ᠤᠷᠲᠤ ᠨᠠᠰᠤᠯᠠᠬᠤ ᠳᠤ ᠪᠠᠷᠢᠮᠳᠠᠯᠠᠬᠤ ᠠᠷᠪᠠᠨ ᠬᠤᠶᠠᠷ ᠵᠤᠶᠢᠯ ᠤᠨ ᠢᠳᠡᠭᠡᠨ ᠤ ᠵᠠᠷᠴᠢᠮ
ᠨᠡᠶᠢᠲᠡᠯᠡᠭᠰᠡᠨ ᠴᠠᠭ᠄
2016/11/30
      ᠨᠠᠰᠤᠲᠠᠶᠢᠴᠤᠳ ᠤᠨ ᠪᠡᠶ᠎ᠡ ᠶᠢᠨ ᠹᠢᠽᠢᠣᠯᠣᠭᠢ ᠶᠢᠨ ᠬᠤᠪᠢᠷᠠᠯᠲᠠ ᠶᠢ ᠦᠨᠳᠤᠰᠤᠯᠡᠵᠦ᠂ ᠢᠳᠡᠭᠡᠨ ᠤᠮᠳᠠᠭᠠᠨ  ᠤ ᠲᠠᠯ᠎ᠠ ᠪᠠᠷ ᠦᠪᠡᠷ ᠤᠨ ᠢᠶᠠᠨ ᠭᠡᠰᠡᠨ ᠵᠠᠷᠴᠢᠮ ᠪᠠᠷᠢᠮᠵᠢᠶ᠎ᠠ ᠪᠠᠶᠢᠬᠤ ᠶᠣᠰᠤᠲᠠᠢ᠃ ᠡᠷᠭᠦᠯ ᠴᠢᠬᠢᠷᠠᠭ ᠢᠶᠠᠷ ᠤᠷᠳᠤ ᠨᠠᠰᠤᠯᠠᠬᠤ ᠳᠤ ᠢᠳᠡᠵᠤ ᠤᠤᠭᠤᠬᠤ ᠵᠠᠷᠴᠢᠮ ᠢ ᠳᠣᠣᠷᠠᠬᠢ ᠠᠷᠪᠠᠨ ᠬᠤᠶᠠᠷ ᠵᠤᠶᠢᠯ ᠢᠶᠠᠷ ᠬᠤᠷᠢᠶᠠᠩᠭᠤᠶᠢᠯᠠᠵᠤ ᠪᠣᠯᠤᠨ᠎ᠠ᠃      1. ᠢᠳᠡᠬᠦ ᠬᠡᠮᠵᠢᠶ᠎ᠡ ᠪᠠᠨ ᠪᠠᠭ᠎ᠠ ᠰᠢᠭ᠋  ᠪᠠᠶᠢᠯᠭᠠᠬᠤ᠃ ᠢᠳᠡᠬᠦ ᠬᠡᠮᠵᠢᠶ᠎ᠡ ᠪᠠᠨ ᠵᠠᠯᠠᠭᠤ ᠦᠶ᠎ᠡ ᠶᠢᠨ  ᠬᠢ ᠠᠴᠠ ᠪᠠᠨ 10%—15% ᠣᠷᠴᠢᠮ ᠪᠠᠭᠠᠰᠬᠠᠨ᠎ᠠ᠃      2. ᠨᠣᠭᠤᠭ᠎ᠠ ᠴᠠᠭ᠎ᠠ ᠶᠢ ᠢᠯᠡᠭᠦᠦ ᠰᠢᠭ ᠢᠳᠡᠬᠦ᠃ ᠨᠣᠭᠤᠭ᠎ᠠ ᠴᠠᠭ᠎ᠠ ᠶᠢ ᠢᠯᠡᠭᠦᠭᠡᠨ ᠢᠳᠡᠪᠡᠯ ᠵᠢᠷᠤᠬᠡ ᠴᠢᠰᠤᠨ ᠰᠤᠳᠠᠯ ᠢ ᠬᠠᠮᠠᠭᠠᠯᠠᠬᠤ ᠪᠠ ᠦᠮᠡᠨ ᠡᠪᠡᠳᠴᠢᠨ ᠠᠴᠠ ᠰᠡᠷᠭᠡᠶᠢᠯᠡᠬᠦ ᠤᠶᠢᠯᠡᠳᠤᠯ ᠲᠠᠢ᠃ ᠡᠳᠦᠷ ᠲᠤ ᠬᠠᠮᠤᠭ ᠤᠨ ᠪᠠᠭ᠎ᠠ ᠳᠠᠭᠠᠨ 250 ᠭᠷᠡᠮ ᠨᠣᠭᠤᠭ᠎ᠠ ᠴᠠᠭ᠎ᠠ ᠢᠳᠡᠬᠦ ᠬᠡᠷᠡᠭᠲᠡᠢ᠃      3. ᠢᠳᠡᠭᠡᠨ ᠤ ᠴᠢᠨᠠᠷ ᠢ ᠰᠠᠶᠢᠨ ᠰᠢᠭ᠋ ᠪᠠᠶᠢᠯᠭᠠᠬᠤ᠃ ᠡᠷᠬᠡᠪᠰᠢ ᠴᠢᠨᠠᠷ ᠰᠠᠶᠢᠲᠠᠢ ᠪᠦᠭᠡᠳ ᠤᠭᠤᠷᠠᠭ ᠭᠦᠢᠴᠡᠳ ᠪᠠᠶᠢᠬᠤ ᠶᠢ ᠠᠩᠬᠠᠷᠤᠨ᠎ᠠ᠃ ᠳᠠᠷᠤᠢ ᠴᠢᠨᠠᠷ ᠰᠠᠶᠢᠲᠠᠢ ᠵᠢᠭᠠᠰᠤᠨ ᠤ ᠲᠦᠷᠤᠯ᠂ ᠵᠢᠭᠦᠷᠲᠡᠨ ᠤ ᠲᠦᠷᠤᠯ᠂ ᠦᠨᠳᠡᠭᠡᠨ ᠤ ᠲᠦᠷᠤᠯ᠂ ᠰᠦ ᠪᠠ ᠪᠣᠷᠴᠠᠭ᠂ ᠪᠣᠷᠴᠠᠭ ᠤᠨ ᠪᠦᠲᠤᠭᠡᠭᠳᠡᠭᠦᠨ ᠢ ᠢᠯᠡᠭᠦᠦ ᠢᠳᠡᠪᠡᠯ ᠰᠠᠶᠢᠨ ᠶᠤᠮ᠃      4. ᠵᠠᠭᠤᠰᠢ ᠶᠢᠨ ᠳᠠᠪᠤᠰᠤ ᠶᠢ ᠰᠤᠯᠠ ᠰᠢᠭ᠋ ᠪᠠᠶᠢᠯᠭᠠᠬᠤ᠃ ᠳᠠᠪᠤᠰᠤ ᠶᠢ ᠠᠷᠪᠢᠨ ᠢᠳᠡᠪᠡᠯ ᠵᠢᠷᠤᠬᠡ᠂ ᠡᠯᠢᠭᠡᠨ ᠤ ᠳᠠᠷᠤᠭᠠᠰᠤ ᠶᠢ ᠬᠦᠨᠳᠤᠷᠠᠭᠦᠯᠳᠡᠭ᠃ ᠨᠢᠭᠡ ᠡᠳᠦᠷ ᠤᠨ ᠬᠤᠭᠤᠯᠠᠨ ᠳᠠᠪᠤᠰᠤᠨ ᠤ ᠬᠡᠮᠵᠢᠶ᠎ᠡ ᠶᠢ ᠡᠷᠬᠡᠪᠰᠢ 6 ᠭᠷᠡᠮ ᠤᠨ ᠳᠣᠳᠤᠷ᠎ᠠ ᠬᠡᠮᠵᠢᠶᠡᠯᠡᠵᠦ᠂ ᠲᠣᠰᠤᠨ ᠳᠤ ᠪᠣᠴᠠᠯᠭᠠᠭᠰᠠᠨ ᠮᠢᠬ᠎ᠠ ᠪᠠ ᠦᠭᠡᠷ᠎ᠡ ᠪᠣᠰᠤᠳ ᠳᠠᠪᠤᠰᠤᠯᠢᠭ ᠢᠳᠡᠭᠡᠨ ᠢ ᠪᠠᠭ᠎ᠠ ᠰᠢᠭ᠋ ᠢᠳᠡᠪᠡᠯ ᠰᠠᠶᠢᠨ᠃      5. ᠢᠳᠡᠭᠡᠨ ᠤ ᠲᠦᠷᠤᠯ ᠵᠤᠶᠢᠯ ᠢᠶᠠᠨ ᠣᠯᠠᠨ ᠰᠢᠭ᠋ ᠪᠠᠶᠢᠯᠭᠠᠬᠤ᠃ ᠮᠢᠬ᠎ᠠ ᠲᠠᠢ ᠮᠢᠬ᠎ᠠ ᠦᠭᠡᠢ ᠵᠠᠭᠤᠰᠢ ᠶᠢ ᠲᠡᠩᠴᠡᠭᠦᠯᠵᠦ᠂ ᠪᠦᠳᠦᠭᠦᠯᠢᠭ ᠠᠮᠤ ᠨᠠᠷᠢᠯᠢᠭ ᠠᠮᠤ ᠶᠢ ᠵᠣᠬᠢᠴᠠᠭᠤᠯᠤᠨ᠂ ᠲᠦᠷᠤᠯ ᠵᠤᠶᠢᠯ ᠨᠢ ᠬᠡᠳᠤᠢ ᠣᠯᠠᠨ ᠪᠣᠯ ᠲᠡᠳᠤᠢ ᠰᠠᠶᠢᠨ ᠶᠤᠮ᠃ ᠡᠳᠦᠷ ᠪᠦᠷᠢ ᠭᠤᠣᠯ ᠢᠳᠡᠭᠡᠨ ᠢ 10 ᠵᠤᠶᠢᠯ ᠠᠴᠠ ᠢᠯᠡᠭᠦᠦ ᠪᠠᠶᠢᠯᠭᠠᠪᠠᠯ ᠰᠠᠶᠢᠨ᠃      6. ᠨᠣᠭᠤᠭ᠎ᠠ ᠵᠠᠭᠤᠰᠢ ᠶᠢᠨ ᠠᠮᠲᠠ ᠶᠢ ᠰᠠᠶᠢᠨ ᠰᠢᠭ᠋ ᠪᠠᠶᠢᠯᠭᠠᠬᠤ᠃ ᠨᠠᠰᠤᠲᠠᠶᠢᠴᠤᠳ ᠤᠨ ᠠᠮᠲᠠᠯᠠᠬᠤ ᠰᠡᠷᠡᠯ ᠨᠢ ᠪᠠᠭᠤᠷᠠᠵᠤ᠂ ᠢᠳᠡᠭᠡᠨ ᠤ ᠳᠤᠷᠠᠰᠢᠯ ᠨᠢ ᠮᠠᠭᠤᠳᠠᠵᠤ ᠪᠠᠶᠢᠭ᠎ᠠ ᠪᠣᠯᠬᠤᠷ ᠨᠣᠭᠤᠭ᠎ᠠ ᠳᠣᠳᠤᠷ᠎ᠠ ᠵᠣᠬᠢᠬᠤ ᠬᠡᠮᠵᠢᠶᠡᠨ ᠤ ᠰᠤᠩᠬᠢᠨ᠎ᠠ᠂ ᠭᠠ᠂ ᠽᠣᠣ ᠵᠡᠷᠭᠡ ᠠᠮᠲᠠ ᠣᠷᠤᠭᠤᠯᠬᠤ ᠡᠳ᠋ ᠢ ᠬᠢᠵᠤ᠂ ᠦᠨᠦᠷ ᠠᠮᠲᠠ ᠶᠢ ᠨᠢ ᠰᠠᠶᠢᠵᠢᠷᠠᠭᠤᠯᠪᠠᠯ  ᠰᠠᠶᠢᠨ᠃      7. ᠪᠣᠳᠠᠭ᠎ᠠ ᠨᠣᠭᠤᠭ᠎ᠠ ᠶᠢ ᠵᠦᠭᠡᠯᠡᠨ  ᠰᠢᠭ ᠪᠠᠶᠢᠯᠭᠠᠬᠤ᠃ ᠪᠣᠳᠠᠭ᠎ᠠ ᠨᠣᠭᠤᠭ᠎ᠠ ᠶᠢ ᠵᠦᠭᠡᠯᠡᠨ ᠰᠢᠭ ᠬᠢᠪᠡᠯ ᠰᠢᠩᠭᠡᠭᠡᠯᠲᠡ ᠳᠤ ᠲᠤᠰᠠᠲᠠᠢ ᠪᠠᠶᠢᠳᠠᠭ᠃      8. ᠬᠤᠭᠤᠯᠠ ᠤᠮᠳᠠ ᠶᠢ ᠪᠦᠯᠢᠶᠡᠨ ᠰᠢᠭ ᠪᠠᠶᠢᠯᠭᠠᠬᠤ᠃ ᠢᠳᠡᠷ ᠦᠲᠡᠯᠦᠭᠡ ᠨᠠᠰᠤᠨ ᠤ ᠬᠦᠮᠤᠰ ᠤᠨ ᠬᠤᠭᠤᠯᠠ ᠤᠮᠳᠠ ᠶᠢ ᠪᠦᠯᠢᠶᠡᠨ ᠰᠢᠭ ᠪᠠᠶᠢᠯᠭᠠᠵᠤ᠂ ᠬᠠᠬᠢᠷ ᠬᠦᠢᠲᠡᠨ ᠡᠪᠤᠯ ᠤᠨ ᠤᠯᠠᠷᠢᠯ ᠳᠤ ᠪᠣᠯ ᠨᠡᠩ ᠠᠩᠬᠠᠷᠬᠤ  ᠴᠢᠬᠤᠯᠠ ᠲᠠᠢ ᠪᠠᠶᠢᠳᠠᠭ᠃ ᠭᠡᠪᠡᠴᠤ ᠪᠠᠰᠠ ᠬᠡᠳᠤ ᠬᠠᠯᠠᠭᠤᠨ ᠪᠠᠶᠢᠯᠭᠠᠵᠤ ᠪᠣᠯᠬᠤ ᠦᠭᠡᠢ᠃      9. ᠤᠳᠠᠭᠠᠨ ᠰᠢᠭ᠋ ᠢᠳᠡᠬᠦ᠃ ᠤᠳᠠᠭᠠᠨ ᠰᠢᠭ᠋ ᠵᠠᠵᠢᠯᠬᠤ ᠨᠢ ᠢᠳᠡᠭᠡᠨ ᠤ ᠰᠢᠩᠭᠡᠭᠡᠯᠲᠡ ᠳᠤ ᠰᠠᠶᠢᠨ ᠪᠦᠭᠡᠳ ᠢᠳᠡᠬᠦ ᠳᠤ ᠨᠡᠩ ᠠᠮᠲᠠᠲᠠᠢ ᠪᠠᠶᠢᠵᠤ᠂ ᠠᠮᠠᠷᠬᠠᠨ ᠴᠠᠳᠬᠤ ᠪᠠᠶᠢᠳᠠᠯ ᠳᠤ ᠣᠷᠤᠭᠤᠯᠳᠠᠭ ᠤᠴᠢᠷ ᠠᠴᠠ ᠬᠡᠳᠤ ᠠᠷᠪᠢᠨ ᠢᠳᠡᠬᠦ ᠠᠴᠠ ᠰᠡᠷᠭᠡᠶᠢᠯᠡᠵᠦ ᠴᠢᠳᠠᠨ᠎ᠠ᠃     10. ᠪᠣᠳᠠᠭ᠎ᠠ ᠶᠢ ᠰᠢᠩᠬᠡᠨ ᠰᠢᠭ ᠢᠳᠡᠬᠦ᠃ ᠰᠢᠩᠬᠡᠨ ᠪᠣᠳᠠᠭ᠎ᠠ ᠨᠢ ᠨᠠᠰᠤᠲᠠᠶᠢᠴᠤᠳ ᠲᠤ ᠬᠠᠮᠤᠭ ᠤᠨ ᠲᠣᠬᠢᠷᠠᠮᠵᠢᠲᠠᠢ ᠢᠳᠡᠭᠡᠨ ᠪᠠᠶᠢᠳᠠᠭ᠃ ᠰᠢᠩᠭᠡᠭᠡᠯᠲᠡ ᠳᠤ ᠠᠰᠢᠭᠲᠠᠢ ᠮᠦᠷᠲᠡᠭᠡᠨ ᠪᠠᠰᠠ ᠨᠠᠰᠤᠲᠠᠶᠢᠴᠤᠳ ᠤᠨ ᠴᠢᠬᠤᠯᠠ ᠬᠡᠷᠡᠭᠴᠡᠭᠡ ᠪᠦᠬᠦᠢ ᠤᠰᠤ ᠶᠢ ᠨᠦᠬᠦᠪᠦᠷᠢᠯᠡᠬᠦ ᠤᠶᠢᠯᠡᠳᠤᠯ ᠲᠠᠢ ᠶᠤᠮ᠃
 
ᠢᠷᠡᠯᠲᠡ᠄ ᠦᠪᠤᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号