤᠳᠤᠯᠤᠨ ᠮᠠᠭᠠᠳᠯᠠᠭᠰᠠᠨ ᠢᠶᠠᠷ᠂ 4 ᠳ᠋ᠤᠭᠡᠷ | ᠰᠠᠷ᠎ᠠ ᠶᠢᠨ 11 ᠤ ᠥᠷᠯᠥᠭᠡ ᠰᠢᠨ᠎ᠡ ᠲᠢᠲᠢᠮᠯᠢᠭ ᠠᠭᠤᠰᠬᠢᠨ ᠦᠷᠪᠢᠰᠦᠯ ᠢᠶᠠᠷ ᠣᠨᠣᠰᠢᠯᠠᠭᠳᠠᠭᠰᠠᠨ | ᠡᠪᠡᠳᠴᠢᠲᠡᠨ ᠢᠶᠠᠷ ᠲᠤᠭᠳᠠᠭᠠᠪᠠ᠃ ᠣᠨᠣᠰᠢᠯᠠᠭᠰᠠᠨ ᠡᠪᠡᠳᠴᠢᠨ ᠤ ᠵᠢᠱᠢᠶ᠎ᠡ᠄ ᠬᠤ᠋ ᠣᠪᠣᠭᠲᠤ᠂ ᠡᠷᠡᠭᠲᠡᠶ᠂ 57 | ᠨᠠᠰᠤᠲᠠᠶ᠂ ᠰᠠᠨ ᠽᠦᠸᠧ ᠳ᠋ᠢᠶᠠᠨ ᠤ ᠡᠾᠦ᠋ᠢ ᠯᠸᠢ ᠡᠷᠲᠡᠨ ᠤ ᠡᠳ᠋ ᠬᠠᠳᠠᠭᠠᠯᠠᠬᠤ ᠳᠡᠯᠭᠡᠭᠦᠷ ᠤᠨ ᠵᠢᠯᠣᠭᠤᠴᠢ ᠪᠠᠶᠢᠵᠤ | ᠂ ᠨᠢᠭᠡᠨᠲᠡ ᠲᠡᠷᠡ ᠳᠠᠷᠤᠶ ᠳᠤᠨᠢ ᠬᠤᠲᠠ ᠶᠢᠨ ᠬᠠᠯᠳᠠᠪᠤᠷᠢᠲᠤ ᠡᠪᠡᠳᠴᠢᠨ ᠢ ᠰᠡᠷᠭᠡᠶᠢᠯᠡᠨ ᠵᠠᠰᠠᠬᠤ ᠡᠮᠨᠡᠯᠭᠡ ᠶᠢᠨ | ᠬᠤᠷᠢᠶ᠎ᠠ ᠳᠤ ᠰᠢᠯᠵᠢᠭᠦᠯᠦᠨ ᠡᠮᠨᠡᠭᠦᠯᠪᠡ᠃ ᠣᠳᠣᠬᠠᠨ ᠳᠤ᠂ ᠤᠯᠠᠭᠠᠨᠬᠠᠳᠠ ᠬᠤᠲᠠ ᠶᠢᠨ ᠰᠦᠩᠱᠠᠨ ᠲᠣᠭᠤᠷᠢᠭ ᠤᠨ | ᠠᠷᠠᠳ ᠤᠨ ᠵᠠᠰᠠᠭ ᠤᠨ ᠣᠷᠳᠣᠨ ᠨᠢᠭᠡᠨᠲᠡ IV ᠲᠠᠰ ᠤᠨ ᠪᠠᠴᠢᠮ ᠪᠠᠶᠢᠳᠠᠯ ᠢ ᠠᠷᠭᠠᠴᠠᠬᠤ ᠲᠥᠰᠦᠯ ᠢ ᠡᠬᠢᠯᠡᠨ | ᠬᠡᠷᠡᠭᠵᠢᠭᠦᠯᠪᠡ᠂ ᠡᠳᠦᠭᠡ ᠬᠤᠯᠪᠣᠭᠳᠠᠯ ᠪᠥᠬᠦᠶ ᠵᠦᠶ᠋ᠯᠡᠰ ᠢ ᠳᠣᠤᠷᠠᠬᠢ ᠮᠡᠲᠦ ᠮᠡᠳᠡᠭᠳᠡᠶ᠎ᠡ᠄ ᠨᠢᠭᠡ᠂ ᠥᠷᠭᠡᠨ ᠣᠯᠠᠨ | ᠰᠠᠭᠤᠭᠠᠯᠢ ᠠᠷᠠᠳ ᠣᠨᠣᠰᠢᠯᠠᠭᠰᠠᠨ ᠡᠪᠡᠳᠴᠢᠨ ᠤ ᠵᠢᠱᠢᠶ᠎ᠡ ᠵᠢᠴᠢ ᠲᠡᠭᠦᠨ ᠲᠠᠢ ᠨᠢᠭᠲᠠ ᠣᠶᠢᠷᠠᠲᠤᠭᠰᠠᠳ ᠤᠨ | ᠶᠠᠪᠤᠵᠤ ᠰᠠᠭᠤᠭᠰᠠᠨ ᠵᠠᠮ ᠢ ᠨᠢᠭᠲᠠ ᠠᠩᠬᠠᠷᠴᠤ᠂ ᠬᠡᠷᠪᠡ ᠵᠠᠮ ᠮᠥᠷ ᠳᠠᠪᠬᠤᠴᠠᠭᠰᠠᠨ ᠪᠤᠯ ᠲᠡᠷᠡ ᠳᠠᠷᠤᠶ ᠳᠤᠨᠢ | ᠰᠠᠨᠠᠭᠠᠴᠢᠯᠠᠭ᠎ᠠ ᠠᠴᠠ ᠪᠠᠨ ᠪᠠᠶᠢᠭ᠎ᠠ ᠲᠣᠰᠬᠤᠨ ︵ᠨᠡᠶᠢᠭᠡᠮ ᠲᠣᠭᠤᠷᠢᠭ︶᠂ ᠠᠵᠢᠯᠯᠠᠵᠤ ᠪᠠᠶᠢᠭ᠎ᠠ ᠨᠢᠭᠡᠴᠢ ᠪᠤᠶᠤ | ᠰᠠᠭᠤᠭ᠎ᠠ ᠪᠠᠭᠤᠳᠠᠯ ᠳᠠᠭᠠᠨ ᠮᠡᠳᠡᠭᠦᠯᠦᠨ ᠳᠠᠩᠰᠠᠯᠠᠭᠤᠯᠵᠤ᠂ ᠡᠷᠡᠭᠦᠯ ᠮᠡᠨᠳᠦ ᠶᠢᠨ ᠬᠢᠨᠠᠨ ᠬᠡᠮᠵᠢᠯᠲᠡ᠂ ᠪᠥᠭᠡᠮ | ᠬᠦᠴᠢᠯ ᠤᠨ ᠪᠠᠶᠢᠴᠠᠭᠠᠨ ᠬᠡᠮᠵᠢᠯᠲᠡ᠂ ᠲᠤᠰᠠᠭᠠᠷᠯᠠᠬᠤ ᠠᠨᠠᠭᠠᠬᠤ ᠤᠬᠠᠭᠠᠨ ᠤ ᠠᠵᠢᠭᠯᠠᠯᠲᠠ ᠵᠡᠷᠭᠡ ᠬᠠᠮᠢᠶᠠᠷᠤᠨ | ᠡᠵᠡᠮᠳᠡᠬᠦ ᠠᠷᠭ᠎ᠠ ᠬᠡᠮᠵᠢᠶ᠎ᠡ ᠶᠢ ᠬᠠᠮᠵᠢᠯᠴᠠᠨ ᠨᠠᠶᠢᠳᠠᠪᠤᠷᠢᠵᠢᠭᠤᠯᠬᠤ ᠬᠡᠷᠡᠭᠳᠡᠢ᠃ ᠬᠤᠶᠠᠷ᠂ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠪᠦᠬᠦ ᠲᠠᠯ᠎ᠠ ᠪᠠᠷ ᠣᠨᠣᠴᠠᠲᠠᠢ ᠨᠠᠶᠢᠳᠠᠪᠤᠷᠢᠵᠢᠭᠤᠯᠵᠤ᠂ ᠠᠶᠤᠯ | ᠲᠦᠭᠰᠢᠭᠦᠷᠢ ᠶᠢᠨ ᠲᠠᠷᠬᠠᠯᠲᠠ ᠶᠢ ᠴᠢᠩᠭ᠎ᠠ ᠡᠵᠡᠮᠳᠡᠬᠦ ᠶᠢᠨ ᠲᠥᠯᠥᠭᠡ᠂ ᠰᠦᠩᠱᠠᠨ ᠲᠣᠭᠤᠷᠢᠭ ᠤᠨ ᠴᠢᠳᠬᠤᠯᠠᠩ | ᠪᠠᠯᠭᠠᠰᠤ ᠶᠢᠨ ᠪᠠᠯᠭᠠᠰᠤᠨ ᠲᠣᠭᠤᠷᠢᠭ᠂ ᠰᠠᠨ ᠽᠦᠸᠧ ᠳ᠋ᠢᠶᠠᠨ ᠲᠣᠰᠬᠤᠨ ᠢ ᠪᠢᠲᠡᠭᠦᠮᠵᠢᠯᠡᠨ ᠡᠵᠡᠮᠳᠡᠬᠦ ᠲᠣᠭᠤᠷᠢᠭ | ᠪᠣᠯᠭᠠᠨ ᠲᠣᠭᠲᠠᠭᠠᠵᠤ᠂ ᠴᠢᠳᠬᠤᠯᠠᠩ ᠪᠠᠯᠭᠠᠰᠤ ᠶᠢᠨ ᠪᠤᠰᠤᠳ ᠣᠷᠣᠨ ᠪᠦᠰᠡ ᠶᠢ ᠬᠠᠮᠢᠶᠠᠷᠤᠨ ᠡᠵᠡᠮᠳᠡᠬᠦ | ᠲᠣᠭᠤᠷᠢᠭ ᠪᠣᠯᠭᠠᠨ ᠲᠣᠭᠲᠠᠭᠠᠵᠤ᠂ ᠪᠦᠬᠦ ᠲᠤᠭᠤᠷᠢᠭ ᠤᠨ ᠴᠢᠳᠬᠤᠯᠠᠩ ᠪᠠᠯᠭᠠᠰᠤ ᠠᠴᠠ ᠪᠤᠰᠤᠳ ᠣᠷᠣᠨ | ᠪᠦᠰᠡ ᠶᠢ ᠰᠡᠷᠭᠡᠶᠢᠯᠡᠯᠲᠡ ᠶᠢᠨ ᠲᠣᠭᠤᠷᠢᠭ ᠪᠣᠯᠭᠠᠨ ᠲᠣᠭᠲᠠᠭᠠᠪᠠ᠃ ᠪᠢᠲᠡᠭᠦᠮᠵᠢᠯᠡᠨ ᠡᠵᠡᠮᠳᠡᠬᠦ ᠲᠤᠭᠤᠷᠢᠭ ᠲᠤ ︽ | ᠭᠡᠷ ᠠᠴᠠ ᠪᠠᠨ ᠭᠠᠷᠬᠤ ᠦᠭᠡᠶ᠂ ᠦᠢᠯᠡᠴᠢᠯᠡᠭᠡ ᠶᠢ ᠭᠡᠷ ᠲᠤᠨᠢ ᠬᠦᠷᠭᠡᠬᠦ︾ ᠶᠢ ᠬᠡᠷᠡᠭᠵᠢᠭᠦᠯᠵᠦ᠂ ᠬᠠᠮᠢᠶᠠᠷᠤᠨ | ᠡᠵᠡᠮᠳᠡᠬᠦ ᠲᠤᠭᠤᠷᠢᠭ ᠲᠤ ︽ᠬᠥᠮᠦᠨ ᠨᠢ ᠲᠤᠭᠤᠷᠢᠭ ᠠᠴᠠ ᠭᠠᠷᠬᠤ ᠦᠭᠡᠶ᠂ ᠴᠤᠭᠯᠠᠷᠠᠬᠤ ᠶᠢ ᠴᠢᠩᠭ᠎ᠠ ᠴᠠᠭᠠᠵᠠᠯᠠᠬᠤ | ︾ ᠶᠢ ᠬᠡᠷᠡᠭᠵᠢᠭᠦᠯᠦᠨ᠎ᠡ᠃ ᠭᠤᠷᠪᠠ᠂ ᠪᠢᠲᠡᠭᠦᠮᠵᠢᠯᠡᠨ ᠡᠵᠡᠮᠳᠡᠬᠦ ᠲᠤᠭᠤᠷᠢᠭ᠂ ᠬᠠᠮᠢᠶᠠᠷᠤᠨ ᠡᠵᠡᠮᠳᠡᠬᠦ ᠲᠤᠭᠤᠷᠢᠭ ᠤᠨ | ᠰᠠᠭᠤᠭᠠᠯᠢ ᠠᠷᠠᠳ ᠬᠡᠷᠪᠡ ᠤᠨᠴᠠᠭᠠᠢ ᠡᠮᠴᠢᠯᠡᠬᠦᠯᠬᠦ ᠱᠠᠭᠠᠷᠳᠠᠯᠭ᠎ᠠ ᠲᠠᠢ ᠪᠣᠯ᠂ ᠪᠠᠶᠢᠭ᠎ᠠ ᠲᠣᠰᠬᠤᠨ ︵ᠨᠡᠶᠢᠭᠡᠮ | ᠲᠣᠭᠤᠷᠢᠭ︶ ᠠᠴᠠ ᠲᠤᠭᠤᠷᠢᠭ ᠤᠨ ᠵᠢᠯᠣᠭᠤᠳᠬᠤ ᠭᠠᠵᠠᠷ ᠤᠨ ᠡᠮᠴᠢᠯᠡᠭᠡᠨ ᠤ ᠰᠡᠷᠭᠡᠶᠢᠯᠡᠨ ᠡᠵᠡᠮᠳᠡᠬᠦ | ᠳᠤᠭᠤᠶᠢᠯᠠᠩ ᠲᠠᠢ ᠤᠷᠢᠳᠴᠢᠯᠠᠨ ᠬᠠᠷᠢᠯᠴᠠᠬᠤ ᠶᠢ ᠬᠠᠷᠢᠭᠤᠴᠠᠵᠤ᠂ ᠲᠤᠰᠬᠠᠶ ᠰᠢᠯᠵᠢᠭᠦᠯᠦᠨ ᠲᠡᠭᠡᠭᠡᠪᠦᠷᠢᠯᠡᠬᠦ ᠲᠡᠷᠭᠡ | ᠲᠣᠬᠢᠷᠠᠭᠤᠯᠤᠨ ︽ᠴᠡᠭ ᠠᠴᠠ ᠴᠡᠭ ᠲᠤ ᠬᠦᠷᠬᠦ︾ ᠠᠷᠭ᠎ᠠ ᠬᠡᠮᠵᠢᠶ᠎ᠡ ᠪᠠᠷ ᠲᠤᠰᠴᠤ ᠬᠦᠷᠭᠡᠨ᠎ᠡ᠃ ᠡᠯ᠎ᠡ ᠬᠠᠮᠢᠶ᠎ᠠ | ᠪᠥᠬᠦᠶ ᠡᠮᠴᠢᠯᠡᠭᠡᠨ ᠤ ᠪᠠᠶᠢᠭᠤᠯᠤᠮᠵᠢ ᠨᠢ ᠣᠨᠣᠰᠢᠯᠠᠬᠤ ᠶᠢ ᠲᠡᠪᠴᠢᠵᠦ ᠪᠣᠯᠬᠤ ᠥᠬᠡᠶ᠂ ᠰᠠᠨᠠᠭᠠᠴᠢᠯᠠᠭ᠎ᠠ ᠠᠴᠠ ᠪᠠᠨ | ᠡᠪᠡᠳᠴᠢᠲᠡᠨ ᠳᠤ ᠡᠮᠴᠢᠯᠡᠭᠡᠨ ᠤ ᠦᠶ᠋ᠯᠡᠴᠢᠯᠡᠭᠡ ᠬᠠᠩᠭᠠᠬᠤ ᠬᠡᠷᠡᠭᠲᠡᠶ᠃ ᠳᠥᠷᠪᠡ᠂ ᠪᠥᠬᠦ ᠣᠷᠣᠨ ᠤ ᠡᠯ᠎ᠡ | ᠠᠯᠪᠠᠨ ᠠᠴᠠ ᠪᠠᠶᠢᠭᠤᠯᠤᠭᠰᠠᠨ ᠡᠮᠴᠢᠯᠡᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ᠂ ᠠᠷᠠᠳ ᠠᠴᠠ ᠡᠵᠡᠩᠨᠡᠭᠰᠡᠨ | ᠡᠮᠨᠡᠯᠭᠡ ᠶᠢᠨ ᠬᠤᠷᠢᠶ᠎ᠠ᠂ ᠬᠤᠪᠢ ᠶᠢᠨ ᠡᠮᠴᠢᠯᠡᠭᠡᠨ ᠤ ᠭᠠᠵᠠᠷ ᠨᠢ ᠬᠠᠯᠠᠭᠤᠷᠠᠵᠦ ᠪᠠᠶᠢᠭ᠎ᠠ ᠡᠪᠡᠳᠴᠢᠲᠡᠨ ᠢ ᠰᠢᠭᠰᠢᠨ | ᠪᠠᠶᠢᠴᠠᠭᠠᠬᠤ ᠪᠠᠨ ᠴᠢᠩᠭᠠᠳᠬᠠᠵᠤ᠂ ᠬᠠᠯᠠᠭᠤᠷᠠᠯ ᠤᠨ ᠡᠭᠦᠳᠡᠨ ᠡᠮᠨᠡᠯᠭᠡ ᠪᠠᠶᠢᠭᠤᠯᠤᠭᠰᠠᠨ ᠥᠬᠡᠶ ᠡᠮᠴᠢᠯᠡᠭᠡᠨ ᠤ | ᠪᠠᠶᠢᠭᠤᠯᠤᠮᠵᠢ ᠳᠤᠷ᠎ᠠ ᠪᠠᠷ ᠢᠶᠠᠨ ᠣᠨᠣᠰᠢᠯᠠᠨ ᠵᠠᠰᠠᠵᠤ ᠪᠣᠯᠬᠤ ᠥᠬᠡᠶ᠃ ᠲᠠᠪᠤ᠂ ᠪᠥᠬᠦ ᠣᠷᠣᠨ ᠤ ᠬᠡᠪᠴᠢᠶᠡᠨ ᠳᠠᠬᠢ | ᠪᠣᠶ ᠪᠥᠬᠦᠶ ᠡᠮ ᠤᠨ ᠳᠡᠯᠭᠡᠭᠦᠷ᠂ ᠡᠮᠴᠢᠯᠡᠭᠡᠨ ᠤ ᠭᠠᠵᠠᠷ ᠨᠢ ᠬᠠᠨᠢᠶᠠᠯᠭᠠᠬᠤ ᠶᠢ ᠵᠣᠭᠰᠣᠭᠠᠬᠤ᠂ ᠬᠠᠯᠠᠭᠤᠨ ᠢ | ᠪᠠᠭᠤᠷᠠᠭᠤᠯᠬᠤ᠂ ᠪᠠᠺᠲ᠋ᠧᠷᠢ ᠳᠠᠷᠤᠬᠤ ᠡᠳ᠋᠂ ᠸᠢᠷᠦ᠋ᠰ ᠢ ᠡᠰᠡᠷᠭᠦᠴᠡᠬᠦ ︽ᠳᠥᠷᠪᠡᠨ ᠲᠥᠷᠥᠯ︾ ᠤᠨ ᠡᠮ ᠤᠨ | ᠵᠦᠶ᠋ᠯ ᠢ ᠬᠤᠳᠠᠯᠳᠤᠬᠤ ᠪᠠᠨ ᠵᠣᠭᠰᠣᠬᠤ ᠶᠢᠨ ᠬᠠᠮᠲᠤ᠂ ᠢᠯᠡ ᠭᠠᠵᠠᠷ ᠲᠤ ᠵᠠᠷ ᠨᠠᠭᠠᠵᠤ᠂ ᠡᠮ ᠬᠤᠳᠠᠯᠳᠤᠨ ᠠᠪᠬᠤ | ᠬᠡᠷᠡᠭᠴᠡᠭᠡ ᠱᠠᠭᠠᠷᠳᠠᠯᠭ᠎ᠠ ᠲᠠᠢ ᠬᠥᠮᠦᠰ ᠢ ᠴᠥᠮ ᠬᠠᠯᠠᠭᠤᠷᠠᠯ ᠤᠨ ᠡᠭᠦᠳᠡᠨ ᠡᠮᠨᠡᠯᠭᠡ ᠳᠤ ᠬᠦᠷᠴᠦ ᠡᠮᠨᠡᠭᠦᠯᠬᠦ | ᠬᠡᠷᠡᠭᠲᠡᠶ᠃ ᠵᠢᠷᠭᠤᠭ᠎ᠠ᠂ ᠥᠷᠭᠡᠨ ᠣᠯᠠᠨ ᠰᠠᠭᠤᠭᠠᠯᠢ ᠠᠷᠠᠳ ᠢᠳᠡᠪᠬᠢᠲᠡᠶ ᠬᠠᠮᠵᠢᠯᠴᠠᠨ ᠰᠡᠷᠭᠡᠶᠢᠯᠡᠨ ᠡᠵᠡᠮᠳᠡᠬᠦ | ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠵᠤ᠂ ᠬᠡᠷᠪᠡ ᠬᠠᠯᠠᠭᠤᠷᠠᠬᠤ᠂ ᠬᠠᠭᠤᠷᠠᠶ ᠪᠠᠷ ᠬᠠᠨᠢᠶᠠᠯᠭᠠᠬᠤ᠂ ᠲᠠᠮᠢᠷᠳᠠᠬᠤ᠂ | ᠬᠤᠭᠤᠯᠠᠶ ᠡᠪᠡᠳᠬᠦ᠂ ᠦᠨᠦᠷᠯᠡᠬᠦ ᠰᠡᠷᠡᠯ ᠮᠠᠭᠤᠳᠠᠬᠤ᠂ ᠰᠠᠭᠤᠯᠭᠠᠬᠤ ᠵᠡᠷᠭᠡ ᠡᠪᠡᠳᠴᠢᠨ ᠤ ᠪᠠᠶᠢᠳᠠᠯ ᠢᠯᠡᠷᠡᠪᠡᠯ᠂ | ᠥᠪᠡᠷ ᠢᠶᠠᠨ ᠡᠮ ᠤᠤᠭᠤᠵᠤ ᠪᠣᠯᠬᠤ ᠥᠬᠡᠶ᠂ ᠡᠷᠬᠡᠪᠰᠢ ᠨᠢᠭᠡ ᠯᠡ ᠤᠳᠠᠭ᠎ᠠ ᠬᠡᠷᠡᠭᠯᠡᠬᠦ ᠭᠠᠳᠠᠷ ᠰᠠᠯᠠᠭᠠᠨ ᠤ | ᠡᠮᠨᠡᠯᠭᠡ ᠳᠤ ᠬᠡᠷᠡᠭᠯᠡᠬᠦ ᠠᠮᠠᠪᠴᠢ ᠵᠡᠭᠦᠵᠦ ᠬᠠᠯᠠᠭᠤᠷᠠᠬᠤ ᠡᠭᠦᠳᠡᠨ ᠡᠮᠨᠡᠯᠭᠡ ᠳᠤ ᠳᠠᠷᠤᠶ ᠲᠦᠷᠭᠡᠨ ᠬᠦᠷᠴᠦ ᠡᠮᠨᠡᠭᠦᠯᠬᠦ | ᠬᠡᠷᠡᠭᠲᠡᠶ᠃ ᠳᠣᠯᠤᠭ᠎ᠠ᠂ ᠥᠷᠭᠡᠨ ᠣᠯᠠᠨ ᠰᠠᠭᠤᠭᠠᠯᠢ ᠠᠷᠠᠳ ᠬᠢᠵᠢᠭ ᠤᠨ ᠪᠠᠶᠢᠳᠠᠯ ᠢ ᠨᠢᠭᠲᠠ ᠠᠩᠬᠠᠷᠴᠤ᠂ | ᠠᠯᠪᠠᠨ ᠤ ᠲᠠᠯ᠎ᠠ ᠶᠢᠨ ᠡᠷᠬᠡ ᠰᠦᠷᠲᠦ ᠨᠡᠶᠢᠲᠡᠯᠡᠯ᠂ ᠭᠤᠤᠯ ᠪᠣᠯᠬᠤ ᠰᠣᠨᠢᠨ ᠮᠡᠳᠡᠭᠡᠨ ᠤ ᠵᠠᠭᠤᠴᠢᠯᠠᠭᠤᠷ ᠵᠡᠷᠭᠡ | ᠵᠢᠩᠬᠢᠨᠢ ᠠᠷᠭ᠎ᠠ ᠵᠠᠮ ᠠᠴᠠ ᠬᠢᠵᠢᠭ ᠤᠨ ᠪᠠᠶᠢᠳᠠᠯ ᠤᠨ ᠮᠡᠳᠡᠭᠡ ᠵᠠᠩᠭᠢ ᠪᠠ ᠰᠡᠷᠭᠡᠶᠢᠯᠡᠨ ᠡᠵᠡᠮᠳᠡᠬᠦ ᠮᠡᠳᠡᠯᠭᠡ ᠶᠢ | ᠣᠶᠢᠯᠠᠭᠠᠵᠤ᠂ ᠴᠤᠤᠷᠬᠠᠯ ᠢ ᠢᠲᠡᠭᠡᠬᠦ ᠥᠬᠡᠶ᠂ ᠴᠤᠤᠷᠬᠠᠯ ᠲᠠᠷᠬᠠᠭᠠᠬᠤ ᠥᠬᠡᠶ᠂ ᠴᠤᠤᠷᠬᠠᠯ ᠲᠠᠯᠪᠢᠬᠤ ᠥᠬᠡᠶ | ᠪᠠᠶᠢᠵᠤ᠂ ᠡᠷᠡᠭᠦᠯ ᠮᠡᠨᠳᠦ ᠢᠳᠡᠪᠬᠢᠲᠡᠶ ᠤᠪᠤᠷ ᠲᠠᠢ ᠪᠠᠶᠢᠵᠤ᠂ ᠴᠢᠬᠤᠯᠠ ᠦᠭᠡᠢ ᠵᠣᠪᠠᠨᠢᠯ ᠪᠠ ᠭᠡᠯᠮᠡᠭᠳᠡᠯ ᠠᠴᠠ | ᠵᠠᠶᠢᠯᠠᠰᠬᠢᠬᠦ ᠬᠡᠷᠡᠭᠲᠡᠶ᠃ ᠠᠮᠠᠪᠴᠢ ᠵᠡᠭᠦᠬᠦ᠂ ᠭᠠᠷ ᠢᠶᠠᠨ ᠦᠷᠭᠦᠯᠵᠢ ᠤᠬᠢᠶᠠᠬᠤ᠂ ᠦᠷᠭᠦᠯᠵᠢ ᠰᠠᠯᠬᠢ ᠨᠡᠪᠲᠡᠷᠡᠭᠦᠯᠬᠦ᠂ | ᠴᠤᠭᠯᠠᠷᠠᠬᠤ ᠥᠬᠡᠶ᠂ ᠨᠡᠶᠢᠲᠡ ᠶᠢᠨ ᠰᠠᠪᠬ᠎ᠠ ᠬᠡᠷᠡᠭᠯᠡᠬᠦ ᠶᠢ ᠪᠠᠷᠢᠮᠲᠠᠯᠠᠵᠤ᠂ 1 ᠮᠧᠲᠷ ᠠᠴᠠ ᠳᠡᠭᠡᠭᠰᠢᠬᠢ ᠨᠡᠶᠢᠭᠡᠮ ᠤᠨ | ᠬᠠᠷᠢᠯᠴᠠᠭᠠᠨ ᠤ ᠵᠠᠶ ᠶᠢ ᠪᠠᠳᠤᠯᠠᠬᠤ ᠬᠡᠷᠡᠭᠳᠡᠢ᠃ ᠡᠭᠦᠨ ᠤ ᠲᠤᠯᠠ ᠣᠨᠴᠠᠭᠠᠶᠢᠯᠠᠨ ᠵᠠᠷᠯᠠᠪᠠ | ᠤᠯᠠᠭᠠᠨᠬᠠᠳᠠ ᠬᠤᠳᠠ ᠶᠢᠨ ᠰᠦᠩᠱᠠᠨ ᠲᠤᠭᠤᠷᠢᠭ ᠤᠨ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ | ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠵᠢᠯᠤᠭᠤᠳᠬᠤ ᠭᠠᠵᠠᠷ 2022 ᠤᠨ ᠤ 4 ᠳ᠋ᠤᠭᠡᠷ | ᠰᠠᠷ᠎ᠠ ᠶᠢᠨ 11 | |