ᠰᠠᠶ᠋ᠢ ᠲᠦᠷᠤᠭ᠍ᠰᠡᠨ ᠬᠤᠷᠠᠭᠠᠨ ᠤ ᠲᠠᠲᠠᠪᠠᠯᠵᠠᠬᠤ ᠭᠡᠮ ᠤᠨ ᠰᠢᠯᠲᠠᠭᠠᠨ ᠵᠢᠴᠢ ᠡᠮᠨᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2016/12/1
     ᠰᠠᠶ᠋ᠢ ᠲᠦᠷᠤᠭ᠍ᠰᠡᠨ ᠬᠤᠷᠠᠭᠠᠨ ᠤ ᠲᠠᠲᠠᠪᠠᠯᠵᠠᠬᠤ ᠭᠡᠮ ᠭᠡᠵᠤ ᠨᠢᠭᠡ ᠵᠤᠶᠢᠯ ᠤᠨ ᠰᠢᠮ᠎ᠡ ᠲᠡᠵᠢᠭᠡᠯ ᠤᠨ ᠰᠣᠯᠢᠯᠴᠠᠭᠠᠨ ᠤ ᠰᠠᠭᠠᠲᠠᠯ ᠤᠨ ᠴᠢᠨᠠᠷᠲᠠᠢ ᠡᠪᠡᠳᠴᠢᠨ ᠮᠦᠨ᠃ ᠡᠮᠴᠢᠯᠡᠭᠡᠨ ᠳᠠᠬᠢ ᠭᠤᠣᠯ ᠣᠨᠴᠠᠯᠢᠭ ᠨᠢ ᠮᠡᠳᠡᠷᠡᠯ ᠤᠨ ᠬᠡᠪ ᠤᠨ ᠪᠣᠰᠤ ᠢᠯᠡᠷᠡᠯ ᠪᠣᠯᠤᠨ᠎ᠠ᠃ ᠣᠯᠠᠩᠬᠢ ᠳᠠᠭᠠᠨ 3-7 ᠬᠤᠨᠤᠭ ᠤᠨ ᠬᠤᠷᠠᠭ᠎ᠠ ᠳᠤ ᠣᠯᠠᠨ ᠢᠯᠡᠷᠡᠵᠤ᠂ 10 ᠬᠤᠨᠤᠭ ᠠᠴᠠ ᠳᠡᠭᠡᠭᠰᠢᠬᠢ ᠬᠤᠷᠠᠭᠠᠨ ᠳᠤ ᠳᠣᠬᠢᠶᠠᠯᠳᠤᠬᠤ ᠨᠢ ᠴᠦᠭᠡᠨ ᠪᠠᠶᠢᠳᠠᠭ᠃      ᠨᠢᠭᠡ᠂ ᠡᠪᠡᠳᠴᠢᠨ ᠤ ᠰᠢᠯᠲᠠᠭᠠᠨ     1.ᠰᠢᠮ᠎ᠡ ᠲᠡᠵᠢᠭᠡᠯ ᠳᠤᠲᠠᠮᠠᠭ᠃ ᠡᠮ᠎ᠡ ᠬᠤᠨᠢᠨ ᠤ ᠭᠡᠭᠡᠯ ᠤᠨ ᠬᠤᠭᠤᠴᠠᠭ᠎ᠠ ᠨᠢ ᠶᠠᠭ ᠰᠠᠶᠢᠬᠠᠨ ᠰᠢᠨ᠎ᠡ ᠰᠤᠷᠭᠤᠭ ᠡᠪᠡᠰᠤ ᠪᠣᠷᠳᠤᠭ᠎ᠠ ᠳᠤᠲᠠᠮᠠᠭ ᠤᠯᠠᠷᠢᠯ ᠪᠠᠶᠢᠵᠤ᠂ ᠡᠭᠦᠨ ᠤ ᠬᠠᠮᠲᠤ ᠵᠢᠯ ᠤᠨ ᠦᠩᠭᠡ ᠠᠨᠠᠢ ᠪᠣᠯᠪᠠᠯ ᠡᠪᠡᠰᠤ ᠪᠣᠷᠳᠤᠭᠠᠨ ᠤ ᠤᠷᠭᠤᠯᠲᠠ ᠮᠠᠭᠤ᠂ ᠡᠪᠡᠰᠤ ᠪᠣᠷᠳᠤᠭᠠᠨ ᠳᠠᠬᠢ ᠸᠢᠲ᠋ᠠᠮᠢᠨ᠂ ᠡᠷᠤᠳᠡᠰᠤ ᠪᠣᠳᠠᠰ᠂ ᠪᠢᠴᠢᠯ ᠡᠯᠧᠮᠧᠨ᠋ᠲ ᠤᠨ ᠠᠭᠤᠯᠤᠭᠳᠠᠴᠠ ᠨᠢ ᠭᠦᠢᠴᠡᠳ ᠦᠭᠡᠢ ᠠᠴᠠ ᠪᠣᠯᠵᠤ ᠭᠡᠭᠡᠯ ᠲᠠᠢ ᠬᠤᠨᠢ ᠰᠢᠮ᠎ᠡ ᠲᠡᠵᠢᠭᠡᠯ ᠳᠤᠲᠠᠭᠳᠠᠨ᠂ ᠬᠡᠪᠡᠯᠢ ᠳᠠᠬᠢ ᠲᠦᠯ ᠤᠨ ᠪᠣᠶᠢᠵᠢᠯᠲᠠ ᠨᠢ ᠨᠦᠯᠦᠭᠡᠯᠡᠭᠳᠡᠵᠦ᠂ ᠰᠠᠶ᠋ᠢ ᠲᠦᠷᠤᠭ᠍ᠰᠡᠨ ᠬᠤᠷᠠᠭ᠎ᠠ ᠨᠢ ᠲᠦᠷᠤᠯᠬᠢ ᠶᠢᠨ ᠰᠢᠮ᠎ᠡ ᠲᠡᠵᠢᠭᠡᠯ ᠳᠤᠲᠠᠮᠠᠭ ᠪᠦᠭᠡᠳ ᠡᠬᠡ ᠶᠢᠨ ᠰᠦᠨ ᠠᠴᠠ ᠭᠦᠢᠴᠡᠳ ᠰᠢᠮ᠎ᠡ ᠲᠡᠵᠢᠭᠡᠯᠲᠤ ᠪᠣᠳᠠᠰ ᠣᠯᠵᠤ ᠨᠦᠬᠦᠪᠦᠷᠢᠯᠡᠬᠦ ᠦᠭᠡᠢ ᠠᠴᠠ ᠪᠣᠯᠵᠤ ᠬᠤᠷᠠᠭ᠎ᠠ ᠶᠢᠨ ᠳᠣᠳᠤᠭᠠᠳᠤ ᠱᠦᠭᠦᠷᠡᠯ ᠨᠢ ᠲᠣᠬᠢᠷᠠᠯᠴᠠᠭ᠎ᠠ ᠪᠠᠨ ᠠᠯᠳᠠᠵᠤ᠂ ᠰᠣᠯᠢᠯᠴᠠᠭ᠎ᠠ ᠰᠠᠮᠠᠭᠤᠷᠠᠵᠤ᠂ ᠮᠡᠳᠡᠷᠡᠯ ᠤᠨ ᠴᠢᠨᠠᠷᠲᠠᠢ ᠲᠠᠲᠠᠪᠠᠯᠵᠠᠬᠤ ᠢᠯᠡᠷᠡᠯ ᠪᠣᠢ ᠪᠣᠯᠤᠨ᠎ᠠ᠃     2.ᠡᠬᠡ ᠶᠢᠨ ᠰᠦᠨ ᠳᠡᠭᠡᠨ ᠴᠠᠳᠬᠤ ᠦᠭᠡᠢ᠃ ᠡᠬᠡ ᠶᠢᠨ ᠰᠦ ᠨᠢ ᠭᠦᠢᠴᠡᠳ ᠦᠭᠡᠢ ᠪᠣᠶᠣ ᠰᠦ ᠦᠭᠡᠢ᠂ ᠡᠰᠡᠭᠦᠯ᠎ᠡ ᠡᠬᠡ ᠮᠠᠯ ᠨᠢ ᠲᠦᠯᠰᠡᠭ ᠴᠢᠨᠠᠷ ᠢᠶᠠᠷ ᠠᠨᠠᠢ ᠪᠣᠶᠣ ᠳᠠᠯᠠᠩ ᠤᠨ ᠦᠷᠪᠢᠰᠤᠯ ᠲᠠᠢ ᠭᠡᠬᠦ ᠵᠡᠷᠭᠡ ᠰᠢᠯᠲᠠᠭᠠᠨ ᠠᠴᠠ ᠪᠣᠯᠵᠤ᠂ ᠰᠠᠶ᠋ᠢ ᠲᠦᠷᠤᠭ᠍ᠰᠡᠨ ᠬᠤᠷᠠᠭ᠎ᠠ ᠪᠠᠨ ᠬᠦᠬᠦᠭᠦᠯᠬᠦ ᠦᠭᠡᠢ ᠪᠠᠶᠢᠵᠤ᠂ ᠬᠤᠷᠠᠭ᠎ᠠ ᠶᠢᠨ ᠪᠡᠶ᠎ᠡ ᠶᠢᠨ ᠪᠠᠶᠢᠳᠠᠯ ᠲᠤᠩ ᠠᠨᠠᠢ᠂ ᠦᠪᠡᠷᠲᠡᠭᠡᠨ ᠬᠦᠬᠦᠵᠦ ᠴᠢᠳᠠᠬᠤ ᠦᠭᠡᠢ ᠠᠴᠠ ᠬᠤᠷᠠᠭ᠎ᠠ ᠨᠢ ᠳᠠᠷᠤᠶᠢᠬᠠᠨ ᠤᠭᠤᠷᠠᠭ ᠰᠦ ᠪᠠᠨ ᠣᠯᠵᠤ ᠬᠦᠬᠦᠬᠦ ᠦᠭᠡᠢ᠂ ᠦᠰᠤᠯᠲᠡ ᠪᠣᠶᠢᠵᠢᠯᠲᠠ ᠳᠤ ᠬᠡᠷᠡᠭᠰᠡᠬᠦ ᠰᠢᠮ᠎ᠡ ᠲᠡᠵᠢᠭᠡᠯᠲᠤ ᠪᠣᠳᠠᠰ ᠳᠤᠲᠠᠭᠳᠠᠬᠤ ᠠᠴᠠ ᠪᠣᠯᠵᠤ᠂ ᠲᠠᠲᠠᠪᠠᠯᠵᠠᠬᠤ ᠭᠡᠮ ᠡᠭᠦᠰᠳᠡᠭ᠃     3.ᠠᠷᠬᠠᠭ ᠴᠢᠨᠠᠷᠲᠠᠢ ᠡᠪᠡᠳᠴᠢᠨ ᠲᠠᠢ᠃ ᠭᠡᠭᠡᠯ ᠲᠠᠢ ᠡᠮ᠎ᠡ ᠬᠤᠨᠢ ᠨᠢ ᠤᠷᠲᠤ ᠬᠤᠭᠤᠴᠠᠭ᠎ᠠ ᠪᠠᠷ ᠬᠤᠳᠣᠭᠤᠳᠤᠨ ᠤ ᠡᠪᠡᠳᠴᠢᠨ ᠭᠡᠮ ᠲᠠᠢ ᠪᠠᠶᠢᠵᠤ᠂ ᠵᠣᠬᠢᠰᠲᠠᠢ ᠵᠠᠰᠠᠯᠭ᠎ᠠ ᠬᠢᠬᠦ ᠦᠭᠡᠢ ᠪᠣᠯ ᠭᠡᠭᠡᠯ ᠲᠠᠢ ᠡᠮ᠎ᠡ ᠬᠤᠨᠢᠨ ᠤ ᠪᠡᠶ᠎ᠡ ᠳᠤ ᠸᠢᠲ᠋ᠠᠮᠢᠨ B ᠳᠤᠲᠠᠭᠳᠠᠬᠤ ᠠᠴᠠ ᠪᠣᠯᠵᠤ ᠰᠠᠶ᠋ᠢ ᠲᠦᠷᠤᠭ᠍ᠰᠡᠨ ᠬᠤᠷᠠᠭ᠎ᠠ ᠳᠤᠨᠢ ᠲᠤᠰ ᠡᠪᠡᠳᠴᠢᠨ ᠡᠭᠦᠰᠤᠨ᠎ᠡ᠃     4.ᠡᠮᠴᠢᠯᠡᠭᠡᠨ ᠳᠠᠬᠢ ᠢᠯᠡᠷᠡᠯ᠃ ᠰᠠᠶ᠋ᠢ ᠲᠦᠷᠤᠭ᠍ᠰᠡᠨ ᠬᠤᠷᠠᠭ᠎ᠠ ᠨᠢ ᠭᠡᠨᠡᠳᠲᠡ ᠪᠠᠷ ᠡᠪᠡᠳᠴᠢᠨ ᠡᠭᠦᠰᠴᠤ᠂ ᠰᠢᠯᠢ ᠪᠠᠨ ᠬᠠᠨᠳᠠᠷᠴᠤ᠂ ᠪᠦᠬᠦ ᠪᠡᠶ᠎ᠡ ᠨᠢ ᠲᠠᠳᠠᠪᠠᠯᠵᠠᠨ᠂ ᠰᠢᠳᠦ ᠪᠠᠨ ᠬᠠᠪᠢᠷᠤᠨ᠂ ᠠᠮᠠᠨ ᠠᠴᠠ ᠨᠢ ᠬᠦᠭᠡᠰᠤ ᠰᠠᠭᠭᠠᠨ᠎ᠠ᠂ ᠬᠤᠭᠤᠰᠤᠨ ᠵᠠᠯᠭᠢᠵᠤ᠂ ᠰᠢᠳᠦ ᠪᠠᠨ ᠴᠢᠩᠭ᠎ᠠ ᠵᠠᠭᠤᠵᠤ᠂ ᠲᠣᠯᠤᠭᠠᠢ ᠪᠠᠨ ᠰᠠᠵᠢᠯᠠᠭᠤᠯᠤᠨ᠂ ᠨᠢᠳᠤᠷ ᠢᠶᠠᠨ ᠴᠠᠪᠴᠢᠯᠬᠢᠯᠡᠨ᠂ ᠪᠠᠭ᠎ᠠ ᠲᠠᠷᠢᠬᠢᠨ ᠤ ᠲᠣᠬᠢᠷᠠᠭᠤᠯᠭ᠎ᠠ ᠨᠢ ᠰᠠᠮᠠᠭᠤᠷᠠᠵᠤ᠂ ᠪᠡᠶ᠎ᠡ ᠨᠢ ᠶᠡᠷᠤᠳᠡᠭᠡᠨ ᠠᠷᠤᠨᠰᠢ ᠰᠠᠭᠤᠬᠤ᠂ ᠭᠠᠵᠠᠷ ᠤᠨᠠᠨ ᠲᠠᠲᠠᠪᠠᠯᠵᠠᠬᠤ᠂ ᠳᠦᠷᠪᠡᠨ ᠮᠦᠴᠢ ᠨᠢ ᠳᠤᠷ᠎ᠠ ᠪᠠᠷ ᠢᠰᠬᠦᠯᠬᠦ᠂ ᠠᠮᠠᠨ ᠬᠦᠨᠳᠡᠢ ᠶᠢᠨ ᠳᠤᠯᠠᠭᠠᠨ ᠨᠢ ᠦᠨᠳᠤᠷᠵᠢᠬᠦ᠂ ᠬᠡᠯᠡᠨ ᠤ ᠦᠩᠭᠡ ᠨᠢ ᠭᠦᠨ ᠤᠯᠠᠭᠠᠨ᠂ ᠨᠢᠳᠤᠨ ᠤ ᠰᠠᠯᠢᠰᠤᠳᠤ ᠪᠦᠷᠬᠦᠬᠦᠯ ᠨᠢ ᠴᠢᠰᠤ ᠭᠠᠷᠴᠤ᠂ ᠠᠮᠢᠰᠬᠤᠯ᠂ ᠵᠢᠷᠤᠬᠡᠨ ᠴᠣᠬᠢᠯᠭ᠎ᠠ ᠨᠢ ᠬᠤᠷᠳᠤᠰᠤᠨ᠂ ᠡᠶᠢᠮᠦᠷᠬᠦᠦ ᠢᠯᠡᠷᠡᠯ ᠨᠢ 3-5 ᠮᠢᠨᠦ᠋ᠲ ᠦᠷᠬᠦᠯᠵᠢᠯᠡᠨ᠎ᠡ᠃ ᠮᠡᠳᠡᠷᠡᠯ ᠤᠨ ᠴᠢᠨᠠᠷᠲᠠᠢ ᠬᠦᠭᠡᠷᠤᠯᠲᠡ ᠶᠢᠨ ᠢᠯᠡᠷᠡᠯ ᠠᠴᠠ ᠰᠡᠭᠦᠯᠡᠷ᠂ ᠡᠪᠡᠳᠴᠢᠨ  ᠲᠠᠢ ᠬᠤᠨᠢᠨ ᠤ ᠪᠦᠬᠦ ᠪᠡᠶ᠎ᠡ ᠠᠴᠠ ᠨᠢ ᠬᠦᠯᠦᠰᠤ ᠭᠠᠷᠴᠤ᠂ ᠶᠠᠳᠠᠷᠠᠵᠤ ᠲᠤᠶᠢᠯᠳᠠᠵᠤ᠂ ᠴᠤᠭ ᠰᠦᠯᠲᠡ ᠦᠭᠡᠢ᠂ ᠲᠣᠯᠤᠭᠠᠢ ᠪᠠᠨ ᠤᠨᠵᠠᠶᠢᠯᠭᠠᠨ ᠭᠠᠵᠠᠷ ᠬᠡᠪᠲᠡᠭᠡᠳ ᠪᠣᠰᠬᠤ ᠦᠭᠡᠢ᠂ ᠪᠠᠰᠠ ᠰᠡᠭᠦᠳᠡᠷ ᠭᠠᠵᠠᠷ ᠬᠡᠪᠲᠡᠬᠦ ᠳᠤᠷᠠᠲᠠᠢ᠂ ᠠᠮᠢᠰᠬᠤᠯ ᠬᠢᠭᠡᠳ ᠵᠢᠷᠤᠬᠡᠨ ᠴᠣᠬᠢᠯᠭ᠎ᠠ ᠨᠢ ᠤᠳᠠᠭᠠᠰᠢᠷᠠᠨ᠎ᠠ᠃ ᠶᠡᠷᠤᠳᠡᠭᠡᠨ ᠠᠷᠪᠠᠨ ᠬᠡᠳᠤᠨ ᠮᠢᠨᠦ᠋ᠲ ᠡᠰᠡᠭᠦᠯ᠎ᠡ ᠬᠠᠭᠠᠰ ᠴᠠᠭ ᠴᠢᠨᠠᠭᠰᠢᠯᠠᠨ ᠨᠡᠩ ᠤᠷᠲᠤ ᠬᠤᠭᠤᠴᠠᠭ᠎ᠠ ᠠᠯᠤᠰᠯᠠᠨ ᠳᠠᠬᠢᠨᠲᠠ ᠡᠪᠡᠳᠴᠢᠨ ᠤ ᠪᠠᠶᠢᠳᠠᠯ ᠢᠯᠡᠷᠡᠨ᠎ᠡ᠃ ᠡᠪᠡᠳᠴᠢᠨ ᠤ ᠪᠠᠶᠢᠳᠠᠯ ᠢᠯᠡᠷᠡᠬᠦ ᠦᠶᠡᠯᠡᠯ ᠤᠨ ᠬᠤᠭᠤᠴᠠᠭ᠎ᠠ ᠨᠢ ᠶᠠᠪᠤᠬᠤ ᠳᠣᠳᠤᠮ ᠪᠣᠭᠤᠨᠢᠰᠴᠤ᠂ ᠡᠪᠡᠳᠴᠢᠨ ᠤ ᠶᠠᠪᠤᠴᠠ ᠨᠢ ᠶᠠᠪᠤᠬᠤ ᠳᠣᠳᠤᠮ ᠤᠷᠳᠤᠰᠴᠤ᠂ ᠬᠠᠮᠤᠭ ᠰᠡᠭᠦᠯ ᠳᠤᠨᠢ ᠳᠣᠳᠤᠭᠠᠳᠤ ᠱᠦᠭᠦᠷᠡᠯ ᠤᠨ ᠲᠣᠬᠢᠷᠠᠭᠤᠯᠭ᠎ᠠ ᠪᠠᠨ ᠠᠯᠳᠠᠬᠤ ᠠᠴᠠ ᠪᠣᠯᠵᠤ᠂ ᠪᠡᠶ᠎ᠡ ᠶᠢᠨ ᠳᠣᠳᠤᠭᠠᠳᠤ ᠶᠢᠨ ᠰᠣᠯᠢᠯᠴᠠᠭ᠎ᠠ ᠨᠢ ᠰᠠᠮᠠᠭᠤᠷᠠᠵᠤ᠂ ᠡᠨᠧᠷᠬᠢ ᠶᠢᠨ ᠵᠠᠷᠤᠴᠠᠭᠤᠯᠤᠭ᠎ᠠ ᠨᠢ ᠬᠡᠲᠤ ᠶᠡᠭᠡᠰᠴᠤ᠂ ᠶᠡᠭᠡ ᠬᠡᠮᠵᠢᠶᠡᠨ ᠤ ᠬᠤᠭᠤᠰᠤᠨ ᠬᠡᠢ ᠵᠠᠯᠭᠢᠬᠤ ᠠᠴᠠ ᠭᠦᠵᠡᠭᠡ  ᠨᠢ ᠬᠡᠢ ᠳᠦᠭᠦᠷᠴᠤ ᠠᠮᠢᠰᠬᠤᠭ᠎ᠠ ᠬᠤᠷᠢᠭᠳᠠᠨ ᠦᠬᠦᠨ᠎ᠡ᠃ ᠪᠦᠬᠦ ᠡᠪᠡᠳᠴᠢᠨ ᠤ ᠶᠠᠪᠤᠴᠠ ᠨᠢ 1-3 ᠡᠳᠦᠷ ᠪᠣᠯᠤᠨ᠎ᠠ᠃      ᠬᠤᠶᠠᠷ᠂ ᠵᠠᠰᠠᠬᠤ ᠠᠷᠭ᠎ᠠ     1.ᠲᠠᠶᠢᠪᠤᠰᠢᠷᠠᠭᠤᠯᠬᠤ᠃ ᠡᠪᠡᠳᠴᠢᠨ ᠲᠠᠢ ᠬᠤᠷᠠᠭ᠎ᠠ ᠶᠢ ᠲᠠᠶᠢᠪᠤᠰᠢᠷᠠᠭᠤᠯᠤᠨ᠂ ᠪᠣᠳᠠᠭᠠᠯᠢ ᠪᠡᠶ᠎ᠡ ᠶᠢᠨ ᠰᠣᠯᠢᠯᠴᠠᠭᠠᠨ ᠤ ᠰᠠᠭᠠᠲᠠᠯ ᠵᠢᠴᠢ ᠲᠠᠷᠢᠬᠢᠨ ᠤ ᠬᠦᠴᠢᠯᠳᠦ᠋ᠷᠦᠭᠴᠢ ᠳᠤᠲᠠᠭᠳᠠᠬᠤ ᠪᠠᠶᠢᠳᠠᠯ ᠢ ᠰᠠᠶᠢᠵᠢᠷᠠᠭᠤᠯᠵᠤ᠂ ᠡᠪᠡᠳᠴᠢᠨ ᠤ ᠤᠯᠠᠮ ᠴᠢᠨᠠᠭᠰᠢᠲᠠ ᠬᠦᠭᠵᠢᠬᠦ ᠶᠢ ᠬᠤᠷᠢᠭᠯᠠᠬᠤ ᠶᠢᠨ ᠲᠦᠯᠦᠭᠡ᠂ ᠲᠠᠶᠢᠪᠤᠰᠢᠷᠠᠭᠤᠯᠬᠤ ᠡᠮ ᠢ ᠡᠷᠲᠡᠬᠡᠨ ᠬᠡᠷᠡᠭᠯᠡᠨ᠎ᠡ᠃ ᠡᠭᠦᠨ ᠳᠤ ᠪᠧᠨ ᠪᠢ ᠲᠦᠸᠧ ᠨᠠ ︵笨比妥钠︶  ᠶᠢ 10-20 ᠮᠢᠯᠯᠢᠯᠢᠲᠷ ᠢᠶᠠᠷ ᠪᠣᠯᠴᠢᠩ ᠳᠤᠨᠢ ᠲᠠᠷᠢᠵᠤ᠂ ᠬᠤᠷᠠᠭ᠎ᠠ ᠶᠢ ᠤᠨᠲᠠᠭᠤᠯᠤᠨ᠎ᠠ᠃     2. ᠨᠡᠶᠢᠯᠡᠮᠡᠯ ᠸᠢᠲ᠋ᠠᠮᠢᠨ B ᠨᠦᠬᠦᠪᠦᠷᠢᠯᠡᠬᠦ᠃ ᠨᠡᠶᠢᠯᠡᠮᠡᠯ ᠸᠢᠲ᠋ᠠᠮᠢᠨ B ︵复方维生素B︶ ᠶᠢ 0.5 ᠮᠢᠯᠯᠢᠯᠢᠲᠷ ᠢ ᠡᠪᠡᠳᠴᠢᠨ ᠲᠠᠢ ᠬᠤᠷᠠᠭᠠᠨ ᠤ ᠪᠣᠯᠴᠢᠩ ᠳᠤ ᠲᠠᠷᠢᠨ᠎ᠠ᠂ ᠡᠳᠦᠷ ᠪᠦᠷᠢ ᠬᠤᠶᠠᠷ ᠤᠳᠠᠭ᠎ᠠ ᠲᠠᠷᠢᠨ᠎ᠠ᠃ ᠺᠠᠯᠼ ᠨᠦᠬᠦᠪᠦᠷᠢᠯᠡᠬᠦ ᠳᠡᠭᠡᠨ 10 ℅ ᠤᠨ ᠦᠵᠤᠮ ᠤᠨ ᠰᠢᠬᠢᠷ ᠤᠨ ᠺᠠᠯᠼ 10-15 ᠮᠢᠯᠯᠢᠯᠢᠲᠷ ᠢ ᠡᠪᠡᠳᠴᠢᠨ ᠲᠠᠢ ᠬᠤᠷᠠᠭᠠᠨ ᠳᠤ ᠸᠧᠨ᠎ᠡ ᠶᠢᠨ ᠰᠤᠳᠠᠯ ᠢᠶᠠᠷ ᠡᠳᠦᠷ ᠪᠦᠷᠢ ᠬᠤᠶᠠᠷ ᠤᠳᠠᠭ᠎ᠠ ᠲᠠᠷᠢᠨ᠎ᠠ᠃     3.ᠠᠷᠠᠴᠢᠯᠠᠭ᠎ᠠ ᠲᠡᠵᠢᠭᠡᠯᠭᠡ ᠪᠠᠨ ᠴᠢᠩᠭᠠᠳᠬᠠᠬᠤ᠃ ᠡᠪᠡᠳᠴᠢᠨ ᠲᠠᠢ ᠬᠤᠷᠠᠭ᠎ᠠ ᠶᠢ ᠪᠠᠶᠢᠨ ᠳᠠᠬᠢᠨ ᠰᠣᠴᠢᠭᠠᠬᠤ ᠠᠴᠠ ᠬᠢᠴᠢᠶᠡᠵᠦ ᠵᠠᠰᠠᠯᠭ᠎ᠠ ᠪᠠᠨ ᠲᠦᠪᠯᠡᠷᠡᠭᠦᠯᠵᠦ ᠬᠢᠬᠦ ᠶᠢ ᠰᠠᠨᠠᠭᠠᠴᠢᠯᠠᠨ᠎ᠠ᠃ ᠠᠮᠠᠨ ᠬᠦᠨᠳᠡᠢ ᠳᠠᠬᠢ ᠱᠦᠭᠦᠷᠡᠯ ᠪᠣᠳᠠᠰ ᠨᠢ ᠮᠦᠭᠡᠷᠰᠤᠨ ᠬᠤᠭᠤᠯᠠᠢ ᠳᠤ ᠰᠣᠷᠤᠭᠳᠠᠨ ᠣᠷᠤᠬᠤ ᠠᠴᠠ ᠰᠡᠷᠭᠡᠶᠢᠯᠡᠵᠦ᠂ ᠡᠪᠡᠳᠴᠢᠨ ᠲᠠᠢ ᠬᠤᠷᠠᠭᠠᠨ ᠤ ᠲᠣᠯᠤᠭᠠᠢ ᠶᠢᠨ ᠬᠡᠰᠡᠭ ᠢ ᠵᠢᠭᠠᠬᠠᠨ ᠦᠨᠳᠤᠷ ᠰᠢᠭ ᠪᠠᠶᠢᠯᠭᠠᠨ᠎ᠠ᠃ ᠡᠬᠡ ᠪᠠᠨ ᠬᠦᠬᠦᠵᠦ ᠴᠢᠳᠠᠬᠤ ᠦᠭᠡᠢ ᠰᠠᠶ᠋ᠢ ᠲᠦᠷᠤᠭ᠍ᠰᠡᠨ ᠬᠤᠷᠠᠭ᠎ᠠ ᠶᠢ ᠨᠢ ᠵᠠᠪᠠᠯ ᠬᠦᠮᠦᠨ ᠤ ᠬᠦᠴᠤ ᠪᠠᠷ ᠲᠡᠵᠢᠭᠡᠵᠦ᠂ ᠪᠠᠰᠠ ᠡᠪᠡᠳᠴᠢᠨ ᠲᠠᠢ ᠬᠤᠷᠠᠭᠠᠨ ᠤ ᠱᠠᠭᠠᠷᠳᠠᠬᠤ ᠡᠨᠧᠷᠬᠢ ᠬᠢᠭᠡᠳ ᠪᠡᠶ᠎ᠡ ᠶᠢᠨ ᠰᠢᠩᠬᠡᠨ ᠢ ᠨᠦᠬᠦᠪᠦᠷᠢᠯᠡᠬᠦ ᠶᠢᠨ ᠲᠦᠯᠦᠭᠡ᠂ ᠪᠡᠶ᠎ᠡ ᠶᠢᠨ ᠺᠢᠯᠤᠭ᠍ᠷᠡᠮ ᠬᠦᠨᠳᠦ ᠪᠦᠷᠢ ᠳᠤ 10℅ ᠤᠨ ᠦᠵᠤᠮ ᠤᠨ ᠰᠢᠬᠢᠷ ᠤᠨ ᠠᠭᠤᠰᠤᠮᠠᠯ 50-70 ᠮᠢᠯᠯᠢᠯᠢᠲᠷ ᠤᠨ ᠪᠠᠷᠢᠮᠵᠢᠶ᠎ᠠ ᠪᠠᠷ ᠡᠳᠦᠷ ᠪᠦᠷᠢ ᠨᠢᠭᠡ ᠤᠳᠠᠭ᠎ᠠ ᠸᠧᠨ᠎ᠡ ᠶᠢᠨ ᠰᠤᠳᠠᠯ ᠢᠶᠠᠷ ᠲᠠᠷᠢᠨ᠎ᠠ᠃     ᠬᠤᠨᠢᠨ ᠰᠦᠷᠦᠭ ᠤᠨ ᠶᠡᠷᠤ ᠶᠢᠨ ᠦᠶᠡᠰ ᠤᠨ ᠠᠷᠠᠴᠢᠯᠠᠭ᠎ᠠ ᠲᠡᠵᠢᠭᠡᠯᠭᠡ ᠶᠢ ᠴᠢᠩᠭᠠᠳᠬᠠᠨ᠂ ᠲᠡᠵᠢᠭᠡᠯ ᠪᠣᠷᠳᠤᠭᠠᠨ ᠤ ᠰᠢᠮ᠎ᠡ ᠲᠡᠵᠢᠭᠡᠯ ᠤᠨ ᠪᠦᠷᠢᠨ ᠲᠦᠭᠦᠷ ᠪᠠᠶᠢᠬᠤ ᠶᠢ ᠪᠠᠲᠤᠯᠠᠨ᠂ ᠨᠡᠩ ᠢᠯᠠᠩᠭᠤᠶ᠎ᠠ ᠭᠡᠭᠡᠯ ᠲᠠᠢ ᠮᠠᠯ ᠤᠨ ᠰᠢᠮ᠎ᠡ ᠲᠡᠵᠢᠭᠡᠯ  ᠢ ᠭᠦᠢᠴᠡᠳ ᠬᠠᠩᠭᠠᠵᠤ᠂ ᠡᠷᠡᠭᠦᠯ ᠴᠢᠬᠢᠷᠠᠭ ᠲᠦᠯ ᠲᠣᠰᠬᠤ ᠶᠢ ᠪᠠᠲᠤᠯᠠᠮᠠᠨᠵᠢᠨ ᠰᠠᠶ᠋ᠢ ᠬᠤᠨᠢᠨ ᠰᠦᠷᠦᠭ ᠤᠨ ᠡᠷᠡᠭᠦᠯ ᠪᠠᠶᠢᠬᠤ ᠶᠢ ᠪᠠᠲᠤᠯᠠᠵᠤ ᠴᠢᠳᠠᠨ᠎ᠠ᠃                                        ᠮᠠᠩᠯᠠᠢ                ᠦᠪᠤᠷ ᠮᠣᠩᠭᠤᠯ ᠤᠨ ᠮᠠᠯ ᠠᠵᠤ ᠠᠬᠤᠢ ᠰᠡᠳᠭᠦᠯ ᠠᠴᠠ ᠪᠠᠭᠤᠯᠭᠠᠪᠠ
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号