| | ᠣᠶᠢᠷ᠎ᠠ ᠶᠢᠨ ᠵᠢᠯ ᠳᠤ᠂ ᠮᠠᠨ ᠤ ᠬᠤᠰᠢᠭᠤ ︽ᠳᠡᠯᠡᠬᠡᠶ ᠶᠢᠨ ᠣᠶᠢᠵᠢᠭᠤᠯᠤᠯᠲᠠ ᠶᠢᠨ ᠲᠠᠯᠠᠪᠠᠶ ᠪᠠᠷ ᠬᠠᠮᠤᠭ ᠤᠨ | ᠰᠡᠨᠳᠡᠩ ᠮᠤᠳᠤᠨ ᠰᠠᠭᠤᠷᠢᠨ ᠭᠠᠵᠠᠷ︾ ᠭᠡᠬᠦ ᠨᠡᠷ᠎ᠡ ᠲᠦᠷᠥ ᠳᠤ ᠪᠠᠨ ᠲᠦᠰᠢᠭᠯᠡᠨ᠂ ︽ ᠰᠡᠨᠳᠡᠩ ᠮᠤᠳᠤᠨ︾ | ᠰᠣᠶᠣᠯ ᠤᠨ ᠨᠠᠷᠠᠲᠤ ᠲᠡᠮᠳᠡᠭᠲᠦ ᠶᠢ ᠢᠳᠡᠭ ᠠᠯᠬᠤᠮ ᠢᠶᠠᠷ ᠭᠦᠨᠵᠡᠭᠡᠶᠢᠷᠡᠭᠦᠯᠵᠥ᠂ ᠡᠬᠡ ᠪᠠᠶᠢᠭᠠᠯᠢ᠂ ᠰᠡᠯᠡᠭᠦᠴᠡᠯ | ᠵᠢᠭᠤᠯᠴᠢᠯᠠᠯ᠂ ᠰᠤᠷᠭᠠᠨ ᠬᠥᠮᠦᠵᠢᠯ᠂ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠵᠡᠷᠭᠡ ᠲᠠᠢ ᠠᠭᠤᠰᠤᠯᠴᠠᠨ | ᠬᠥᠭᠵᠢᠬᠦ ᠶᠢ ᠠᠬᠢᠭᠤᠯᠵᠤ᠂ ᠣᠨᠴᠠᠯᠢᠭᠲᠤ ᠵᠢᠮᠢᠰᠥᠨ ᠮᠤᠳᠤᠨ ᠠᠵᠤ ᠦᠢᠯᠡᠰ ᠤᠨ ᠶᠠᠰᠤ ᠴᠢᠨᠠᠷ ᠢ | ᠳᠡᠭᠡᠭᠰᠢᠯᠡᠭᠦᠯᠦᠨ ᠦᠷ᠎ᠡ ᠠᠰᠢᠭ ᠢ ᠨᠡᠮᠡᠭᠳᠡᠭᠦᠯᠥᠭᠰᠡᠨ ᠪᠠᠶᠢᠨ᠎ᠠ᠃ | ᠡᠨᠡ ᠵᠢᠯ᠂ ᠬᠤᠰᠢᠭᠤᠨ ᠤ ᠣᠶ ᠰᠢᠭᠤᠶ ᠡᠪᠡᠰᠦ ᠪᠡᠯᠴᠢᠭᠡᠷ ᠵᠡᠷᠭᠡ ᠰᠠᠯᠠᠭ᠎ᠠ ᠮᠥᠴᠢᠷ ᠴᠢᠬᠢ ᠮᠤᠳᠤ | ᠤᠷᠤᠭᠤᠯᠬᠤ ᠰᠢᠨ᠎ᠡ ᠴᠢᠬᠢ ᠮᠤᠳᠤ ᠪᠤᠶᠢᠵᠢᠭᠤᠯᠬᠤ ᠠᠵᠢᠯ ᠢ ᠴᠢᠩᠭᠠᠳᠬᠠᠵᠤ᠂ ᠰᠢᠯᠢᠳᠡᠭ ᠰᠠᠶᠢᠨ ᠲᠦᠷᠥᠯ | ᠵᠦᠢᠯ ᠢ ᠣᠷᠣᠭᠤᠯᠤᠨ ᠠᠪᠴᠢᠷᠠᠬᠤ ᠪᠠᠷ ᠳᠠᠮᠵᠢᠭᠤᠯᠤᠨ᠂ 145 ᠮᠥ ᠳᠤ 1.35 ᠲᠦᠮᠡᠨ ᠰᠠᠭᠤᠷᠢ ᠰᠠᠶᠢᠨ | ᠲᠦᠷᠥᠯ ᠤᠨ ᠴᠢᠬᠢ ᠮᠤᠳᠤ ᠶᠢ ᠵᠠᠯᠭᠠᠭᠠᠳ ᠂ ᠡᠳᠡᠭᠡᠷᠡᠯᠲᠡ ᠶᠢᠨ ᠨᠣᠷᠮ᠎ᠠ ᠨᠢ 90 % ᠳᠡᠭᠡᠭᠰᠢ ᠳᠤ | ᠬᠦᠷᠥᠭᠰᠡᠨ ᠪᠠᠶᠢᠨ᠎ᠠ᠃ ᠣᠳᠣᠬᠠᠨ ᠳᠤ ᠲᠤᠯᠲᠠᠯ᠎ᠠ᠂ ᠪᠥᠬᠦ ᠬᠤᠰᠢᠭᠤᠨ ᠤ ᠰᠡᠨᠳᠡᠩ ᠮᠤᠳᠤᠨ ᠣᠢ ᠶᠢᠨ | ᠲᠠᠯᠠᠪᠠᠢ ᠪᠠᠷᠤᠭ 20 ᠲᠦᠮᠡᠨ ᠮᠦ ᠳᠤ ᠬᠦᠷᠴᠥ᠂ ᠰᠡᠨᠳᠡᠩ ᠮᠤᠳᠤᠨ ᠦᠷ᠎ᠠ ᠶᠢᠨ ᠵᠢᠯ ᠤᠨ ᠭᠠᠷᠤᠯᠲᠠ 15 | ᠲᠦᠮᠡᠨ ᠺᠢᠯᠣᠭ᠍ᠷᠠᠮ ᠢ ᠳᠠᠪᠠᠭᠰᠠᠨ ᠪᠠᠶᠢᠨ᠎ᠠ᠃ | ᠣᠨᠴᠠᠯᠢᠭᠲᠤ ᠡᠬᠢ ᠪᠠᠶᠠᠯᠢᠭ ᠤᠨ ᠳᠠᠪᠠᠭᠤᠯᠢᠭ ᠲᠤ ᠪᠠᠨ ᠲᠦᠰᠢᠭᠯᠡᠨ᠂ ᠬᠤᠰᠢᠭᠤᠨ ᠤ ᠨᠠᠮ ᠤᠨ ᠬᠤᠷᠢᠶ᠎ᠠ | ᠵᠠᠰᠠᠭ ᠤᠨ ᠣᠷᠳᠣᠨ ᠬᠤᠸᠠᠷ ᠴᠡᠴᠡᠭ ᠢᠶᠠᠷ ᠵᠠᠭᠤᠴᠢ ᠪᠤᠯᠭᠠᠨ ᠂ ᠰᠡᠨᠳᠡᠩ ᠮᠤᠳᠤᠨ ᠴᠡᠴᠡᠭ ᠤᠨ ᠪᠠᠶᠠᠷ | ᠳᠤᠷᠠᠰᠬᠠᠯ ᠤᠨ ᠰᠣᠶᠣᠯ ᠵᠢᠭᠤᠯᠴᠢᠯᠠᠯ ᠤᠨ ᠨᠡᠷᠡᠲᠦ ᠲᠡᠮᠳᠡᠭᠳᠦ ᠶᠢ ᠪᠣᠶ ᠪᠣᠯᠭᠠᠬᠤ ᠶᠢᠨ ᠬᠠᠮᠲᠤ᠂ ᠣᠨᠴᠠᠯᠢᠭᠳᠤ | ᠵᠢᠭᠤᠯᠴᠢᠯᠠᠯ ᠤᠨ ᠪᠦᠲᠦᠭᠡᠭᠳᠡᠬᠦᠨ ᠢ ᠶᠡᠬᠡᠪᠡᠷ ᠨᠡᠭᠡᠭᠡᠨ ᠬᠥᠭᠵᠢᠭᠦᠯᠵᠦ᠂ ᠰᠡᠨᠳᠡᠩ ᠮᠤᠳᠤᠨ ᠴᠡᠴᠡᠭ ᠤᠨ ᠴᠠᠢ᠂ | ᠰᠡᠨᠳᠡᠩ ᠮᠤᠳᠤᠨ ᠦᠷ᠎ᠡ ᠤᠨ ᠲᠤᠰᠤ ᠵᠡᠷᠭᠡ ᠰᠢᠷᠢᠰ ᠪᠦᠲᠦᠭᠡᠭᠳᠡᠬᠦᠨ ᠢ ᠳᠡᠯᠭᠡᠷᠡᠭᠦᠯᠵᠥ᠂ ᠪᠦᠲᠦᠭᠡᠭᠳᠡᠬᠦᠨ ᠤ | ᠨᠡᠮᠡᠯᠲᠡ ᠥᠷᠲᠡᠭ ᠢ ᠪᠦᠲᠦᠮᠵᠢᠲᠡᠶ ᠳᠡᠭᠡᠭᠰᠢᠯᠡᠭᠦᠯᠪᠡ᠃ ᠠᠵᠤ ᠦᠢᠯᠡᠰ ᠤᠨ ᠬᠡᠯᠬᠢᠶᠡᠵᠢᠯ ᠤᠨ ᠲᠠᠰᠤᠷᠠᠯᠲᠠ ᠥᠬᠡᠶ | ᠦᠷᠭᠦᠯᠵᠢᠯᠡᠬᠦ ᠶᠢ ᠳᠠᠭᠠᠯᠳᠤᠨ᠂ ᠣᠩᠨᠢᠭᠤᠳ ᠨᠤᠲᠤᠭ ᠤᠨ ︽ ᠰᠡᠨᠳᠡᠩ ᠮᠤᠳᠤᠨ ᠴᠡᠴᠡᠭ ᠦᠷ᠎ᠡ︾ ᠤᠨ ᠨᠡᠷᠡᠲᠦ | ᠲᠡᠮᠳᠡᠭᠳᠦ ᠨᠢ ᠬᠤᠯᠠ ᠣᠶᠢᠷ᠎ᠠ ᠳᠤ ᠠᠯᠳᠠᠷᠰᠢᠭᠰᠠᠨ ᠪᠠᠶᠢᠨ᠎ᠠ᠃ |