ᠮᠠᠨ ᠤ ᠬᠤᠰᠢᠭᠤᠨ ᠤ 11 ᠲᠦᠮᠡᠨ ᠮᠦ ᠰᠢᠬᠢᠷ ᠯᠤᠤᠪᠠᠩ ᠤᠷᠭᠤᠴᠠ ᠰᠠᠶᠢᠳᠠᠢ ᠪᠠᠶᠢᠨ᠎ᠠ
ᠨᠡᠶᠢᠲᠡᠯᠡᠭᠰᠡᠨ ᠴᠠᠭ᠄
2024/6/25
       ᠣᠶᠢᠷ᠎ᠠ ᠳᠤ᠂ ᠤᠯᠤᠰ ᠤᠨ ᠰᠢᠬᠢᠷ ᠤᠨ ᠮᠠᠲ᠋ᠧᠷᠢᠶᠠᠯ ᠤᠨ ᠠᠵᠤ ᠦᠢᠯᠡᠰ ᠤᠨ ᠮᠡᠷᠭᠡᠵᠢᠯ ᠤᠨ ᠰᠢᠰᠲ᠋ᠧᠮ ᠤᠨ ᠰᠢᠬᠢᠷ ᠯᠤᠤᠪᠠᠩ ᠳᠠᠷᠢᠬᠤ ᠮᠡᠷᠭᠡᠵᠢᠯ ᠤᠨ ᠰᠢᠨᠵᠢᠯᠡᠬᠦ ᠤᠬᠠᠭᠠᠨᠲᠠᠨ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠶ ᠶᠢᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠤᠷᠭᠤᠮᠠᠯ ᠢ ᠬᠠᠮᠠᠭᠠᠯᠠᠬᠤ ᠰᠤᠳᠤᠯᠭᠠᠨ ᠤ ᠭᠠᠵᠠᠷ ᠤᠨ ᠳᠡᠳ᠋ ᠳᠠᠷᠤᠭ᠎ᠠ ᠭᠦᠸᠧ ᠰᠢᠶᠤᠤ ᠰᠢᠶᠠ ᠰᠤᠳᠤᠯᠤᠭᠴᠢ᠂ ᠰᠢᠬᠢᠷ ᠯᠤᠤᠪᠠᠩ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠮᠡᠷᠭᠡᠵᠢᠯᠲᠡᠨ ᠲᠢᠶᠠᠨ ᠯᠦ ᠳ᠋ᠣᠺᠲ᠋ᠣᠷ᠂ ᠬᠤᠤ ᠶᠠᠨ ᠱᠤ᠋ ᠳ᠋ᠣᠺᠲ᠋ᠣᠷ ᠵᠡᠷᠭᠡ 3 ᠬᠥᠮᠦᠨ ᠮᠠᠨ ᠤ ᠬᠤᠰᠢᠭᠤᠨ ᠳᠤ ᠢᠷᠡᠵᠦ ᠰᠢᠬᠢᠷ ᠯᠤᠤᠪᠠᠩ ᠤᠨ ᠪᠣᠬᠢᠷᠲᠤᠯ ᠥᠬᠡᠶ ᠴᠢᠨᠠᠷ ᠰᠠᠶᠢᠲᠠᠶ ᠲᠠᠷᠢᠵᠤ ᠪᠤᠶᠢᠵᠢᠭᠤᠯᠬᠤ ᠮᠡᠷᠭᠡᠵᠢᠯ ᠤᠨ ᠵᠢᠯᠣᠭᠤᠳᠬᠤ ᠠᠵᠢᠯ ᠦᠷᠨᠢᠭᠦᠯᠥᠭᠰᠡᠨ ᠤ ᠬᠠᠮᠲᠤ ᠰᠢᠬᠢᠷ ᠯᠤᠤᠪᠠᠩ ᠤᠨ ᠠᠵᠤ ᠦᠢᠯᠡᠰ ᠤᠨ ᠬᠠᠮᠢᠶ᠎ᠠ ᠪᠥᠬᠦᠶ ᠬᠠᠮᠲᠤᠷᠠᠯᠴᠠᠭᠠᠨ ᠤ ᠥᠷᠲᠡᠭᠡ ᠴᠡᠭ ᠢ ᠵᠣᠯᠭᠠᠭᠤᠯᠬᠤ ᠶᠢ ᠨᠠᠶᠢᠳᠠᠪᠤᠷᠢᠵᠢᠭᠤᠯᠪᠠ᠃       ᠵᠢᠯᠣᠭᠤᠳᠬᠤ ᠳᠤᠭᠤᠶᠢᠯᠠᠩ ᠨᠢ ᠤᠷᠢᠳ ᠬᠤᠵᠢᠳ ᠪᠣᠷᠣᠬᠤᠲᠠ ᠪᠠᠯᠭᠠᠰᠤᠨ ᠤ ᠰᠢᠬᠢᠷ ᠯᠤᠤᠪᠠᠩ ᠳᠠᠷᠢᠬᠤ ᠵᠢᠱᠢᠶ᠎ᠡ ᠦᠵᠡᠭᠦᠯᠬᠦ ᠰᠠᠭᠤᠷᠢᠨ ᠭᠠᠵᠠᠷ᠂ ᠴᠢᠤᠸᠠᠨ ᠨᠢᠩ ᠵᠡᠭᠡᠯᠢ ᠭᠤᠳᠤᠮᠵᠢ ᠶᠢᠨ ᠢᠦᠶ ᠵᠢᠶᠠ ᠸᠧ ᠫᠦ᠋ ᠲᠣᠰᠬᠤᠨ ᠤ ᠰᠢᠬᠢᠷ ᠯᠤᠤᠪᠠᠩ ᠤᠨ ᠲᠥᠷᠥᠯ ᠵᠦᠢᠯ ᠢ ᠳᠡᠯᠭᠡᠨ ᠦᠵᠡᠭᠦᠯᠬᠦ ᠲᠠᠪᠴᠠᠩ᠂ ᠭᠤᠳᠠᠭᠠᠷ ᠬᠦᠩ ᠪᠠᠯᠭᠠᠰᠤᠨ ᠤ ᠰᠢᠬᠢᠷ ᠯᠤᠤᠪᠠᠩ ᠳᠠᠷᠢᠬᠤ ᠵᠢᠱᠢᠶ᠎ᠡ ᠦᠵᠡᠭᠦᠯᠬᠦ ᠬᠦᠷᠢᠶᠡᠯᠡᠩ ᠲᠣᠭᠤᠷᠢᠭ ᠲᠤ ᠬᠦᠷᠴᠦ ᠲᠠᠷᠢᠶᠠᠨ ᠭᠠᠵᠠᠷ ᠤᠨ ᠲᠤᠬᠠᠶ ᠶᠢᠨ ᠲᠠᠯᠠᠪᠤᠷ ᠤᠨ ᠵᠢᠯᠣᠭᠤᠳᠣᠯᠭ᠎ᠠ ᠥᠷᠨᠢᠭᠦᠯᠬᠦ ᠶᠢᠨ ᠬᠠᠮᠲᠤ᠂ ᠰᠢᠬᠢᠷ ᠯᠤᠤᠪᠠᠩ ᠪᠣᠷᠲᠣᠭᠤᠷ ᠤᠨ ᠶᠡᠷᠦᠩᠬᠡᠶᠢᠯᠡᠭᠰᠡᠨ ᠲᠤᠷᠰᠢᠯᠲᠠ ᠳᠤ ᠲᠠᠷᠢᠶᠠᠨ ᠭᠠᠵᠠᠷ ᠤᠨ ᠦᠯᠢᠭᠡᠷ ᠠᠪᠬᠤ ᠪᠠ ᠲᠤᠭ᠎ᠠ ᠪᠠᠷᠢᠮᠲᠠ ᠬᠢᠵᠥ ᠵᠠᠳᠠᠯᠤᠯᠲᠠ ᠬᠢᠭᠰᠡᠨ ᠪᠠᠶᠢᠨ᠎ᠠ᠃       2024 ᠣᠨ ᠳᠤ ᠣᠩᠨᠢᠭᠤᠳ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠢᠬᠢᠷ ᠯᠤᠤᠪᠠᠩ ᠪᠣᠷᠳᠣᠭᠤᠷ ᠤᠨ ᠰᠢᠨ᠎ᠡ ᠲᠥᠷᠥᠯ ᠵᠦᠢᠯ ᠤᠨ ᠲᠤᠷᠰᠢᠯᠲᠠ ᠶᠢ ᠡᠭᠦᠷᠭᠡᠯᠡᠪᠡ᠃ ᠲᠤᠷᠰᠢᠯᠲᠠ ᠶᠢᠨ ᠵᠣᠷᠢᠯᠭ᠎ᠠ ᠨᠢ ᠲᠠᠷᠢᠶᠠᠨ ᠭᠠᠵᠠᠷ ᠤᠨ ᠪᠣᠷᠳᠣᠭᠤᠷ ᠤᠨ ᠦᠷ᠎ᠡ ᠪᠦᠲᠦᠮᠵᠢ ᠶᠢ ᠬᠠᠷᠢᠴᠠᠭᠤᠯᠬᠤ ᠪᠠᠷ ᠳᠠᠮᠵᠢᠭᠤᠯᠤᠨ᠂ ᠠᠳᠠᠯᠢ ᠪᠤᠰᠤ ᠪᠣᠷᠳᠣᠭᠤᠷ ᠢ ᠰᠢᠬᠢᠷ ᠤᠨ ᠮᠠᠨᠵᠢᠨ ᠤ ᠪᠣᠷᠳᠣᠭᠤᠷ ᠤᠨ ᠠᠰᠢᠭᠯᠠᠮᠵᠢ ᠶᠢ ᠳᠡᠭᠡᠭᠰᠢᠯᠡᠭᠦᠯᠬᠦ ᠲᠠᠯ᠎ᠠ ᠪᠠᠷ᠂ ᠵᠢᠴᠢ ᠰᠢᠬᠢᠷ ᠯᠤᠤᠪᠠᠩ ᠤᠨ ᠰᠢᠬᠢᠷ ᠤᠨ ᠠᠭᠤᠯᠤᠭᠳᠠᠴᠠ ᠪᠠ ᠤᠨᠠᠯᠲᠠ ᠶᠢ ᠨᠡᠮᠡᠭᠳᠡᠭᠦᠯᠬᠦ ᠲᠠᠯ᠎ᠠ ᠶᠢᠨ ᠪᠣᠳᠠᠲᠠᠶ ᠦᠷ᠎ᠡ ᠪᠦᠲᠦᠮᠵᠢ ᠶᠢ ᠰᠢᠯᠭᠠᠨ ᠪᠠᠲᠤᠯᠠᠵᠤ᠂ ᠣᠩᠨᠢᠭᠤᠳ ᠬᠤᠰᠢᠭᠤ ᠵᠢᠴᠢ ᠶᠠᠨᠱᠠᠨ ᠤ ᠳᠣᠪᠣᠷᠬᠠᠭ ᠭᠠᠵᠠᠷ ᠣᠷᠣᠨ ᠤ ᠰᠢᠬᠢᠷ ᠯᠤᠤᠪᠠᠩ ᠤᠨ ᠰᠢᠨᠵᠢᠯᠡᠬᠦ ᠤᠬᠠᠭᠠᠨᠴᠢ ᠪᠠᠷ ᠪᠣᠷᠳᠣᠭᠤᠷ ᠣᠷᠣᠭᠤᠯᠬᠤ ᠲᠠᠯ᠎ᠠ ᠪᠠᠷ ᠰᠢᠨᠵᠢᠯᠡᠬᠦ ᠤᠬᠠᠭᠠᠨᠴᠢ ᠪᠠᠷ ᠲᠤᠷᠰᠢᠬᠤ ᠦᠨᠳᠦᠰᠦᠯᠡᠯ ᠬᠠᠩᠭᠠᠬᠤ ᠪᠤᠯᠤᠨ᠎ᠠ᠃        ᠰᠢᠬᠢᠷ ᠯᠤᠤᠪᠠᠩ ᠲᠠᠷᠢᠬᠤ ᠵᠢᠱᠢᠶ᠎ᠡ ᠦᠵᠡᠭᠦᠯᠬᠦ ᠣᠷᠣᠨ ᠢ ᠪᠠᠶᠢᠭᠤᠯᠬᠤ ᠪᠠᠷ ᠳᠠᠮᠵᠢᠭᠤᠯᠤᠨ᠂ ᠴᠡᠭ ᠢᠶᠠᠷ ᠨᠡᠶᠢᠳᠡᠮ ᠢ ᠳᠠᠶᠢᠴᠢᠯᠠᠨ ᠰᠢᠬᠢᠷ ᠯᠤᠤᠪᠠᠩ ᠲᠠᠷᠢᠬᠤ ︽ᠭᠤᠷᠪᠠᠨ ᠰᠢᠨ᠎ᠡ︾ ᠶᠢᠨ ᠮᠡᠷᠭᠡᠵᠢᠯ ᠢ ᠣᠷᠣᠭᠤᠯᠤᠨ ᠠᠪᠴᠢᠷᠠᠵᠤ ᠵᠢᠱᠢᠶ᠎ᠡ ᠦᠵᠡᠭᠦᠯᠦᠨ ᠳᠡᠯᠭᠡᠷᠡᠭᠦᠯᠬᠦ ᠶᠢ ᠨᠡᠮᠡᠭᠳᠡᠭᠦᠯᠵᠦ᠂ ᠣᠩᠨᠢᠭᠤᠳ ᠬᠤᠰᠢᠭᠤᠨ ᠤ ᠰᠢᠬᠢᠷ ᠯᠤᠤᠪᠠᠩ ᠤᠨ ᠠᠵᠤ ᠦᠢᠯᠡᠰ ᠤᠨ ᠦᠷᠭᠦᠯᠵᠢᠯᠡᠨ ᠡᠷᠡᠭᠦᠯ ᠢᠶᠠᠷ ᠬᠥᠭᠵᠢᠬᠦ ᠳᠤ ᠬᠦᠴᠦᠲᠡᠶ ᠮᠡᠷᠭᠡᠵᠢᠯ ᠤᠨ ᠲᠤᠯᠭᠠᠭᠤᠷᠢᠯᠠᠯ ᠬᠠᠩᠭᠠᠨ᠎ᠠ᠃        ᠣᠶᠢᠯᠠᠭᠠᠭᠰᠠᠨ ᠢᠶᠠᠷ᠂ ᠣᠩᠨᠢᠭᠤᠳ ᠬᠤᠰᠢᠭᠤ ᠲᠠᠷᠢᠮᠠᠯ ᠤᠨ ᠦᠢᠯᠡᠰ ᠤᠨ ᠪᠦᠲᠦᠴᠡ ᠶᠢ ᠲᠣᠬᠢᠷᠠᠭᠤᠯᠬᠤ ᠡᠷᠴᠢᠮ ᠢᠶᠠᠨ ᠴᠢᠩᠭᠠᠷᠠᠭᠤᠯᠬᠤ ᠪᠠᠷ ᠳᠠᠮᠵᠢᠭᠤᠯᠤᠨ᠂ ᠲᠣᠯᠣᠭᠠᠶᠢᠯᠠᠭᠴᠢ ᠠᠵᠤ ᠠᠬᠤᠶᠢᠯᠠᠯ ᠳᠤ ᠲᠦᠰᠢᠭᠯᠡᠨ᠂ ᠪᠦᠷᠢᠨ ᠪᠦᠲᠦᠨ ᠠᠵᠤ ᠦᠢᠯᠡᠰ ᠤᠨ ᠬᠡᠯᠬᠢᠶ᠎ᠡ ᠳᠡᠭᠡᠷ᠎ᠡ ᠰᠢᠬᠢᠷ ᠯᠤᠤᠪᠠᠩ ᠤᠨ ᠵᠠᠬᠢᠶᠠᠯᠠᠭ᠎ᠠ ᠶᠢᠨ ᠲᠠᠷᠢᠮᠠᠯ ᠢ ᠬᠥᠭᠵᠢᠭᠦᠯᠵᠦ ᠪᠠᠶᠢᠨ᠎ᠠ᠃ ᠤᠳᠤᠬᠠᠨ ᠳᠤ ᠪᠥᠬᠦ ᠬᠤᠰᠢᠭᠤᠨ ᠤ 11 ᠲᠦᠮᠡᠨ ᠮᠦ ᠰᠢᠬᠢᠷ ᠯᠤᠤᠪᠠᠩ ᠤᠷᠭᠤᠴᠠ ᠰᠠᠶᠢᠳᠠᠶ ᠪᠠᠶᠢᠵᠤ᠂ ᠲᠠᠷᠢᠶᠠᠴᠢᠳ ︽ᠡᠯᠪᠡᠭ ᠬᠤᠷᠢᠶᠠᠯᠲᠠ︾ ᠣᠯᠬᠤ ᠡᠷᠡᠮᠡᠯᠵᠡᠯᠡᠯ ᠲᠠᠢ ᠪᠠᠶᠢᠨ᠎ᠠ᠃
 
ᠢᠷᠡᠯᠲᠡ᠄ ᠣᠩᠨᠢᠭᠤᠳ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号