ᠭᠦᠪ ᠤᠨ ᠠᠶᠢᠯ ᠭᠠᠴᠠᠭ᠎ᠠ ᠎ ᠳᠠᠬᠢ ᠨᠠᠷᠠᠨ ᠰᠠᠭᠢᠭᠤᠯᠰᠤ ᠶᠢ ᠳᠠᠭᠢᠬᠤ ᠲᠦᠰᠦᠯ
ᠨᠡᠶᠢᠲᠡᠯᠡᠭᠰᠡᠨ ᠴᠠᠭ᠄
2016/10/19
                                                       —— ᠨᠠᠮᠲᠠᠶᠢᠰᠦ᠋ᠷᠥᠩ     ᠤᠩᠨᠢᠭᠤᠳ ᠬᠤᠰᠢᠭᠤᠨ ᠤ ᠪᠤᠷᠤᠬᠤᠳᠠ ᠪᠠᠯᠭᠠᠰᠤ ᠶᠢᠨ ᠭᠦᠪ ᠤᠨ ᠠᠶᠢᠯ ᠤᠨ ᠤᠩᠭᠢ ᠶᠢᠨ ᠠᠭᠤᠯᠠ ᠶᠢᠨ ᠪᠠᠷᠠᠭᠤᠨ ᠡᠮᠤᠨ᠎ᠡ ᠳᠤᠤᠷ᠎ᠠ ᠨᠢᠭᠡ ︿︿ᠨᠠᠷᠠᠨ ᠰᠠᠭᠢᠭᠤᠯᠰᠤ ᠶᠢᠨ ᠬᠠᠳᠠᠨ ᠵᠢᠷᠤᠭ﹀﹀ ᠪᠠᠶᠢᠳᠠᠭ᠂ ᠡᠨᠡ ᠪᠤᠯ ᠡᠷᠳᠡᠨ ᠤ ᠡᠳ᠋ ᠦᠷᠯᠦᠭ ᠤᠨ ᠭᠤᠤᠯᠳᠠᠯᠠᠭ᠎ᠠ ᠲᠠᠢ ᠬᠠᠮᠠᠭᠠᠯᠠᠬᠤ ᠲᠦᠷᠦᠯ ᠵᠦᠢᠯ ᠤᠨ ᠨᠢᠭᠡᠨ ᠮᠥᠨ᠃ 6000 ᠵᠢᠯ ᠤᠨ ᠡᠮᠦᠨ᠎ᠡ᠂ ᠮᠠᠨ ᠤ ᠡᠪᠦᠭᠡ ᠳᠡᠭᠡᠳᠦᠰ ᠠᠳᠡ ᠨᠠᠷᠠᠨ ᠰᠠᠭᠢᠭᠤᠯᠰᠤ ᠶᠢ ᠳᠠᠭᠢᠵᠤ ᠪᠠᠶᠢᠭᠰᠠᠨ ᠠᠵᠠᠢ᠃ ᠡᠨᠡ ᠨᠢ ᠮᠥᠨ ᠴᠤ ᠪᠦᠭᠡ ᠶᠢᠨ ᠱᠠᠰᠢᠨᠲᠠᠨ ᠤ ᠱᠠᠰᠢᠨ ᠤ ᠭᠦᠳᠡᠯᠭᠡᠭᠡᠨ ᠭᠢᠵᠤ ᠪᠠᠶᠢᠭᠰᠠᠨ ᠲᠠᠯᠠᠪᠤᠷ ᠶᠤᠮ᠃ ᠡᠶᠢᠮᠦ ᠠᠴᠠ ᠡᠨᠡ ᠬᠠᠳᠠᠨ ᠵᠢᠷᠤᠭ ᠨᠢ ᠮᠠᠰᠢ ᠶᠡᠭᠡ ᠰᠤᠳᠤᠯᠭᠠᠨ ᠤ ᠦᠨ᠎ᠡ ᠦᠷᠳᠡᠭ ᠪᠠ ᠭᠡᠷᠡᠭᠯᠡᠭᠡᠨ ᠤ ᠦᠨ᠎ᠡ ᠦᠷᠳᠡᠭ ᠲᠠᠢ ᠶᠤᠮ᠃     ᠲᠦᠮᠡᠨ ᠪᠤᠳᠠᠰ ᠦᠰᠦᠨ ᠪᠤᠶᠢᠵᠢᠬᠤ ᠳᠤ ᠨᠠᠷᠠᠨ ᠤ ᠭᠡᠷᠡᠯ ᠢ ᠲᠦᠰᠢᠭᠯᠡᠨ᠎ᠡ᠃ ᠨᠠᠷᠠ ᠪᠤᠯ ᠭᠦᠮᠦᠨ ᠲᠦᠷᠦᠯᠭᠢᠳᠡᠨ ᠳᠤ ᠭᠡᠷᠡᠯ ᠭᠡᠭᠡ ᠶᠢ ᠠᠪᠴᠢᠷᠠᠵᠤ ᠦᠭᠭᠦᠭᠰᠡᠨ ᠶᠤᠮ᠃ ᠡᠶᠢᠮᠦ ᠪᠤᠯᠬᠤᠷ ᠲᠡᠯᠡᠭᠡᠢ ᠶᠢᠨ ᠡᠯ᠎ᠡ ᠦᠨᠳᠦᠰᠦᠳᠡᠨ ᠤ ᠠᠷᠠᠳ ᠲᠦᠮᠡᠨ ᠳᠤ ᠪᠠᠷᠤᠭ ᠪᠦᠷ ᠯᠡ ᠨᠠᠷᠠ ᠶᠢ ᠰᠦᠰᠦᠭᠯᠡᠨ ᠳᠠᠭᠢᠵᠤ ᠰᠢᠳᠦᠵᠤ ᠪᠠᠶᠢᠭᠰᠠᠨ ᠵᠠᠩ ᠵᠠᠩᠰᠢᠯ ᠤᠨ ᠲᠡᠤᠭᠡ ᠲᠠᠢ ᠪᠠᠶᠢᠭᠰᠠᠨ ᠶᠤᠮ᠃  ᠮᠠᠨ ᠤ ᠤᠯᠤᠰ ᠤᠨ ᠲᠡᠤᠭᠡᠨ ᠳᠡᠭᠡᠷ᠎ᠡ ᠶᠢᠨ ᠭᠦᠮᠦᠨ ᠦᠷᠯᠦᠭᠡ ᠤᠷᠤᠢ ᠬᠤᠶᠠᠷ ᠴᠠᠭ ᠢᠶᠠᠷ ᠨᠠᠷᠠ ᠶᠢ ᠳᠠᠭᠢᠵᠤ ᠪᠠᠶᠢᠯ᠎ᠠ ᠭᠡᠳᠡᠭ᠃ ᠾᠦᠩᠨᠤ ᠶᠢᠨ ᠡᠵᠡᠨ ᠴᠠᠨ ᠢᠦᠢ ᠦᠷᠯᠦᠭᠡ ᠪᠤᠯᠭᠠᠨ ᠭᠠᠳᠠᠨ᠎ᠠ ᠭᠠᠷᠴᠤ ᠨᠠᠷᠠ ᠮᠠᠨᠳᠤᠬᠤ ᠶᠢ ᠤᠭᠳᠤᠨ ᠠᠪᠬᠤ ᠳᠠᠭᠢᠯᠠᠭ᠎ᠠ ᠶᠢᠨ ᠶᠤᠰᠤᠯᠠᠯ ᠶᠠᠪᠤᠭᠤᠯᠳᠠᠭ ᠭᠡᠨ᠎ᠡ᠃  ᠮᠠᠨ ᠤ ᠤᠩᠨᠢᠭᠤᠳ ᠬᠤᠰᠢᠭᠤᠨ ᠳᠤ ᠤᠩᠭᠢ ᠶᠢᠨ ᠠᠭᠤᠯᠠ ᠪᠤᠯᠤᠨ ᠵᠠᠷᠠᠭ᠎ᠠ ᠶᠢᠨ ᠠᠭᠤᠯᠠᠨ ᠳᠤ  ︿︿ᠨᠠᠷᠠᠨ ᠰᠠᠭᠢᠭᠤᠯᠰᠤ ᠶᠢᠨ ᠬᠠᠳᠠᠨ ᠵᠢᠷᠤᠭ﹀﹀  ᠪᠠᠶᠢᠳᠠᠭ᠃ ᠡᠭᠦᠨ ᠠᠴᠠ ᠪᠢᠳᠡ᠂ ᠲᠡᠤᠭᠡᠨ ᠳᠡᠭᠡᠷ᠎ᠡ ᠮᠠᠨ ᠤ ᠠᠳᠡᠭᠢ ᠡᠪᠦᠭᠡ ᠳᠡᠭᠡᠳᠦᠰ ᠠᠳᠡ ᠨᠠᠷᠠᠨ ᠰᠠᠭᠢᠭᠤᠯᠰᠤ ᠶᠢ ᠰᠢᠳᠦᠨ ᠳᠠᠭᠢᠵᠤ ᠪᠠᠶᠢᠯ᠎ᠠ ᠭᠡᠳᠡᠭ ᠢ ᠮᠡᠳᠡᠵᠤ ᠪᠤᠯᠤᠨ᠎ᠠ᠃ ᠤᠳᠤ ᠮᠠᠨ ᠤ ᠤᠩᠨᠢᠭᠤᠳ ᠬᠤᠰᠢᠭᠤᠨ ᠤ ᠭᠦᠳᠡᠭᠡ ᠲᠤᠰᠬᠤᠨ ᠳᠤ ᠨᠠᠷᠠ ᠭᠭᠢᠷᠳᠦᠭᠦ ᠪᠠ ᠰᠠᠷᠠ ᠭᠭᠢᠷᠳᠦᠭᠦ ᠦᠶ᠎ᠡ ᠳᠤ ᠮᠠᠯᠴᠢᠨ ᠲᠠᠷᠢᠶᠠᠴᠢᠳ ᠪᠠᠰᠠ ᠭᠠᠤᠯᠢᠨ ᠲᠦᠩᠫᠦᠨ ᠤ ᠢᠷᠤᠭᠠᠯ ᠢ ᠲᠤᠭᠰᠢᠵᠤ ︿︿ᠷᠠᠬᠤ ᠨᠠᠷᠠ ᠰᠠᠷᠠ ᠶᠢ ᠢᠳᠡᠭᠦ  ﹀﹀᠎ ᠶᠢ ᠰᠡᠷᠭᠡᠶᠢᠯᠡᠵᠤ ᠪᠠᠶᠢᠨ᠎ᠡ ᠭᠡᠵᠤ ᠲᠤᠮ ᠲᠤᠭᠢᠶ᠎ᠠ ᠭᠢᠳᠡᠭ ᠡᠷᠳᠡᠨ ᠤ ᠵᠠᠩ ᠵᠠᠩᠰᠢᠯ ᠎ ᠢᠶᠠᠨ ᠪᠠᠷᠢᠮᠲᠠᠯᠠᠵᠤ ᠪᠠᠶᠢᠳᠠᠭ᠃ ᠮᠠᠯᠵᠢᠬᠤ ᠤᠷᠤᠨ ᠤ ᠮᠤᠩᠭᠤᠯᠴᠤᠳ ᠪᠠᠰᠠ ᠨᠠᠷᠠ ᠭᠠᠷᠬᠤ ᠦᠶ᠎ᠡ ᠳᠤ ᠨᠠᠷᠠᠨ ᠳᠤ ᠰᠦ ᠶᠢᠨ ᠰᠠᠴᠤᠯᠢ ᠡᠷᠭᠦᠵᠤ᠂ ᠨᠠᠷᠠ ᠶᠢ ᠤᠭᠳᠤᠨ ᠠᠪᠴᠤ ᠪᠠᠶᠢᠬᠤ ᠰᠡᠳᠭᠢᠯᠭᠡ ᠪᠠᠨ ᠢᠯᠡᠳᠭᠡᠵᠤ ᠪᠠᠶᠢᠳᠠᠭ᠃     ᠨᠠᠷᠠ ᠶᠢ ᠳᠠᠭᠢᠬᠤ ᠶᠤᠰᠤᠯᠠᠯ ᠢ ᠡᠳᠦᠷ ᠪᠤᠯᠭᠠᠨ ᠤ ᠦᠷᠯᠦᠭᠡ ᠤᠷᠤᠢ ᠶᠠᠪᠤᠭᠳᠠᠭᠤᠯᠬᠤ ᠠᠴᠠ ᠭᠠᠳᠠᠨ᠎ᠠ ᠪᠠᠰᠠ ᠪᠢᠯᠢᠭ ᠤᠨ ᠤᠯᠠᠷᠢᠯ ᠤᠨ ᠵᠢᠷᠭᠤᠭᠠᠨ ᠰᠠᠷ᠎ᠠ ᠶᠢᠨ ᠠᠷᠪᠠ ᠶᠢᠰᠦᠨ ᠤ ᠨᠠᠷᠠᠨ ᠰᠠᠭᠢᠭᠤᠯᠰᠤ ᠤᠨ ᠮᠡᠨᠳᠦᠯᠡᠭᠰᠡᠨ ᠡᠳᠦᠷ ᠎ ᠢ ᠲᠤᠭᠢᠶᠠᠯᠳᠤᠭᠤᠯᠤᠨ ᠳᠠᠭᠢᠳᠠᠭ ᠪᠠᠶᠢᠵᠠᠢ᠃ ᠡᠨᠡ ᠡᠳᠦᠷ ᠤᠨ ᠨᠠᠷᠠ ᠭᠠᠷᠬᠤ ᠠᠴᠠ ᠡᠮᠦᠨ᠎ᠡ᠃ ᠭᠦᠮᠦᠰ ᠨᠠᠷᠠᠨ ᠰᠠᠭᠢᠭᠤᠯᠰᠤ ᠶᠢᠨ ᠬᠠᠲᠠᠨ ᠵᠢᠷᠤᠭ ᠤᠨ ᠲᠡᠷᠭᠡᠳᠡ ᠴᠤᠭᠯᠠᠷᠠᠵᠤ ᠨᠠᠷᠠ ᠶᠢ ᠳᠠᠭᠢᠵᠤ᠂ ᠬᠤᠷ᠎ᠠ ᠪᠤᠷᠤᠭᠠᠨ ᠲᠡᠭᠰᠢᠷᠡᠵᠤ᠂ ᠰᠠᠯᠭᠢᠨ ᠭᠠᠮᠰᠢᠭ ᠠᠷᠢᠯᠤᠨ᠂ ᠲᠠᠪᠤᠨ ᠬᠤᠰᠢᠭᠤ ᠮᠠᠯ ᠦᠨᠢᠷ ᠦᠰᠴᠦ᠂ ᠲᠠᠪᠤᠨ ᠲᠠᠷᠢᠶ᠎ᠠ ᠡᠯᠪᠡᠭ  ᠬᠤᠷᠢᠶᠠᠯᠳᠠ ᠤᠯᠵᠤ᠂ ᠡᠪᠡᠳᠴᠢᠨ ᠵᠤᠪᠠᠯᠠᠩ ᠠᠷᠢᠯᠤᠨ᠂ ᠤᠯᠤᠰ ᠭᠡᠷ ᠲᠠᠶᠢᠪᠤᠩ᠂ ᠭᠦᠮᠦᠨ ᠠᠷᠠᠳ ᠠᠮᠤᠭᠤᠯᠠᠩ ᠪᠠᠶᠢᠬᠤ ᠶᠢ ᠳᠠᠭᠠᠳᠬᠠᠨ ᠵᠠᠯᠪᠢᠷᠠᠵᠤ᠂ ᠬᠠᠮᠳᠤᠪᠠᠷ ᠢᠶᠠᠨ ᠲᠡᠷᠡ ᠡᠳᠦᠷ ᠨᠠᠷᠠᠨ ᠪᠤᠤᠪᠤ ᠬᠠᠭᠠᠷᠢᠵᠤ ᠢᠳᠡᠳᠡᠭ ᠪᠠᠶᠢᠵᠠᠢ᠃         ᠨᠢᠭᠡ᠂ ᠨᠠᠷᠠ ᠳᠠᠭᠢᠬᠤ ᠪᠡᠯᠡᠳᠭᠡᠯ ᠠᠵᠢᠯ ᠤᠳ ᠢ ᠭᠢᠨ᠎ᠡ     1᠂ ᠨᠠᠷᠠᠨ ᠰᠠᠭᠢᠭᠤᠯᠰᠤ ᠶᠢᠨ ᠬᠠᠳᠠᠨ ᠵᠢᠷᠤᠭ ᠤᠨ ᠤᠷᠴᠢᠨ ᠲᠤᠭᠤᠷᠢᠨ ᠤ ᠡᠷᠡᠭᠦᠯ ᠬᠠᠮᠠᠭᠠᠯᠠᠯ ᠢ ᠰᠠᠶᠢᠳᠤᠷ ᠭᠢᠨ᠎ᠡ᠃ ᠬᠠᠳᠠᠨ ᠵᠢᠷᠤᠭ ᠪᠠᠨ ᠵᠦᠯᠭᠦᠵᠤ ᠠᠷᠴᠢᠨ ᠭᠦᠵᠢ ᠪᠠᠷ ᠠᠷᠢᠭᠤᠯᠵᠤ᠂ ᠳᠡᠭᠡᠷ᠎ᠡ ᠨᠢ ᠰᠢᠷ᠎ᠠ᠂ ᠭᠦᠭᠡ ᠦᠩᠭᠡ ᠎ ᠶᠢᠨ ᠬᠠᠳᠠᠭ ᠵᠡᠭᠦᠯᠭᠡᠵᠤ ᠴᠢᠮᠡᠨ᠎ᠡ᠃     2᠂ ᠨᠠᠷᠠᠨ ᠰᠠᠭᠢᠭᠤᠯᠰᠤ ᠶᠢᠨ ᠬᠠᠳᠠᠨ ᠵᠢᠷᠤᠭ ᠤᠨ ᠡᠮᠦᠨ᠎ᠡ ᠲᠠᠯ᠎ᠠ ᠳᠤ ᠳᠠᠭᠢᠯᠭ᠎ᠠ ᠶᠢᠨ ᠰᠢᠷᠡᠭᠡ ᠵᠠᠰᠠᠵᠤ᠂ ᠳᠡᠭᠡᠷ᠎ᠡ ᠨᠢ ᠳᠠᠭᠢᠯᠭ᠎ᠠ ᠶᠢᠨ ᠶᠠᠭᠤᠮ᠎ᠠ ᠪᠠᠨ ᠲᠦᠭᠦᠷᠡᠳᠡᠯ᠎ᠡ ᠲᠠᠯᠪᠢᠨ᠎ᠠ᠃ ᠳᠠᠭᠢᠯᠭ᠎ᠠ ᠶᠢᠨ ᠶᠠᠭᠤᠮ᠎ᠠ  ᠎ ᠳᠤ ᠴᠠᠭᠠᠨ ᠭᠤᠯᠢᠷ ᠢᠶᠠᠷ ᠬᠠᠭᠠᠷᠢᠭᠰᠠᠨ ᠨᠠᠷᠠᠨ ᠪᠤᠤᠪᠤ᠂ ᠰᠦ ᠴᠠᠭ᠎ᠠ ᠶᠢᠨ ᠵᠦᠢᠯ᠂ ᠠᠯᠢᠮ᠎ᠠ ᠵᠢᠮᠢᠰ ᠤᠨ ᠵᠤᠶᠢᠯ ᠢ ᠲᠠᠯᠪᠢᠨ᠎ᠠ᠃     3᠂ ᠳᠠᠭᠢᠯᠭ᠎ᠠ ᠶᠢᠨ ᠰᠢᠷᠡᠭᠡ ᠶᠢᠨ ᠡᠮᠦᠨ᠎ᠡ ᠲᠠᠯ᠎ᠠ ᠳᠤ ᠱᠠᠩᠯᠦ ᠪᠤᠶᠤ ᠬᠤᠪᠤᠩ ᠲᠠᠯᠪᠢᠵᠤ᠂ ᠳᠤᠳᠤᠷ᠎ᠠ ᠨᠢ ᠭᠦᠵᠢ᠂ ᠠᠷᠴᠠ᠂ ᠭᠦᠭᠦᠯ ᠵᠡᠷᠭᠡ ᠶᠢ ᠤᠩᠭᠠᠰᠬᠠᠨ ᠰᠠᠩ ᠲᠠᠯᠪᠢᠨ᠎ᠠ᠃         ᠬᠤᠶᠠᠷ᠂ ᠨᠠᠷᠠᠨ ᠰᠠᠭᠢᠭᠤᠯᠰᠤ ᠶᠢ ᠳᠠᠭᠢᠬᠤ ᠠᠯᠬᠤᠮ ᠳᠠᠷᠠᠭ᠎ᠠ     1᠂ ᠨᠠᠷᠠᠨ ᠰᠠᠭᠢᠭᠤᠯᠰᠤ ᠶᠢᠨ ᠬᠠᠳᠠᠨ ᠵᠢᠷᠤᠭ ᠤᠨ ᠢᠷᠡᠯᠳᠡ ᠶᠢᠨ ᠲᠤᠬᠠᠢ ᠲᠠᠨᠢᠯᠴᠠᠭᠤᠯᠭ᠎ᠠ ᠭᠢᠵᠤ᠂ ᠡᠭᠦᠨ ᠎ ᠢ ᠬᠠᠮᠠᠭᠠᠯᠠᠨ ᠠᠰᠢᠭᠯᠠᠬᠤ ᠶᠢᠨ ᠠᠴᠢ ᠬᠤᠯᠪᠤᠭᠳᠠᠯ ᠤᠨ ᠲᠤᠬᠠᠢ ᠶᠠᠷᠢᠶ᠎ᠠ ᠲᠠᠯᠪᠢᠨ᠎ᠠ᠃     2᠂ ᠭᠠᠴᠠᠭ᠎ᠠ ᠶᠢᠨ ᠵᠦᠪᠯᠡᠯ  ᠎ ᠤᠨ ︿︿ᠨᠠᠷᠠᠨ ᠰᠠᠭᠢᠭᠤᠯᠰᠤ ᠶᠢᠨ ᠬᠠᠳᠠᠨ ᠵᠢᠷᠤᠭ ᠢ ᠬᠠᠮᠠᠭᠠᠯᠠᠨ ᠠᠰᠢᠭᠯᠠᠬᠤ ᠲᠤᠬᠠᠢ ᠲᠤᠭᠳᠠᠭᠠᠯ﹀﹀᠎ ᠢ ᠨᠡᠶᠢᠳᠡᠯᠡᠨ᠎ᠡ᠃     3᠂ ᠢᠷᠦᠭᠡᠯᠴᠢ ᠠᠴᠠ ᠨᠠᠷᠠᠨ ᠰᠠᠭᠢᠭᠤᠯᠰᠤ ᠶᠢᠨ ᠢᠷᠦᠭᠡᠯ ᠮᠠᠭᠳᠠᠭᠠᠯ ᠢ ᠤᠩᠰᠢᠵᠤ᠂ ᠤᠯᠠᠨ ᠢᠶᠠᠷ ᠢᠶᠠᠨ ᠨᠠᠷᠠᠨ ᠰᠠᠭᠢᠭᠤᠯᠰᠤ ᠶᠢᠨ ᠬᠠᠳᠠᠨ ᠵᠢᠷᠤᠭ ᠲᠤ ᠮᠦᠷᠭᠦᠵᠤ ᠵᠠᠯᠪᠢᠷᠠᠨ ᠳᠠᠭᠠᠳᠬᠠᠨ᠎ᠠ᠃          ᠨᠠᠷᠠᠨ ᠰᠠᠭᠢᠭᠤᠯᠰᠤ ᠶᠢᠨ ᠢᠷᠦᠭᠡᠯ ᠮᠠᠭᠳᠠᠭᠠᠯ      ᠵᠧ︕     ᠤᠸ᠋ᠮ ᠰᠠᠶᠢᠨ ᠠᠮᠤᠭᠤᠯᠠᠩ ᠪᠤᠯᠳᠤᠭᠠᠢ︕     ᠨᠠᠷᠠᠨ ᠰᠠᠭᠢᠭᠤᠯᠰᠤ ᠦᠷᠦᠰᠢᠶᠡᠨ ᠲᠤᠰᠠᠯᠠᠬᠤ ᠪᠤᠯᠳᠤᠭᠠᠢ︕     ᠤᠷᠢᠬᠠᠨ ᠲᠤᠯᠠᠭᠠᠨ ᠭᠡᠭᠡᠨ ᠭᠡᠷᠡᠯ ᠲᠤᠷᠤᠨ᠎ᠠ ᠠᠴᠠ ᠰᠠᠴᠤᠷᠠᠨ ᠮᠠᠨᠳᠤᠵᠤ     ᠮᠠᠨ ᠤ ᠭᠡᠷᠡᠰᠡᠭᠡ ᠪᠤᠯᠤᠨ ᠰᠠᠭᠢᠭᠤᠰᠤᠨ ᠭᠠᠯᠪᠠᠷᠠᠭᠴᠠ ᠮᠤᠳᠤ ᠶᠢ ᠭᠡᠷᠡᠯᠳᠦᠭᠦᠯᠪᠡ᠃     ᠠᠷᠢᠭᠤᠨ‌‍ᠴᠠᠭᠠᠨ ᠰᠠᠷᠠ ᠲᠠᠢ ᠰᠦᠨᠢ ᠲᠡᠭᠷᠢ  ᠭᠡᠭᠡᠷᠡᠭᠦ ᠦᠶ᠎ᠡ ᠪᠠᠷ     ᠠᠭᠳᠠ ᠮᠤᠷᠢ ᠶᠢ ᠭᠦᠩᠭᠡᠨ ᠲᠦᠰᠢᠭᠰᠡᠭᠡᠷ ᠨᠠᠰᠢ ᠪᠠᠨ ᠢᠨᠢᠶᠡᠮᠰᠦᠭᠯᠡᠨ ᠢᠷᠡᠯ᠎ᠡ᠃     ᠠᠪᠤᠷᠭᠤ ᠤᠰᠤᠨ ᠭᠦᠷᠳᠦ ᠶᠢ ᠭᠦᠯᠢᠭᠯᠡᠨ ᠠᠶᠤᠩᠭ᠎ᠠ ᠶᠢᠨ ᠲᠠᠭᠤᠨ ᠢ ᠵᠢᠭᠡᠯᠡᠭᠰᠡᠭᠡᠷ     ᠡᠭᠦᠯᠡ ᠭᠦᠯᠦᠭᠯᠡᠨ ᠭᠦᠪᠪᠦᠨ ᠲᠡᠭᠳᠡᠭᠰᠡᠭᠡᠷ ᠮᠠᠨ ᠤ ᠠᠳᠡ ᠢᠷᠡᠯ᠎ᠡ᠃     ᠰᠡᠳᠭᠢᠯ ᠰᠠᠨᠠᠭᠠᠨ ᠳᠠᠭᠠᠨ ᠳᠤᠷᠠᠰᠤᠨ ᠡᠩ ᠮᠠᠩ ᠭᠡᠭᠰᠡᠭᠡᠷ     ᠰᠠᠨᠠᠭ᠎ᠠ  ᠠᠯᠳᠠᠭᠰᠠᠭᠠᠷ ᠪᠢ ᠤᠭᠳᠤᠷᠭᠤᠢ ᠳᠤ ᠨᠢᠰᠤᠨ ᠭᠠᠷᠴᠤ ᠪᠢᠯᠡ᠃     ᠲᠠᠭᠤᠨ ᠪᠤᠯᠤᠨ ᠦᠩᠭᠡ ᠶᠢᠨ ᠰᠠᠶᠢᠬᠠᠨ ᠨᠢ ᠨᠠᠳᠠ ᠶᠢ ᠨᠢᠭᠡᠮᠦᠰᠦᠨ ᠪᠠᠶᠠᠰᠬᠠᠪᠠᠢ᠂     ᠲᠤᠭᠤᠷᠢᠨ ᠦᠵᠡᠭᠴᠢᠳ ᠡᠨᠡᠭᠦ ᠦᠵᠡᠮᠵᠢ ᠳᠤ ᠠᠮᠤᠷᠵᠢᠨ ᠮᠠᠷᠳᠠᠰᠢ ᠦᠭᠡᠢ᠃     ᠶᠠᠳᠤᠭ᠎ᠠ ᠶᠢᠨ ᠭᠦᠪᠴᠢ ᠶᠢ ᠴᠢᠩᠭᠠᠯᠠᠵᠤ ᠲᠤᠮᠤ ᠭᠡᠩᠭᠡᠷᠭᠡ ᠶᠢ ᠳᠡᠯᠡᠳᠤᠨ ᠪᠠᠶᠢᠵᠤ     ᠵᠦᠩ ᠶᠢ ᠪᠠᠨ ᠭᠦᠴᠦᠯᠡᠨ ᠴᠤᠭᠢᠵᠤ ᠵᠦᠩ ᠤᠨ ᠲᠤᠯᠭᠠᠭᠤᠷᠢ ᠶᠢ ᠭᠤᠶᠢᠪᠠᠯᠵᠢᠨ ᠭᠦᠳᠡᠯᠭᠡᠪᠡ᠃     ᠭᠤᠤᠷᠰᠤᠨ ᠪᠢᠰᠭᠢᠭᠦᠷ ᠢ ᠭᠦᠭᠵᠢᠮᠳᠡᠨ ᠪᠠᠭᠴᠠ ᠪᠢᠰᠭᠢᠭᠦᠷ ᠢ ᠪᠠᠰᠠ ᠦᠯᠢᠶᠡᠨ     ᠲᠡᠷᠡ ᠭᠤᠸ᠎ᠠ ᠰᠠᠶᠢᠬᠠᠨ ᠯᠠᠶᠢᠴᠠᠩ  ᠎ ᠤᠨ ᠪᠦᠭᠡᠯᠡᠭᠦ ᠶᠢ ᠪᠤᠳᠤᠵᠤ  ᠤᠯᠤᠯ᠎ᠠ᠃     ᠰᠤᠯᠤᠩᠭᠠᠨ ᠰᠢᠪᠠᠭᠤ ᠰᠢᠭ ᠭᠦᠩᠭᠡᠭᠡᠨ ᠳᠡᠷᠪᠡᠵᠤ  ᠨᠢᠰᠴᠦ ᠪᠦᠵᠢᠨ     ᠰᠢᠯᠦᠭ  ᠲᠠᠭᠤᠨ ᠤ ᠠᠶ᠎ᠠ ᠶᠢ ᠳᠠᠭᠠᠵᠤ ᠬᠠᠮᠳᠤᠪᠠᠷ ᠪᠠᠶᠠᠰᠤᠨ ᠪᠦᠵᠢᠭᠯᠡᠶ᠎ᠡ᠃     ᠠᠶᠠᠯᠠᠭᠤ ᠠᠶᠢᠵᠢᠮ ᠢ ᠨᠡᠶᠢᠯᠡᠭᠦᠯᠦᠨ ᠠᠯᠬᠤᠭ᠎ᠠ ᠲᠠᠭᠠᠷᠠᠭᠤᠯᠵᠤ ᠡᠶ᠎ᠡ ᠵᠤᠭᠢᠴᠠᠭᠤᠯᠠᠨ     ᠤᠯᠠᠨ ᠰᠠᠭᠢᠭᠤᠯᠰᠤᠨ ᠲᠡᠭᠷᠢ ᠤᠨ ᠳᠠᠯᠳᠠ ᠨᠠᠷᠠ ᠶᠢ ᠬᠠᠯᠬᠠᠯᠠᠵᠤ ᠢᠷᠡᠵᠡᠭᠡᠯ᠎ᠡ᠃     ᠭᠦᠭᠡ ᠡᠭᠦᠯᠡ  ᠎ ᠪᠠᠷ ᠬᠤᠪᠴᠠᠰᠤ ᠪᠤᠯᠭᠠᠨ ᠰᠤᠯᠤᠩᠭᠠᠴᠢᠷ ᠢᠶᠠᠷ ᠬᠤᠷᠮᠤᠶᠢᠪᠴᠢ ᠭᠢᠵᠤ     ᠨᠤᠮᠤ ᠳᠡᠯᠢᠨ ᠰᠤᠮᠤ ᠤᠨᠢᠯᠠᠨ ᠬᠤᠪᠳᠤᠭ ᠷᠠᠬᠤ ᠶᠢ ᠬᠠᠷᠪᠤᠨᠠᠮ᠃     ᠪᠢ ᠲᠡᠭᠷᠢ ᠶᠢᠨ ᠨᠤᠮᠤ ᠶᠢ ᠠᠳᠬᠤᠨ ᠭᠠᠢ ᠭᠠᠮᠰᠢᠭ ᠢ ᠬᠤᠷᠢᠭᠯᠠᠨ     ᠠᠯᠳᠠᠨ ᠭᠠᠳᠠᠰᠤ ᠳᠤ ᠭᠠᠪᠢᠷ᠎ᠠ ᠶᠢᠨ ᠠᠮᠳᠠᠳᠤ ᠰᠠᠷᠬᠤᠳ ᠢ ᠭᠡᠮᠨᠡᠯ᠎ᠡ᠃     ᠴᠤᠯᠪᠤᠭᠤᠷ ᠢᠶᠠᠨ ᠭᠦᠩᠭᠡᠭᠡᠨ ᠳᠠᠳᠠᠵᠤ ᠦᠨᠳᠦᠷ ᠤᠭᠳᠤᠷᠭᠤᠢ ᠳᠤ ᠬᠠᠯᠢᠨ ᠨᠢᠰᠴᠤ     ᠲᠦᠨᠢᠷ ᠬᠠᠷᠠᠩᠭᠤᠢ ᠰᠦᠨᠢ ᠶᠢ ᠲᠤᠭᠤᠯᠠᠵᠤ ᠲᠤᠷᠤᠨ᠎ᠡ ᠵᠦᠭ  ᠎ ᠢ ᠴᠢᠭᠯᠡᠯ᠎ᠡ᠃     ᠵᠧ︕     ᠡᠩᠭᠡ ᠠᠮᠤᠭᠤᠯᠠᠩ ᠪᠤᠯᠳᠤᠭᠠᠢ︕     ᠨᠠᠷᠠᠨ ᠰᠠᠭᠢᠭᠤᠯᠰᠤ ᠦᠷᠦᠰᠢᠶᠡᠨ ᠲᠤᠰᠠᠯᠠᠬᠤ ᠪᠤᠯᠳᠤᠭᠠᠢ︕     ᠬᠤᠷᠤᠢ  ᠂ ᠬᠤᠷᠤᠢ᠂ ᠬᠤᠷᠤᠢ︕     ᠢᠷᠦᠭᠡᠯᠴᠢ᠄ ᠮᠠᠨ ᠢ ᠦᠷᠦᠰᠢᠶᠡᠨ ᠰᠠᠯᠭᠢ  ᠬᠤᠷ᠎ᠠ ᠲᠡᠭᠰᠢ ᠪᠤᠯᠭᠠᠳᠤᠭᠠᠢ︕     ᠤᠯᠠᠨ᠄ ᠬᠤᠷᠤᠢ  ᠂ ᠬᠤᠷᠤᠢ᠂ ᠬᠤᠷᠤᠢ︕     ᠢᠷᠦᠭᠡᠯᠴᠢ᠄ ᠮᠠᠨ ᠢ ᠦᠷᠦᠰᠢᠶᠡᠨ ᠲᠠᠪᠤᠨ ᠲᠠᠷᠢᠶ᠎ᠠ ᠶᠢ ᠡᠯᠪᠡᠭ ᠬᠤᠷᠢᠶᠠᠯᠳᠠ  ᠤᠯᠬᠤ ᠪᠤᠯᠭᠠᠰᠤᠭᠠᠢ︕     ᠤᠯᠠᠨ᠄ ᠬᠤᠷᠤᠢ  ᠂ ᠬᠤᠷᠤᠢ᠂ ᠬᠤᠷᠤᠢ︕     ᠢᠷᠦᠭᠡᠯᠴᠢ᠄  ᠮᠠᠨ ᠶᠢᠨ ᠦᠷᠦᠰᠢᠶᠡᠨ ᠲᠠᠪᠤᠨ ᠬᠤᠰᠢᠭᠤ ᠮᠠᠯ ᠢ ᠦᠨᠢᠷ  ᠦᠰᠭᠦ ᠪᠤᠯᠭᠠᠰᠤᠭᠠᠢ︕     ᠤᠯᠠᠨ᠄ ᠬᠤᠷᠤᠢ  ᠂ ᠬᠤᠷᠤᠢ᠂ ᠬᠤᠷᠤᠢ︕     ᠢᠷᠦᠭᠡᠯᠴᠢ᠄ ᠮᠠᠨ ᠢ ᠦᠷᠦᠰᠢᠶᠡᠨ ᠠᠵᠤ ᠠᠬᠤᠢ ᠶᠢ ᠭᠦᠭᠵᠢᠭᠦᠯᠵᠤ᠂ ᠠᠷᠠᠳ ᠲᠦᠮᠡᠨ ᠢ ᠪᠠᠶᠠᠨ ᠴᠢᠨᠡᠭᠡᠯᠢᠭ ᠪᠤᠯᠭᠠᠰᠤᠭᠠᠢ︕     ᠤᠯᠠᠨ᠄ ᠬᠤᠷᠤᠢ  ᠂ ᠬᠤᠷᠤᠢ᠂ ᠬᠤᠷᠤᠢ︕     ᠢᠷᠦᠭᠡᠯᠴᠢ᠄ ᠤᠯᠤᠰ ᠭᠡᠷ ᠠᠮᠤᠷ ᠲᠠᠶᠢᠪᠤᠩ  ᠂ ᠠᠷᠠᠳ ᠲᠦᠮᠡᠨ ᠢ ᠠᠮᠤᠷ ᠮᠡᠨᠳᠤ ᠪᠤᠯᠭᠠᠰᠤᠭᠠᠢ︕     ᠤᠯᠠᠨ᠄ ᠬᠤᠷᠤᠢ  ᠂ ᠬᠤᠷᠤᠢ᠂ ᠬᠤᠷᠤᠢ︕         ᠭᠤᠷᠪᠠ᠂ ᠳᠠᠭᠢᠯᠭ᠎ᠠ ᠶᠢᠨ ᠳᠠᠷᠠᠭ᠎ᠠ ᠨᠠᠭᠠᠳᠤᠮ ᠤᠨ ᠬᠤᠷᠠᠯ ᠨᠡᠭᠡᠭᠡᠵᠤ᠂ ᠨᠤᠳᠤᠭ ᠤᠨ ᠭᠠᠷᠤᠯᠳᠠ ᠢᠶᠠᠨ ᠲᠡᠯᠭᠡᠨ ᠦᠵᠡᠭᠦᠯᠵᠤ᠂ ᠪᠤᠳᠠᠰ ᠤᠨ ᠰᠤᠯᠢᠯᠴᠠᠭ᠎ᠠ ᠭᠢᠨ᠎ᠡ᠃     ᠲᠤᠳᠤᠷᠬᠠᠶᠢᠯᠠᠯ᠄ ᠲᠤᠰ ᠲᠦᠰᠦᠯ ᠢ ᠤᠩᠨᠢᠭᠤᠳ ᠤᠨ ᠰᠢᠷᠠᠲᠠᠯ᠎ᠠ ᠶᠢᠨ ᠵᠠᠷᠠᠭ᠎ᠠ ᠶᠢᠨ ᠠᠭᠤᠯᠠᠨ ᠤ ᠨᠠᠷᠠᠨ ᠰᠠᠭᠢᠭᠤᠯᠰᠤ ᠵᠡᠷᠭᠡ ᠨᠠᠷᠠ ᠶᠢ ᠲᠠᠭᠢᠬᠤ ᠳᠤ ᠪᠦᠷ ᠭᠡᠷᠡᠭᠯᠡᠵᠤ ᠪᠤᠯᠤᠨ᠎ᠠ᠃ ᠨᠠᠷᠠ ᠶᠢ ᠲᠠᠭᠢᠬᠤ ᠪᠤᠯ ᠡᠷᠳᠡᠨ ᠤ ᠰᠠᠮᠠᠨ ᠪᠦᠭᠡ ᠶᠢᠨ ᠰᠢᠳᠦᠯᠭᠡ ᠶᠢᠨ ᠵᠠᠩᠰᠢᠯ ᠪᠤᠯᠤᠨ᠎ᠠ᠃ ᠮᠠᠨ ᠤ ᠤᠯᠤᠰ ᠤᠨ ᠠᠯᠳᠠᠷᠳᠤ ᠮᠤᠩᠭᠤᠯ ᠭᠡᠯᠡᠨ ᠵᠦᠢ ᠪᠤᠯᠤᠨ ᠮᠤᠩᠭᠤᠯ ᠵᠠᠩ ᠦᠢᠯᠡ ᠶᠢᠨ ᠡᠷᠳᠡᠮᠳᠡᠨ ᠲᠤᠭᠤᠷᠴᠠᠭ ᠲᠠᠶᠢᠵᠢ ᠪᠤᠷᠵᠢᠭᠢᠨ ᠪᠦᠷᠢᠨᠲᠡᠭᠦᠰ ᠭᠤᠸᠠᠢ ᠶᠢᠨ ᠨᠠᠶᠢᠳᠠᠯᠭ᠎ᠠ ᠎ ᠪᠠᠷ ᠡᠨᠡ ᠲᠦᠰᠦᠯ ᠢ ᠪᠢᠴᠢᠭᠰᠡᠨ ᠢᠶᠠᠨ ᠠᠳᠡ ᠲᠡᠮᠳᠡᠭᠯᠡᠶ᠎ᠡ᠃
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号