ᠲᠠ ᠨᠢᠭᠤᠷ ᠤᠬᠢᠶᠠᠬᠤ ᠤᠰᠤ ᠪᠠᠨ ᠵᠦᠪ ᠬᠡᠷᠡᠭᠯᠡᠭᠰᠡᠨ ᠤᠤ︖
ᠨᠡᠶᠢᠲᠡᠯᠡᠭᠰᠡᠨ ᠴᠠᠭ᠄
2016/10/27
    ᠤᠰᠤ  ᠪᠣᠯ ᠬᠠᠮᠤᠭ ᠤᠨ ᠬᠢᠮᠳᠠ  ᠵᠢᠰᠦ ᠭᠤᠶᠤᠵᠢᠭᠤᠯᠬᠤ ᠡᠳ᠋ ᠮᠦᠨ᠂ ᠲᠡᠭᠡᠪᠡᠯ ᠲᠠ ᠡᠳᠦᠷ ᠪᠣᠯᠭᠠᠨ ᠨᠢᠭᠤᠷ ᠤᠬᠢᠶᠠᠬᠤ ᠳᠠᠭᠠᠨ ᠤᠰᠤ ᠶᠢ ᠵᠦᠪ ᠬᠡᠷᠡᠭᠯᠡᠭᠰᠡᠨ ᠤᠤ︖     ﹇ᠬᠦᠷᠤᠭᠡᠭᠡᠰᠨ ᠪᠣᠴᠠᠯᠤᠭᠰᠠᠨ ᠤᠰᠤ﹈ ᠵᠦᠭᠡᠯᠡᠨ ᠴᠢᠨᠠᠷᠲᠠᠢ᠂ ᠠᠮᠠᠷᠬᠠᠨ ᠰᠢᠩᠭᠡᠭᠡᠵᠦ ᠳᠡᠶᠢᠯᠤᠨ᠎ᠡ     ᠲᠦᠭᠡᠭᠡᠯ  ᠤᠰᠤᠨ ᠳᠣᠲᠤᠷᠠᠬᠢ ᠴᠠᠶᠢᠷᠠᠭᠤᠯᠬᠤ ᠨᠤᠨᠳᠠᠭ ᠨᠢ ᠠᠷᠠᠰᠤ ᠶᠢ ᠬᠠᠭᠤᠷᠠᠢ᠂ ᠠᠷᠵᠠᠭᠠᠷ ᠪᠠᠷᠵᠠᠭᠠᠷ ᠪᠣᠯᠭᠠᠵᠤ᠂ ᠤᠳᠠᠭᠠᠨ ᠬᠤᠭᠤᠴᠠᠭ᠎ᠠ ᠬᠡᠷᠡᠭᠯᠡᠪᠡᠯ ᠠᠷᠠᠰᠤ ᠶᠢ ᠰᠢᠷᠬᠠᠳᠤᠭᠤᠯᠤᠨ᠎ᠠ᠃ ᠬᠦᠷᠤᠭᠡᠭᠰᠡᠨ ᠪᠣᠴᠠᠯᠤᠭᠰᠠᠨ ᠤᠰᠤ ᠶᠢᠨ ᠤᠰᠤᠨ ᠤ ᠴᠢᠨᠠᠷ ᠨᠢ ᠵᠦᠭᠡᠯᠡᠨ᠂ ᠠᠮᠠᠷᠬᠠᠨ ᠠᠷᠠᠰᠤᠨ ᠳᠤ ᠨᠠᠪᠴᠢᠨ ᠣᠷᠤᠵᠤ᠂ ᠠᠷᠠᠰᠤ ᠶᠢ ᠨᠡᠩ ᠭᠢᠯᠪᠠᠭ᠎ᠠ ᠲᠠᠢ ᠪᠣᠯᠭᠠᠨ᠎ᠠ᠃     ﹇ᠤᠰᠤ + ᠢᠳᠡᠭᠡᠨ ᠤ ᠳᠠᠪᠤᠰᠤ﹈ ᠡᠪᠡᠷᠯᠢᠭ ᠡᠳ᠋ ᠪᠠ ᠦᠬᠡᠬᠦ ᠶᠢ ᠠᠷᠢᠯᠭᠠᠨ᠎ᠠ     ᠨᠢᠭᠤᠷ ᠤᠬᠢᠶᠠᠬᠤ ᠤᠰᠤᠨ ᠳᠠᠭᠠᠨ ᠬᠤᠶᠠᠷ ᠪᠠᠭ᠎ᠠ ᠬᠠᠯᠪᠠᠭ᠎ᠠ ᠢᠳᠡᠭᠡᠨ ᠤ ᠳᠠᠪᠤᠰᠤ ᠬᠢᠪᠡᠯ᠂ ᠦᠰᠤᠨ ᠰᠦᠪᠡ ᠳᠣᠲᠤᠷ᠎ᠠ ᠬᠤᠷᠠᠮᠳᠤᠭᠰᠠᠨ ᠦᠬᠡᠬᠦ᠂ ᠰᠡᠪᠬᠡ ᠵᠢᠴᠢ ᠠᠷᠠᠰᠤᠨ ᠭᠠᠳᠠᠷᠭᠤ ᠶᠢᠨ ᠡᠪᠡᠷᠯᠢᠭ ᠡᠳ᠋ ᠪᠠ ᠭᠬᠢᠷ ᠪᠣᠷᠳᠠᠭ ᠢ ᠠᠷᠢᠯᠭᠠᠬᠤ ᠳᠤ ᠮᠠᠰᠢ ᠲᠤᠰᠠᠲᠠᠢ ᠪᠠᠶᠢᠵᠤ᠂  ᠭᠦᠨ ᠳᠠᠪᠬᠤᠷᠭ᠎ᠠ ᠳᠤ ᠬᠦᠷᠲᠡᠯ᠎ᠡ ᠴᠡᠪᠡᠷᠯᠡᠬᠦ᠂ ᠦᠷᠪᠢᠰᠤᠯ ᠢ ᠳᠠᠷᠤᠬᠤ᠂ ᠪᠠᠺᠠᠲ᠋ᠧᠷᠢ ᠶᠢ ᠳᠠᠷᠤᠬᠤ ᠤᠶᠢᠯᠡᠳᠤᠯ ᠲᠠᠢ᠃ ᠲᠣᠰᠤᠯᠢᠭ ᠬᠠᠴᠠᠷ ᠲᠠᠢ ᠬᠦᠮᠤᠰ ᠨᠢᠭᠡ ᠭᠠᠷᠠᠭ ᠲᠤᠰ ᠠᠷᠭ᠎ᠠ ᠶᠢ ᠬᠡᠷᠡᠭᠯᠡᠪᠡᠯ ᠤᠶᠢᠯᠡᠳᠤᠯ ᠢᠶᠠᠷ ᠢᠯᠡᠷᠬᠡᠢ ᠰᠠᠶᠢᠨ ᠪᠠᠶᠢᠳᠠᠭ᠃     ﹇ᠤᠰᠤ + ᠴᠠᠭᠠᠨ ᠽᠣᠣ﹈ ᠰᠡᠪᠬᠡ ᠶᠢ ᠠᠷᠢᠯᠭᠠᠨ ᠵᠢᠰᠦ ᠶᠢ ᠴᠠᠶᠢᠷᠠᠭᠤᠯᠤᠨ᠎ᠠ     ᠽᠣᠣ ᠲᠠᠢ ᠤᠰᠤ ᠪᠠᠷ ᠨᠢᠭᠤᠷ ᠤᠬᠢᠶᠠᠬᠤ ᠨᠢ ᠬᠠᠴᠠᠷ ᠤᠨ ᠬᠦᠴᠢᠯ ᠱᠦᠯᠳᠦᠯᠢᠭ ᠴᠢᠨᠠᠷ ᠢ ᠬᠤᠪᠢᠷᠠᠭᠤᠯᠵᠤ᠂ ᠠᠷᠠᠰᠤᠨ ᠤ ᠡᠪᠡᠷᠯᠢᠭ ᠳᠠᠪᠬᠤᠷᠭ᠎ᠠ ᠶᠢ ᠵᠦᠭᠡᠯᠡᠷᠡᠭᠦᠯᠵᠦ᠂ ᠰᠡᠪᠬᠡ ᠭᠠᠷᠬᠤ ᠠᠴᠠ ᠰᠡᠷᠭᠡᠶᠢᠯᠡᠵᠦ ᠳᠡᠶᠢᠯᠤᠨ᠎ᠡ᠃ ᠤᠷᠲᠤ ᠬᠤᠭᠤᠴᠠᠭ᠎ᠠ ᠬᠡᠷᠡᠭᠯᠡᠪᠡᠯ ᠠᠷᠠᠰᠤᠨ ᠡᠰ ᠤᠨ ᠤᠰᠤ ᠪᠠ ᠰᠢᠮ᠎ᠡ ᠲᠡᠵᠢᠭᠡᠯ ᠢ ᠨᠡᠮᠡᠭᠳᠡᠭᠦᠯᠵᠦ᠂ ᠠᠷᠠᠰᠤᠨ ᠤ ᠭᠦᠯᠢᠭᠡᠷ ᠪᠠ ᠬᠠᠷᠢᠮᠠᠬᠠᠢ ᠴᠢᠨᠠᠷ ᠢ ᠨᠡᠮᠡᠭᠳᠡᠭᠦᠯᠦᠨ᠎ᠡ᠃ ᠤᠳᠠᠭ᠎ᠠ ᠪᠣᠯᠭᠠᠨ 6 ᠠᠴᠠ 7 ᠳᠤᠰᠤᠯ ᠴᠠᠭᠠᠨ ᠽᠣᠣ ᠨᠡᠮᠡᠪᠡᠯ ᠪᠣᠯᠴᠢᠬᠠᠨ᠎ᠠ᠃     ﹇ᠤᠰᠤ + ᠴᠠᠭᠠᠨ ᠰᠢᠬᠢᠷ﹈ ᠰᠡᠪᠬᠡ ᠶᠢᠨ ᠣᠷᠤᠮ ᠢ ᠪᠠᠯᠠᠷᠠᠭᠤᠯᠵᠤ  ᠵᠢᠰᠦ ᠶᠢ ᠴᠠᠶᠢᠷᠠᠭᠤᠯᠤᠨ᠎ᠠ     ᠨᠢᠭᠤᠷ ᠤᠬᠢᠶᠠᠬᠤ ᠦᠶᠡᠰ᠂ ᠪᠠᠭ᠎ᠠ ᠰᠢᠭ᠋ ᠴᠠᠭᠠᠨ ᠰᠢᠬᠢᠷ ᠢ ᠨᠢᠭᠤᠷ ᠤᠬᠢᠶᠠᠬᠤ ᠡᠳ᠋ ᠲᠤ ᠬᠢᠵᠤ᠂ ᠭᠠᠷ ᠤᠨ ᠠᠯᠠᠭᠠᠨ ᠳᠠᠭᠠᠨ ᠱᠦᠷᠭᠦᠭᠡᠵᠦ᠂ ᠨᠢᠭᠤᠷ ᠤᠨ ᠬᠡᠰᠡᠭ ᠢᠶᠠᠨ ᠤᠬᠢᠶᠠᠬᠤ ᠨᠢ ᠰᠡᠪᠬᠡ ᠶᠢᠨ ᠣᠷᠤᠮ ᠢ ᠪᠠᠯᠠᠷᠠᠭᠤᠯᠵᠤ᠂ ᠠᠷᠠᠰᠤ ᠶᠢ ᠴᠠᠶᠢᠷᠠᠭᠤᠯᠤᠨ᠎ᠠ᠃     ﹇ᠤᠰᠤ + ᠨᠣᠭᠤᠭᠠᠨ ᠴᠠᠢ﹈ ᠰᠠᠴᠤᠷᠠᠭ ᠢ ᠡᠰᠡᠷᠭᠦᠴᠡᠨ᠂ ᠦᠲᠡᠯᠬᠦ ᠠᠴᠠ ᠰᠡᠷᠭᠡᠶᠢᠯᠡᠨ᠎ᠡ     ᠨᠣᠭᠤᠭᠠᠨ ᠴᠠᠢ ᠳᠣᠲᠤᠷᠠᠬᠢ ᠴᠠᠢ ᠶᠢᠨ ᠣᠯᠠᠨ ᠹᠧᠨᠤᠯ ᠤᠨ ᠦᠲᠡᠯᠬᠦ ᠶᠢ ᠡᠰᠡᠷᠭᠦᠴᠡᠬᠦ ᠴᠢᠳᠠᠮᠵᠢ ᠨᠢ ᠸᠢᠲ᠋ᠠᠮᠢᠨ E ᠶᠢᠨ18 ᠳᠠᠬᠢᠨ ᠪᠠᠶᠢᠵᠤ ᠠᠷᠠᠰᠤᠨ ᠤ ᠡᠰ ᠤᠨ ᠦᠰᠤᠯᠲᠡ ᠶᠢ ᠠᠬᠢᠭᠤᠯᠵᠤ᠂ ᠠᠲᠤᠷᠢᠶ᠎ᠠ ᠰᠠᠭᠤᠬᠤ ᠠᠴᠠ ᠰᠡᠷᠭᠡᠶᠢᠯᠡᠵᠦ᠂ ᠦᠲᠡᠯᠬᠦ ᠶᠢ ᠤᠳᠠᠭᠠᠰᠢᠷᠠᠭᠤᠯᠤᠨ᠎ᠠ᠃ ᠤᠳᠠᠭᠠᠨ ᠬᠤᠭᠤᠴᠠᠭ᠎ᠠ ᠺᠣᠮᠫᠢᠦ᠋ᠲ᠋ᠧᠷ ᠤᠨ ᠡᠮᠤᠨ᠎ᠡ ᠰᠠᠭᠤᠳᠠᠭ ᠡᠮᠡᠭᠲᠡᠢ ᠠᠵᠢᠯᠲᠡᠳ ᠨᠢᠭᠤᠷ ᠤᠬᠢᠶᠠᠬᠤ ᠦᠶᠡᠰ ᠤᠰᠤᠨ ᠳᠣᠲᠤᠷ᠎ᠠ ᠪᠠᠨ ᠵᠢᠭᠠᠬᠠᠨ ᠨᠣᠭᠤᠭᠠᠨ ᠴᠠᠢ ᠬᠢᠬᠦ  ᠨᠢ ᠰᠠᠴᠤᠷᠠᠭ ᠢ ᠡᠰᠡᠷᠭᠦᠴᠡᠬᠦ ᠤᠶᠢᠯᠡᠳᠤᠯ ᠲᠠᠢ ᠮᠦᠷᠲᠡᠭᠡᠨ ᠠᠷᠠᠰᠤ ᠬᠠᠭᠤᠷᠠᠶᠢᠰᠢᠬᠤ ᠶᠢ ᠨᠠᠮᠳᠠᠭᠤᠯᠤᠨ᠎ᠠ᠃     ᠰᠠᠨᠠᠭᠤᠯᠤᠮᠵᠢ᠄ ᠴᠠᠢ ᠨᠢ ᠬᠠᠮᠤᠭ ᠤᠨ ᠰᠠᠶᠢᠨ ᠨᠢ ᠲᠣᠬᠠᠢ ᠶᠢᠨ ᠡᠳᠦᠷ ᠲᠡᠭᠡᠨ ᠴᠢᠯᠡᠭᠰᠡᠨ ᠪᠠᠶᠢᠪᠠᠯ ᠵᠣᠬᠢᠨ᠎ᠠ᠂ ᠡᠳᠦᠷ ᠳᠣᠲᠤᠮ ᠤᠨ ᠤᠤᠭᠤᠬᠤ ᠵᠠᠩᠰᠢᠯ ᠤᠨ ᠦᠳᠭᠡᠴᠡ ᠲᠠᠢ ᠪᠣᠯ ᠪᠣᠯᠴᠢᠬᠠᠨ᠎ᠠ᠃ ᠴᠠᠢ ᠲᠠᠢ ᠤᠰᠤ ᠪᠠᠷ ᠨᠢᠭᠤᠷ ᠤᠬᠢᠶᠠᠭᠰᠠᠨ ᠤ ᠳᠠᠷᠠᠭ᠎ᠠ ᠴᠡᠪᠡᠷ ᠤᠰᠤ ᠪᠠᠷ ᠵᠠᠶᠢᠯᠠᠵᠤ ᠤᠬᠢᠶᠠᠬᠤ ᠬᠡᠷᠡᠭᠲᠡᠢ᠂ ᠤᠴᠢᠷ ᠨᠢ ᠦᠩᠭᠡᠨ ᠡᠳ᠋ ᠦᠰᠤᠨ ᠰᠦᠪᠡ ᠪᠠᠷ ᠰᠢᠬᠢᠳᠤᠨ ᠣᠷᠤᠬᠤ ᠠᠴᠠ ᠰᠡᠷᠭᠡᠶᠢᠯᠡᠪᠡᠯ ᠵᠣᠬᠢᠨ᠎ᠠ᠃     ﹇ᠤᠰᠤ + ᠨᠢᠮᠪᠡᠭᠡ﹈  ᠵᠢᠰᠦ ᠶᠢ ᠴᠠᠶᠢᠷᠠᠭᠤᠯᠵᠤ ᠳᠣᠯᠪᠤ ᠶᠢ ᠠᠷᠢᠯᠭᠠᠨ᠎ᠠ     ᠬᠡᠷᠪᠡ ᠲᠠ ᠨᠢᠮᠪᠡᠭᠡ ᠲᠠᠢ ᠤᠰᠤ ᠤᠤᠭᠤᠬᠤ ᠵᠠᠩᠰᠢᠯ ᠲᠠᠢ ᠪᠣᠯ ᠨᠢᠭᠤᠷ ᠤᠬᠢᠶᠠᠬᠤ ᠦᠶᠡᠰ ᠭᠤᠷᠪᠠᠨ ᠳᠤᠰᠤᠯ ᠨᠢᠮᠪᠡᠭᠡ ᠶᠢᠨ ᠰᠢᠭᠦᠰᠦ ᠬᠢᠵᠤ ᠲᠣᠷᠰᠢᠵᠤ ᠦᠵᠡᠭᠡᠷᠡᠢ᠂ ᠢᠩᠬᠢᠵᠦ ᠬᠢᠬᠦ ᠨᠢ ᠵᠢᠰᠦ ᠶᠢ ᠴᠠᠶᠢᠷᠠᠭᠤᠯᠵᠤ᠂ ᠬᠠᠴᠠᠷ ᠤᠨ ᠭᠦᠨ ᠰᠢᠷᠠᠯᠢᠭ ᠦᠩᠭᠡ ᠶᠢ ᠰᠠᠶᠢᠵᠢᠷᠠᠭᠤᠯᠵᠤ ᠬᠠᠮᠲᠤ ᠳᠤ ᠨᠢ ᠳᠣᠯᠪᠤ ᠡᠭᠦᠰᠬᠦ ᠶᠢ ᠪᠠᠭᠠᠰᠬᠠᠨ᠎ᠠ᠃     ﹇ᠤᠰᠤ + ᠵᠦᠭᠡᠢ ᠶᠢᠨ ᠪᠠᠯ﹈ ᠠᠷᠠᠰᠤ ᠶᠢ ᠨᠤᠷᠭᠠᠵᠦ᠂ ᠬᠠᠭᠤᠷᠠᠶᠢᠰᠢᠬᠤ ᠠᠴᠠ ᠰᠡᠷᠭᠡᠶᠢᠯᠡᠨ᠎ᠡ     ᠵᠦᠭᠡᠢ ᠶᠢᠨ ᠪᠠᠯ ᠪᠣᠯ ᠪᠡᠶ᠎ᠡ ᠰᠣᠪᠢᠯᠠᠬᠤ ᠣᠬᠢ ᠢᠳᠡᠭᠡᠨ ᠮᠦᠨ᠂ ᠲᠡᠭᠦᠨ ᠳᠤ ᠶᠡᠭᠡ ᠬᠡᠮᠵᠢᠶᠡᠨ ᠤ ᠬᠦᠮᠦᠨ ᠤ ᠪᠡᠶ᠎ᠡ ᠳᠤ ᠰᠢᠩᠭᠡᠭᠡᠭᠳᠡᠬᠦ ᠪᠦᠷᠢᠯᠳᠤᠭᠦᠨ ᠠᠭᠤᠯᠤᠭᠳᠠᠨ᠎ᠠ᠃ ᠰᠠᠭᠠᠷᠮᠠᠭ᠂ ᠬᠠᠭᠤᠷᠠᠢ ᠴᠢᠨᠠᠷ ᠲᠠᠢ ᠬᠠᠴᠠᠷ ᠲᠠᠢ ᠬᠦᠮᠤᠰ  ᠡᠩ ᠤᠨ ᠦᠶᠡᠰ 2 ᠠᠴᠠ 3 ᠳᠤᠰᠤᠯ ᠵᠦᠭᠡᠢ ᠶᠢᠨ ᠪᠠᠯ ᠢ ᠨᠢᠭᠤᠷ ᠤᠬᠢᠶᠠᠬᠤ ᠤᠰᠤᠨ ᠳᠠᠭᠠᠨ ᠳᠤᠰᠤᠭᠠᠵᠤ ᠤᠬᠢᠶᠠᠪᠠᠯ ᠠᠷᠠᠰᠤ ᠶᠢ  ᠨᠣᠷᠭᠠᠵᠤ᠂ ᠠᠷᠠᠰᠤ ᠶᠢ ᠨᠡᠩ ᠭᠦᠯᠢᠭᠡᠷ ᠨᠠᠷᠢᠯᠢᠭ ᠪᠣᠯᠭᠠᠵᠤ ᠠᠲᠤᠷᠢᠶ᠎ᠠ ᠭᠠᠷᠬᠤ ᠶᠢ ᠪᠠᠭᠠᠰᠬᠠᠨ᠎ᠠ᠃     ﹇ᠤᠰᠤ + ᠦᠨᠢᠶᠡᠨ ᠰᠦ﹈  ᠵᠢᠰᠦ ᠶᠢ ᠴᠠᠶᠢᠷᠠᠭᠤᠯᠤᠨ᠎ᠠ     ᠪᠦᠯᠢᠶᠡᠨ ᠤᠰᠤᠨ ᠳᠤ ᠦᠨᠢᠶᠡᠨ ᠰᠦ ᠬᠢᠵᠤ᠂ ᠦᠨᠢᠶᠡᠨ ᠰᠦ ᠶᠢᠨ ᠬᠠᠷᠢᠴᠠᠯ ᠢ ᠤᠰᠤᠨ ᠠᠴᠠ ᠪᠠᠭ᠋ᠠᠨ ᠢᠯᠡᠭᠦᠦ ᠪᠠᠶᠢᠯᠭᠠᠵᠤ ᠤᠬᠢᠶᠠᠬᠤ ᠨᠢ  ᠵᠢᠰᠦ ᠶᠢ ᠴᠠᠶᠢᠷᠠᠭᠤᠯᠬᠤ ᠪᠠᠷ ᠪᠠᠷᠠᠬᠤ ᠦᠭᠡᠢ᠂ ᠪᠠᠷᠵᠠᠭᠠᠷ ᠬᠠᠴᠠᠷ ᠢ ᠰᠠᠶᠢᠵᠢᠷᠠᠭᠤᠯᠵᠤ᠂ ᠠᠷᠠᠰᠤ ᠶᠢ ᠭᠦᠯᠢᠭᠡᠷ ᠰᠠᠶᠢᠬᠠᠨ ᠪᠣᠯᠭᠠᠵᠤ ᠳᠡᠶᠢᠯᠤᠨ᠎ᠡ᠃ ᠦᠨᠢᠶᠡᠨ ᠰᠦ ᠪᠠᠷ ᠨᠢᠭᠤᠷ ᠢᠶᠠᠨ ᠤᠬᠢᠶᠠᠵᠤ ᠪᠠᠷᠠᠭᠰᠠᠨ ᠤ ᠳᠠᠷᠠᠭ᠎ᠠ ᠴᠡᠪᠡᠷ ᠤᠰᠤ ᠪᠠᠷ ᠵᠠᠶᠢᠯᠠᠵᠤ ᠤᠬᠢᠶᠠᠬᠤ ᠬᠡᠷᠡᠭᠲᠡᠢ᠂ ᠦᠰᠤᠨ ᠰᠦᠪᠡ ᠪᠦᠭᠯᠡᠷᠡᠵᠦ ᠰᠡᠪᠬᠡ ᠭᠠᠷᠬᠤ ᠪᠣᠶᠤ ᠦᠭᠡᠭᠦᠨ ᠮᠦᠬᠦᠯᠢᠭ ᠪᠦᠷᠢᠯᠳᠦᠬᠦ ᠠᠴᠠ ᠰᠡᠷᠭᠡᠶᠢᠯᠡᠪᠡᠯ ᠵᠣᠬᠢᠨ᠎ᠠ᠃     ﹇ᠤᠰᠤ + ᠳᠣᠲᠤᠷᠭ᠎ᠠ ᠪᠣᠳᠠᠭ᠎ᠠ ᠤᠬᠢᠶᠠᠭᠰᠠᠨ ᠤᠰᠤ﹈ ᠳᠤᠰᠤᠳᠠᠬᠤ ᠠᠴᠠ ᠰᠡᠷᠭᠡᠶᠢᠯᠡᠨ᠎ᠡ     ᠳᠣᠳᠤᠷᠭ᠎ᠠ ᠪᠣᠳᠠᠭ᠎ᠠ ᠤᠬᠢᠶᠠᠭᠰᠠᠨ ᠤᠰᠤ ᠨᠢ ᠰᠢᠨᠵᠢ ᠴᠢᠨᠠᠷ ᠢᠶᠠᠷ ᠪᠦᠯᠢᠶᠡᠨ᠂ ᠠᠷᠠᠰᠤᠨ ᠳᠤ ᠰᠡᠳᠡᠯᠲᠡ ᠦᠭᠬᠦ ᠦᠭᠡᠢ᠂ ᠡᠰᠡᠷᠭᠦ ᠤᠶᠢᠯᠡᠳᠤᠯ ᠪᠠᠶᠢᠬᠤ ᠦᠭᠡᠢ᠂ ᠡᠳᠦᠷ ᠪᠣᠯᠭᠠᠨ ᠤᠬᠢᠶᠠᠭᠰᠠᠨ ᠴᠤ ᠪᠣᠯᠤᠨ᠎ᠠ᠃ ᠠᠮᠠᠷᠬᠠᠨ ᠰᠡᠪᠬᠡ ᠭᠠᠷᠬᠤ᠂ ᠦᠰᠤᠨ ᠰᠦᠪᠡ ᠪᠦᠳᠦᠭᠦᠯᠢᠭ ᠬᠦᠮᠤᠰ ᠤᠨ ᠲᠣᠰᠤᠯᠢᠭ ᠬᠠᠴᠠᠷ ᠲᠤ ᠮᠠᠰᠢ ᠲᠣᠬᠢᠷᠠᠨ᠎ᠠ᠃ ᠲᠣᠬᠠᠢ ᠶᠢᠨ ᠡᠳᠦᠷ ᠤᠨ ᠳᠣᠳᠤᠷᠭ᠎ᠠ ᠪᠣᠳᠠᠭ᠎ᠠ ᠤᠬᠢᠶᠠᠭᠰᠠᠨ ᠤᠰᠤ ᠪᠠᠨ ᠬᠠᠯᠠᠭᠠᠭᠰᠠᠨ ᠤ ᠰᠡᠭᠦᠯᠡᠷ ᠬᠡᠷᠡᠭᠯᠡᠬᠦ ᠤᠶᠢᠯᠡᠳᠤᠯ ᠨᠢ ᠨᠡᠩ ᠰᠠᠶᠢᠨ ᠪᠠᠶᠢᠳᠠᠭ᠃     ﹇ᠤᠰᠤ + ᠬᠤᠣᠰ ᠬᠦᠴᠢᠯᠳᠦ᠋ᠷᠦᠭᠴᠢ ᠤᠰᠤ﹈ ᠠᠷᠠᠰᠤᠨ ᠤ ᠢᠳᠡᠪᠬᠢ ᠴᠢᠨᠠᠷ ᠢ ᠨᠡᠮᠡᠭᠳᠡᠭᠦᠯᠦᠨ᠎ᠡ     ᠬᠤᠣᠰ ᠬᠦᠴᠢᠯᠳᠦ᠋ᠷᠦᠭᠴᠢ ᠤᠰᠤᠨ ᠳᠤ ᠮᠠᠰᠢ ᠦᠨᠳᠤᠷ ᠦᠳᠭᠡᠴᠡ ᠲᠠᠢ ᠬᠦᠴᠢᠯᠳᠦ᠋ᠷᠦᠭᠴᠢ ᠠᠭᠤᠯᠤᠭᠳᠠᠵᠤ᠂ ᠡᠰ ᠢ ᠨᠡᠪᠲᠡᠯᠬᠦ ᠴᠢᠨᠠᠷ ᠢᠶᠠᠷ ᠮᠠᠰᠢ ᠰᠠᠶᠢᠨ᠃ ᠭᠬᠢᠷ ᠪᠣᠷᠳᠠᠭ ᠢ ᠪᠦᠲᠤᠮᠵᠢᠲᠡᠢ ᠠᠷᠢᠯᠭᠠᠬᠤ ᠪᠠᠷ ᠪᠠᠷᠠᠬᠤ ᠦᠭᠡᠢ᠂ ᠠᠷᠠᠰᠤᠨ ᠳᠤ ᠰᠢᠭᠤᠳ ᠬᠦᠴᠢᠯᠳᠦ᠋ᠷᠦᠭᠴᠢ ᠬᠡᠢ ᠭᠦᠢᠴᠡᠳ ᠬᠠᠩᠭᠠᠵᠤ᠂ ᠡᠰ ᠤᠨ ᠢᠳᠡᠪᠬᠢ ᠴᠢᠨᠠᠷ ᠢ ᠨᠡᠮᠡᠭᠳᠡᠭᠦᠯᠵᠦ ᠠᠷᠠᠰᠤ ᠶᠢ ᠴᠠᠶᠢᠷᠠᠭᠤᠯᠤᠨ᠎ᠠ᠃                                           ︽ᠰᠸᠤ ᠬᠤ᠋ ᠰᠦᠯᠵᠢᠶ᠎ᠡ︾  ᠠᠴᠠ
 
ᠢᠷᠡᠯᠲᠡ᠄ ᠦᠪᠤᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号