ᠪᠣᠷᠣᠬᠤᠲᠠ ᠶᠢᠨ ᠲᠥᠪ ᠬᠤᠲᠠ ᠶᠢᠨ ᠲᠣᠭᠤᠷᠢᠭ ᠤᠨ ᠬᠤᠶᠠᠳᠤᠭᠠᠷ ᠡᠭᠡᠯᠵᠢ ᠶᠢᠨ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠶᠢ ᠵᠣᠬᠢᠶᠠᠨ ᠪᠠᠶᠢᠭᠤᠯᠵᠤ ᠥᠷᠨᠢᠭᠦᠯᠬᠦ ᠲᠤᠬᠠᠶ ᠵᠠᠷᠯᠠᠯ
ᠨᠡᠶᠢᠲᠡᠯᠡᠭᠰᠡᠨ ᠴᠠᠭ᠄
2022/6/17
         ᠣᠳᠣᠬᠠᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠶᠢᠳᠠᠯ ᠢ ᠦᠨᠳᠦᠰᠦᠯᠡᠨ᠂ ︽ᠭᠠᠳᠠᠨ᠎ᠠ ᠠᠴᠠ ᠬᠠᠯᠳᠠᠪᠤᠷᠢᠯᠠᠨ ᠣᠷᠣᠵᠤ ᠢᠷᠡᠬᠦ ᠶᠢ ᠰᠡᠷᠭᠡᠶᠢᠯᠡᠵᠦ᠂ ᠳᠣᠲᠣᠭᠠᠳᠤ  ᠳᠤ ᠪᠠᠨ ᠳᠠᠬᠢᠨ ᠡᠭᠦᠰᠬᠦ ᠶᠢ ᠰᠡᠷᠭᠡᠶᠢᠯᠡᠬᠦ︾ ᠰᠡᠷᠭᠡᠶᠢᠯᠡᠨ ᠡᠵᠡᠮᠳᠡᠬᠦ ᠠᠷᠭ᠎ᠠ ᠪᠣᠳᠣᠯᠭ᠎ᠠ ᠶᠢ ᠭᠦᠨᠵᠡᠭᠡᠶ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠡᠭᠦᠰᠴᠦ ᠮᠡᠳᠡᠬᠦ ᠬᠢᠵᠢᠭ ᠤᠨ ᠪᠠᠶᠢᠳᠠᠯ ᠢ ᠠᠷᠭᠠᠴᠠᠭᠠᠬᠤ ᠪᠡᠯᠡᠳᠬᠡᠯ ᠢ ᠤᠯᠠᠮ ᠨᠢᠭᠡ ᠠᠯᠬᠤᠮ ᠰᠠᠶᠢᠲᠤᠷ ᠬᠢᠬᠦ ᠶᠢᠨ ᠲᠥᠯᠥᠭᠡ᠂  ᠤᠩᠨᠢᠭᠤᠳ ᠬᠤᠰᠢᠭᠤᠨ ᠤ ᠰᠢᠨ᠎ᠠ ᠬᠡᠯᠪᠡᠷᠢ ᠶᠢᠨ ᠲᠢᠳᠢᠮᠯᠢᠭ ᠸᠢᠷᠦ᠋ᠰ ᠤᠨ ᠬᠠᠯᠳᠠᠪᠤᠷᠢᠲᠤ ᠠᠭᠤᠰᠬᠢᠨ ᠦᠷᠪᠢᠰᠤᠯ ᠢ ᠰᠡᠷᠬᠡᠶᠢᠯᠡᠨ ᠬᠢᠵᠡᠭᠠᠷᠯᠠᠬᠤ ᠠᠵᠢᠯ ᠤᠨ ᠵᠢᠯᠤᠭᠤᠳᠬᠤ ᠭᠠᠵᠠᠷ  ᠤᠨ ᠰᠤᠳᠤᠯᠤᠯᠲᠠ ᠪᠠᠷ ᠳᠡᠮᠵᠢᠨ᠂ ᠪᠣᠷᠣᠬᠤᠲᠠ ᠶᠢᠨ ᠲᠥᠪ ᠬᠤᠲᠠ ᠶᠢᠨ ᠲᠣᠭᠤᠷᠢᠭ ᠲᠤ ᠬᠤᠶᠠᠳᠤᠭᠠᠷ ᠡᠭᠡᠯᠵᠢ ᠶᠢᠨ  ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠬᠢᠬᠦ ᠪᠠᠷ ᠲᠣᠭᠲᠠᠪᠠ᠂ ᠣᠲᠣ ᠬᠤᠯᠪᠣᠭᠳᠠᠯ ᠪᠥᠬᠦᠶ ᠤᠴᠢᠷ ᠢ ᠳᠤᠤᠷᠠᠬᠢ ᠮᠡᠲᠦ  ᠮᠡᠳᠡᠭᠳᠡᠶ᠎ᠠ   ᠨᠢᠭᠡ᠂ ᠪᠥᠭᠡᠮ ᠬᠦᠴᠢᠯ  ᠤᠨ ᠰᠢᠯᠭᠠᠨ ᠪᠠᠶᠢᠴᠠᠭᠠᠬᠤ ᠴᠠᠭ  ᠂ 2022 ᠣᠨ ᠤ 6 ᠰᠠᠷ᠎ᠠ ᠶᠢᠨ 18 ᠤ ᠡᠳᠦᠷ  ᠤᠨ ᠥᠷᠯᠥᠭᠡ ᠶᠢᠨ 5 ᠴᠠᠭ ᠠᠴᠠ ᠦᠳᠡ ᠶᠢᠨ ᠡᠮᠦᠨᠡᠬᠢ 11᠄ 00 ︵ᠪᠠᠶᠢᠳᠠᠯ ᠢ ᠨᠢ ᠦᠵᠡᠵᠦ ᠪᠠᠶᠢᠭᠠᠳ ᠪᠦᠬᠦᠨ ᠢ ᠰᠢᠯᠭᠠᠨ ᠪᠠᠶᠢᠴᠠᠭᠠᠵᠤ ᠳᠠᠭᠤᠰᠬᠠᠨ᠎ᠠ︶  ᠪᠤᠯᠳᠠᠯ᠎ᠠ᠃   ᠬᠤᠶᠠᠷ᠂ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠶᠢᠨ ᠤᠷᠤᠨ ᠬᠡᠪᠴᠢᠶ᠎ᠡ ᠨᠢ ᠪᠣᠷᠣᠬᠤᠲᠠ ᠶᠢᠨ ᠲᠥᠪ ᠬᠤᠲᠠ ᠶᠢᠨ ᠲᠣᠭᠤᠷᠢᠭ ︵ᠵᠠᠷᠴᠢᠮ ᠳᠡᠭᠡᠷ᠎ᠡ ᠪᠠᠨ ᠬᠤᠲᠠ ᠶᠢᠨ ᠲᠣᠭᠤᠷᠢᠭ ᠤᠨ ᠲᠣᠭᠤᠷᠢᠯ ᠵᠠᠮ ᠢᠶᠠᠷ ᠵᠠᠭᠠᠭ ᠪᠣᠯᠭᠠᠵᠤ᠂ ᠪᠣᠷᠣᠬᠤᠲᠠ ᠶᠢᠨ ᠠᠷᠠᠯᠵᠢᠶ᠎ᠠ ᠬᠤᠳᠠᠯᠳᠤᠭᠠᠨ ᠤ ᠪᠠᠷᠠᠭᠠᠨ ᠤ  ᠬᠦᠢᠯᠬᠡᠬᠡᠨ ᠤ ᠬᠦᠷᠢᠶᠡᠯᠡᠩ ᠲᠣᠭᠤᠷᠢᠭ ᠢ ᠪᠠᠭᠲᠠᠭᠠᠨ᠎ᠠ︶ ᠤᠨ ᠪᠣᠶ ᠪᠥᠬᠦᠶ ᠬᠥᠮᠦᠰ᠂ ᠭᠠᠳᠠᠨ᠎ᠠ ᠠᠴᠠ ᠢᠷᠡᠭᠰᠡᠨ ᠬᠥᠮᠦᠰ ᠪᠠ ᠨᠡᠭᠦᠳᠡᠯ ᠬᠥᠮᠦᠰ ᠢ ᠪᠠᠭᠲᠠᠭᠠᠨ᠎ᠠ     ᠭᠤᠷᠪᠠ᠂ ᠠᠩᠬᠠᠷᠬᠤ  ᠵᠦᠢᠯᠡᠰ      ︵ᠨᠢᠭᠡ︶ ᠲᠣᠰ ᠤᠳᠠᠭᠠᠨ ᠤ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠶᠢ  ᠴᠢᠤᠸᠠᠨ ᠨᠢᠩ᠂ ᠽᠢ ᠴᠧᠩ ᠵᠡᠭᠡᠯᠢ ᠭᠤᠳᠤᠮᠵᠢ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠠᠵᠢᠯ ᠤᠨ ᠵᠢᠯᠣᠭᠤᠳᠬᠤ ᠭᠠᠵᠠᠷ ᠠᠴᠠ ᠲᠣᠰ ᠲᠣᠰ ᠵᠣᠬᠢᠶᠠᠨ ᠪᠠᠶᠢᠭᠤᠯᠤᠨ ᠥᠷᠨᠢᠭᠦᠯᠵᠦ᠂ ᠪᠣᠶ ᠪᠥᠬᠦᠶ ᠰᠠᠭᠤᠭᠠᠯᠢ ᠠᠷᠠᠳ ᠬᠠᠷᠢᠶ᠎ᠠ ᠭᠠᠵᠠᠷ ᠤᠨ ᠢᠶᠠᠨ ᠨᠢᠭᠡᠳᠦᠯᠲᠡᠶ ᠪᠠᠶᠢᠷᠢᠯᠠᠭᠤᠯᠤᠯᠲᠠ ᠶᠣᠰᠣᠭᠠᠷ᠂ ᠲᠣᠭᠲᠠᠭᠰᠠᠨ ᠥᠯᠢᠭᠡᠷ ᠠᠪᠬᠤ ᠴᠡᠭ ᠲᠤ ᠡᠮᠬᠢ ᠵᠢᠷᠤᠮ ᠲᠠᠢ ᠪᠠᠷ ᠬᠦᠷᠴᠦ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠬᠢᠵᠦ᠂ ᠨᠢᠭᠡ ᠬᠥᠮᠦᠨ ᠢ ᠴᠦ ᠤᠷᠭᠢᠭᠳᠠᠭᠤᠯᠵᠤ ᠪᠤᠯᠬᠤ ᠥᠬᠡᠶ ︵ᠬᠡᠷ ᠲᠡᠭᠡᠨ ᠲᠤᠰᠠᠭᠠᠷᠯᠠᠵᠤ ᠪᠠᠶᠢᠭ᠎ᠠ ᠬᠥᠮᠦᠰ ᠬᠡᠷ ᠲᠡᠭᠡᠨ ᠴᠢᠩᠭ᠎ᠠ ᠲᠤᠰᠠᠭᠠᠷᠯᠠᠵᠤ᠂ ᠲᠣᠰ ᠤᠳᠠᠭᠠᠨ ᠤ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠳᠤ ᠣᠷᠣᠯᠴᠠᠬᠤ ᠥᠬᠡᠶ︶  ᠃    ︵ᠬᠤᠶᠠᠷ︶ ᠪᠣᠶ ᠪᠥᠬᠦᠶ ᠰᠠᠭᠤᠭᠠᠯᠢ ᠠᠷᠠᠳ ᠠᠮᠠᠪᠴᠢ ᠵᠡᠭᠦᠬᠦ ᠪᠥᠬᠦ ᠶᠠᠪᠤᠴᠠ ᠪᠠᠨ ᠵᠢᠷᠤᠮᠵᠢᠭᠤᠯᠵᠤ᠂ ᠬᠤᠪᠢ ᠬᠥᠮᠦᠨ ᠤ ᠰᠡᠷᠭᠡᠶᠢᠯᠡᠯᠲᠡ ᠬᠠᠮᠠᠭᠠᠯᠠᠯᠲᠠ ᠶᠢ ᠰᠠᠶᠢᠲᠤᠷ ᠬᠢᠵᠦ᠂ ᠬᠤᠪᠢ ᠬᠥᠮᠦᠨ ᠤ ᠥᠯᠢᠭᠡᠷ ᠠᠪᠬᠤ ᠮᠡᠳᠡᠭᠡ ᠵᠠᠩᠭᠢ ᠶᠢ ᠠᠪᠴᠤ ᠬᠤᠶᠠᠷ ᠬᠡᠮᠵᠢᠯᠳᠦ ᠺᠣᠳ᠋ ᠢ ᠤᠷᠢᠳᠴᠢᠯᠠᠨ ᠳᠠᠩᠰᠠᠯᠠᠬᠤ ᠬᠡᠷᠡᠭᠲᠡᠶ᠃ 1 . 5  ᠮᠧᠲᠷ ᠠᠴᠠ ᠳᠡᠭᠡᠭᠰᠢᠬᠢ ᠠᠶᠤᠯ ᠦᠭᠡᠶ ᠵᠠᠶ ᠶᠢ ᠪᠠᠲᠤᠯᠠᠵᠤ᠂  ᠡᠮᠬᠢ ᠵᠢᠷᠤᠮ ᠢ ᠰᠠᠬᠢᠵᠤ᠂  ᠵᠤᠭᠤᠭᠳᠠᠬᠤ ᠦᠭᠡᠶ᠂ ᠪᠦᠬᠡᠮᠨᠡᠷᠡᠨ ᠴᠤᠭᠯᠠᠷᠠᠬᠤ ᠦᠭᠡᠶ ᠪᠠᠶᠢᠵᠤ᠂ ᠰᠣᠯᠪᠢᠴᠠᠨ ᠬᠠᠯᠳᠠᠪᠤᠷᠢᠯᠠᠬᠤ ᠠᠴᠠ ᠰᠡᠷᠭᠡᠶᠢᠯᠡᠬᠦ ᠬᠡᠷᠡᠭᠲᠡᠶ᠃    ︵ᠭᠤᠷᠪᠠ︶ ᠪᠣᠷᠣᠬᠤᠲᠠ ᠶᠢᠨ ᠭᠤᠤᠯ ᠬᠤᠲᠠ ᠶᠢᠨ ᠲᠣᠭᠤᠷᠢᠭ ᠤᠨ ᠪᠥᠭᠡᠮ ᠬᠦᠴᠢᠯ ᠤᠨ ᠰᠢᠯᠭᠠᠨ ᠪᠠᠶᠢᠴᠠᠭᠠᠬᠤ ᠬᠤᠭᠤᠴᠠᠭᠠᠨ ᠳᠤ᠂ ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ᠤ ᠲᠠᠷᠢᠯᠭ᠎ᠠ ᠬᠢᠬᠦ ᠠᠵᠢᠯ ᠢ ᠲᠦᠷ ᠵᠣᠭᠰᠣᠭᠠᠨ᠎ᠠ᠃ ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ᠤ ᠲᠠᠷᠢᠯᠭ᠎ᠠ ᠬᠢᠭᠰᠡᠨ ᠤ ᠲᠠᠷᠠᠭᠠᠬᠢ ᠴᠠᠭ ᠨᠢ 48 ᠴᠠᠭ ᠠᠴᠠ ᠬᠡᠲᠦᠷᠡᠬᠦ ᠥᠬᠡᠶ ᠬᠥᠮᠦᠰ ᠰᠠᠭᠤᠭ᠎ᠠ ᠭᠠᠵᠠᠷ ︵ᠨᠡᠶᠢᠭᠡᠮ ᠲᠣᠭᠤᠷᠢᠭ︶  ᠲᠤ ᠪᠠᠨ ᠮᠡᠳᠡᠭᠦᠯᠦᠨ ᠳᠠᠩᠰᠠᠯᠠᠭᠤᠯᠤᠭᠰᠠᠨ ᠤ ᠳᠠᠷᠠᠭ᠎ᠠ᠂ ᠲᠣᠰ ᠤᠳᠠᠭᠠᠨ ᠤ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠳᠤ  ᠤᠷᠤᠯᠴᠠᠬᠤ ᠥᠬᠡᠶ᠃      ︵ᠳᠥᠷᠪᠡ︶ ᠲᠣᠰ ᠤᠳᠠᠭᠠᠨ ᠤ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ  ᠨᠢ ᠰᠦᠢᠳᠬᠡᠯ ᠬᠤᠷᠢᠶᠠᠬᠤ ᠥᠬᠡᠶ᠂ ᠪᠢᠴᠢᠭ ᠤᠨ ᠬᠡᠯᠪᠡᠷᠢ ᠶᠢᠨ ᠮᠡᠳᠡᠭᠦᠯᠦᠯᠲᠡ ᠭᠠᠷᠭᠠᠬᠤ ᠥᠬᠡᠶ᠂ ᠥᠯᠢᠭᠡᠷ ᠠᠪᠤᠭᠰᠠᠨ 24 ᠴᠠᠭ ᠤᠨ ᠳᠣᠲᠣᠷ᠎ᠠ ᠮᠡᠳᠡᠭᠳᠡᠯ ᠲᠤᠰᠤᠭᠰᠠᠨ ᠥᠬᠡᠶ ᠪᠠᠶᠢᠪᠠᠯ᠂ ᠰᠢᠯᠭᠠᠨ ᠪᠠᠶᠢᠴᠠᠭᠠᠭᠰᠠᠨ ᠦᠷ᠎ᠡ ᠳ᠋ᠦᠩ ᠨᠢ ᠳᠠᠷᠤᠶ ᠪᠢᠯᠢᠭ ᠴᠢᠨᠠᠷᠲᠠᠶ ᠪᠣᠯᠤᠨ᠎ᠠ᠃   ︵ᠲᠠᠪᠤ︶ ᠬᠥᠳᠡᠯᠵᠦ ᠪᠠᠷᠢᠬᠤ ᠳᠤ ᠳᠥᠭᠦᠮ ᠦᠭᠡᠢ ᠭᠠᠭᠴᠠᠭᠠᠷ ᠰᠠᠭᠤᠭ᠎ᠠ ᠨᠠᠰᠤᠲᠠᠨ᠂ ᠵᠡᠮᠳᠡᠭᠴᠦᠳ᠂ ᠬᠦᠨᠳᠦ  ᠡᠪᠡᠳᠴᠢᠨ ᠲᠠᠢ ᠬᠥᠮᠦᠰ ᠦᠪᠡᠷᠳᠡᠬᠡᠨ ᠪᠤᠶᠤ ᠭᠡᠷ ᠪᠦᠯᠢ ᠶᠢᠨ   ᠬᠢᠨ ᠬᠦᠮᠤᠰ ᠨᠢ ᠬᠠᠷᠢᠶ᠎ᠠ ᠵᠠᠰᠠᠭ ᠵᠠᠬᠢᠷᠭᠠᠨ ᠤ ᠲᠣᠰᠬᠤᠨ ︵ᠨᠡᠶᠢᠭᠡᠮ ᠲᠣᠭᠤᠷᠢᠭ︶ ᠤ ᠠᠵᠢᠯᠲᠠᠨ ᠲᠠᠢ ᠪᠠᠨ ᠤᠷᠢᠳᠴᠢᠯᠠᠨ ᠬᠠᠷᠢᠯᠴᠠᠭᠰᠠᠨ ᠤ ᠲᠠᠷᠠᠭ᠎ᠠ᠂ ᠦᠯᠢᠭᠡᠷ ᠠᠪᠬᠤ ᠠᠵᠢᠯᠲᠠᠳ ᠭᠡᠷ ᠲᠤ ᠨᠢ ᠬᠦᠷᠴᠦ ᠦᠯᠢᠭᠡᠷ ᠠᠪᠴᠤ ᠪᠣᠯᠤᠨ᠎ᠠ᠃    ︵ᠵᠢᠷᠭᠤᠭ᠎ᠠ︶ ᠪᠥᠭᠡᠮ ᠬᠦᠴᠢᠯ ᠤᠨ ᠪᠠᠶᠢᠴᠠᠭᠠᠨ ᠬᠡᠮᠵᠢᠯᠲᠡ ᠳᠤ ᠦᠯᠦ ᠣᠷᠣᠯᠴᠠᠬᠤ ᠰᠠᠭᠤᠭᠠᠯᠢ ᠠᠷᠠᠳ ᠤᠨ ᠡᠷᠡᠭᠦᠯ ᠮᠡᠨᠳᠦ ᠶᠢᠨ ᠺᠣᠳ᠋ ᠢ ᠴᠥᠮ ᠰᠢᠷ᠎ᠠ ᠺᠣᠳ᠋ ᠢᠶᠠᠷ ᠲᠡᠮᠳᠡᠭᠯᠡᠬᠦ ᠶᠢᠨ ᠬᠠᠮᠲᠤ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠠᠯᠳᠠᠪᠤᠷᠢᠲᠤ ᠡᠪᠡᠳᠴᠢᠨ ᠢ ᠰᠡᠷᠭᠡᠶᠢᠯᠡᠨ ᠵᠠᠰᠠᠬᠤ ᠬᠠᠤᠯᠢ︾ ᠵᠡᠷᠭᠡ ᠬᠤᠯᠪᠣᠭᠳᠠᠯ ᠪᠦᠬᠦᠢ ᠲᠣᠭᠲᠠᠭᠠᠯ ᠢ ᠦᠨᠳᠦᠰᠦᠯᠡᠨ᠂ ᠲᠤᠰ ᠬᠥᠮᠦᠨ ᠨᠢ ᠬᠠᠮᠢᠶ᠎ᠠ ᠪᠦᠬᠦᠢ ᠬᠠᠤᠯᠢ ᠶᠢᠨ ᠬᠠᠷᠢᠭᠤᠴᠠᠯᠭ᠎ᠠ ᠡᠭᠦᠷᠭᠡᠯᠡᠨ᠎ᠡ᠃     ᠥᠷᠭᠡᠨ ᠤᠯᠠᠨ ᠰᠠᠭᠤᠭᠠᠯᠢ ᠠᠷᠠᠳ ᠰᠠᠨᠠᠭᠠᠴᠢᠯᠠᠭ᠎ᠠ ᠠᠴᠠ ᠪᠠᠨ ᠣᠷᠣᠯᠴᠠᠵᠤ᠂ ᠠᠶᠤᠵᠤ ᠡᠮᠢᠶᠡᠬᠦ ᠦᠭᠡᠢ᠂  ᠴᠤᠤᠷᠬᠠᠯ ᠲᠠᠷᠬᠠᠭᠠᠬᠤ ᠦᠭᠡᠢ᠂ ᠴᠤᠤᠷᠬᠠᠯ ᠢ ᠢᠲᠡᠭᠡᠬᠦ ᠦᠭᠡᠢ ᠪᠠᠶᠢᠬᠤ ᠶᠢ ᠬᠦᠰᠡᠵᠦ ᠪᠠᠶᠢᠨ᠎ᠠ᠃ ᠥᠷᠭᠡᠨ ᠤᠯᠠᠨ ᠰᠠᠭᠤᠭᠠᠯᠢ ᠠᠷᠠᠳ ᠤᠨ ᠢᠲᠡᠭᠡᠯ ᠪᠠ ᠳᠡᠮᠵᠢᠯᠭᠡ ᠪᠣᠯ ᠪᠢᠳᠡᠨ ᠤ ᠬᠠᠮᠤᠭ ᠤᠨ ᠶᠡᠭᠡ ᠵᠣᠷᠢᠭ ᠬᠦᠴᠤᠨ ᠮᠥᠨ︕ ᠤᠯᠠᠨ ᠢᠶᠠᠷ ᠢᠶᠠᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠬᠠᠮᠵᠢᠯᠴᠠᠨ ᠰᠠᠶᠢᠲᠤᠷ ᠬᠢᠵᠦ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠲᠤ ᠪᠠᠬᠢ ᠰᠡᠷᠭᠡᠶᠢᠯᠡᠯᠲᠡ ᠶᠢᠨ ᠱᠤᠭᠤᠮ ᠢ ᠬᠠᠮᠲᠤ ᠪᠠᠷ ᠴᠣᠭᠴᠠᠯᠠᠰᠤᠭᠠᠢ︕              ᠤᠩᠨᠢᠭᠤᠳ ᠬᠤᠰᠢᠭᠤᠨ ᠤ ᠰᠢᠨ᠎ᠠ ᠬᠡᠯᠪᠡᠷᠢ ᠶᠢᠨ ᠲᠢᠳᠢᠮᠯᠢᠭ ᠸᠢᠷᠦ᠋ᠰ ᠤᠨ              ᠬᠠᠯᠳᠠᠪᠤᠷᠢᠲᠤ ᠠᠭᠤᠰᠬᠢᠨ ᠦᠷᠪᠢᠰᠤᠯ ᠢ ᠰᠡᠷᠬᠡᠶᠢᠯᠡᠨ ᠬᠢᠵᠡᠭᠠᠷᠯᠠᠬᠤ ᠠᠵᠢᠯ ᠤᠨ              ᠵᠢᠯᠤᠭᠤᠳᠬᠤ ᠭᠠᠵᠠᠷ                                            2022 ᠣᠨ ᠤ 6 ᠰᠠᠷ᠎ᠠ ᠶᠢᠨ 17 ᠤ ᠡᠳᠦᠷ
 
ᠢᠷᠡᠯᠲᠡ᠄ ᠤᠩᠨᠢᠭᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号