ᠯᠤᠤᠲᠤ ᠨᠤᠲᠤᠭ ᠤᠨ ᠵᠤᠭ᠎ᠠ ᠴᠡᠩᠬᠡᠯ ᠤᠨ ᠰᠥᠨᠢ ᠶᠢᠨ ᠵᠠᠬ᠎ᠠ ᠳᠡᠯᠭᠡᠭᠦᠷ ᠬᠦᠭᠵᠢᠶᠡᠨ ᠲᠠᠢ  ᠪᠠᠶᠢᠨ᠎ᠠ
ᠨᠡᠶᠢᠲᠡᠯᠡᠭᠰᠡᠨ ᠴᠠᠭ᠄
2024/6/12
        6 ᠰᠠᠷ᠎ᠠ ᠶᠢᠨ 8 ᠤ ᠡᠳᠦᠷ᠂ ᠣᠩᠨᠢᠭᠤᠳ ᠬᠤᠰᠢᠭᠤᠨ ᠤ ᠯᠤᠤᠲᠤ ᠨᠤᠲᠤᠭ ᠰᠣᠶᠣᠯ ᠵᠢᠭᠤᠯᠴᠢᠯᠠᠯ ᠤᠨ ᠬᠢᠵᠠᠭᠠᠷᠲᠤ ᠺᠣᠮᠫᠠᠨᠢ ᠪᠣᠯᠤᠨ ᠰᠢᠯᠢᠩᠬᠤᠲᠠ ᠶᠢᠨ ᠨᠢᠭᠡᠳᠦᠭᠡᠷ ᠨᠣᠮᠧᠷᠲᠤ ᠵᠡᠭᠡᠯᠢ ᠲᠣᠭᠤᠷᠢᠭ ᠰᠣᠶᠣᠯ ᠵᠠᠭᠤᠴᠢᠯᠠᠭᠤᠷ ᠤᠨ ᠺᠣᠮᠫᠠᠨᠢ ᠠᠴᠠ ᠡᠷᠬᠢᠯᠡᠭᠰᠡᠨ ᠯᠤᠤᠲᠤ ᠨᠤᠲᠤᠭ ᠤᠨ ᠵᠤᠭ᠎ᠠ ᠴᠡᠩᠬᠡᠯ ᠤᠨ ᠰᠥᠨᠢ ᠶᠢᠨ ᠵᠠᠬ᠎ᠠ ᠳᠡᠯᠭᠡᠭᠦᠷ ᠵᠢᠩᠬᠢᠨᠢ ᠪᠠᠷ ᠠᠰᠢᠭᠯᠠᠯᠲᠠ ᠳᠤ ᠣᠷᠣᠪᠠ᠃        ᠦᠳᠡᠰᠢ ᠶᠢᠨ ᠰᠡᠯᠡᠭᠦᠦ ᠪᠠᠷ ᠰᠦᠨᠢ ᠶᠢᠨ ᠵᠠᠬ᠎ᠠ ᠲᠡᠯᠬᠡᠬᠦᠷ ᠢᠶᠠᠷ ᠲᠤᠭᠤᠷᠢᠬᠤ ᠳᠤ ᠣᠯᠠᠨ ᠵᠦᠢᠯ ᠤᠨ ᠠᠮᠲᠠᠲᠤ ᠢᠳᠡᠭᠡᠨ ᠠᠴᠠ ᠭᠠᠳᠠᠨ᠎ᠠ ᠨᠠᠷᠢᠯᠢᠭ ᠬᠢᠴᠡᠲᠡᠢ ᠵᠢᠵᠢᠭ ᠴᠢᠮᠡᠭᠯᠡᠯ ᠤᠨ ᠡᠳ᠋  ᠂ ᠲᠣᠭᠯᠠᠭᠠᠮ ᠤᠨ ᠵᠦᠢᠯ᠂ ᠬᠡᠦᠬᠡᠳ ᠤᠨ ᠴᠡᠩᠭᠡᠯ ᠤᠨ ᠭᠠᠵᠠᠷ ᠵᠡᠷᠭᠡ ᠪᠦᠷ ᠪᠦᠷᠢᠨ ᠪᠠᠢᠵᠤ᠂ ᠬᠦᠮᠦᠨ ᠠᠮᠢᠲᠠᠨ ᠴᠤᠭᠯᠠᠷᠠᠨ᠂ ᠬᠦᠭᠵᠢᠮ ᠳᠠᠭᠤᠤ ᠬᠠᠩᠭᠢᠨᠠᠨ ᠤᠨᠴᠠ ᠬᠦᠭᠵᠢᠶᠡᠨᠲᠡᠢ ᠪᠠᠶᠢᠯ᠎ᠠ᠃         ᠵᠤᠭ᠎ᠠ ᠴᠡᠩᠬᠡᠯ ᠤᠨ ᠰᠥᠨᠢ ᠶᠢᠨ ᠵᠠᠬ᠎ᠠ ᠳᠡᠯᠭᠡᠭᠦᠷ ᠪᠣᠯᠤᠭᠰᠠᠨ ᠤ ᠬᠤᠪᠢ ᠳᠤ᠂ ᠲᠤᠰ ᠵᠠᠬ᠎ᠠ ᠳᠡᠯᠭᠡᠭᠦᠷ ᠨᠢ ᠠᠮᠲᠠᠲᠤ ᠢᠳᠡᠭᠡᠨ ᠤ ᠲᠤᠭᠤᠷᠢᠭ᠂ ᠬᠡᠤᠬᠡᠳ ᠤᠨ ᠴᠡᠩᠭᠡᠯ ᠤᠨ ᠤᠷᠳᠤᠨ ᠪᠤᠯᠤᠨ ᠰᠢᠷᠠᠯᠭ᠎ᠠ ᠶᠢᠨ ᠲᠤᠭᠤᠷᠢᠭ ᠵᠡᠷᠭᠡ ᠶᠢ ᠳᠣᠭᠢᠷᠠᠭᠤᠯᠵᠤ ᠬᠡᠷᠡᠭᠯᠡᠭᠴᠢᠳ ᠤᠨ ᠣᠯᠠᠨ ᠶᠠᠩᠵᠤ ᠶᠢᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠭᠰᠠᠨ ᠪᠠᠶᠢᠨ᠎ᠠ᠃ ᠡᠭᠦᠨ ᠠᠴᠠ ᠭᠠᠳᠠᠨ᠎ᠠ᠂ ᠲᠤᠰ ᠰᠥᠨᠢ ᠶᠢᠨ ᠵᠠᠬ᠎ᠠ ᠳᠡᠯᠭᠡᠭᠦᠷ ᠨᠢ ᠭᠠᠷᠠᠭ ᠤᠨ ᠰᠡᠭᠦᠯᠴᠢ ᠪᠠ ᠪᠠᠶᠠᠷ ᠳᠤᠷᠠᠰᠬᠠᠯ ᠤᠨ ᠡᠳᠦᠷ ᠤᠨ ᠬᠤᠭᠤᠴᠠᠭᠠᠨ ᠳᠤ ᠪᠠᠰᠠ ᠰᠣᠶᠣᠯ ᠵᠢᠭᠤᠯᠴᠢᠯᠠᠯ ᠤᠨ ᠰᠢᠷᠢᠰ ᠠᠵᠢᠯᠯᠠᠭ᠎ᠠ ᠥᠷᠨᠢᠭᠦᠯᠵᠦ᠂ ᠥᠷᠭᠡᠨ ᠤᠯᠠᠨ ᠵᠤᠭᠠᠴᠠᠨ ᠲᠤᠭᠤᠷᠢᠭᠰᠠᠳ ᠲᠤ ᠠᠮᠲᠠᠲᠤ ᠢᠳᠡᠭᠡᠨ ᠠᠴᠠ ᠭᠠᠳᠠᠨ᠎ᠠ ᠪᠠᠰᠠ ᠤᠯᠠᠨ ᠵᠦᠢᠯ ᠤᠨ ᠪᠠᠶᠠᠷ ᠴᠡᠩᠬᠡᠯ ᠢ ᠡᠳ᠋ᠯᠡᠭᠦᠯᠬᠦ ᠪᠤᠯᠤᠨ᠎ᠠ᠃
 
ᠢᠷᠡᠯᠲᠡ᠄ ᠣᠩᠨᠢᠭᠤᠳ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号