ᠦᠨᠢᠶᠡᠨ ᠳᠤ ᠰᠢᠭᠦᠰᠦᠯᠢᠭ ᠪᠣᠷᠳᠤᠭ᠎ᠠ ᠢᠳᠡᠭᠦᠯᠪᠡᠯ ᠰᠦᠨ ᠭᠠᠷᠤᠯᠲᠠ ᠶᠢ ᠳᠡᠭᠡᠭᠰᠢᠯᠡᠭᠦᠯᠵᠦ ᠴᠢᠳᠠᠨ᠎ᠠ
ᠨᠡᠶᠢᠲᠡᠯᠡᠭᠰᠡᠨ ᠴᠠᠭ᠄
2016/12/1
    ᠦᠨᠢᠶᠡᠨ ᠤ ᠰᠦᠨ ᠤ ᠭᠠᠷᠤᠯᠲᠠ ᠶᠢ ᠳᠡᠭᠡᠭᠰᠢᠯᠡᠭᠦᠯᠦᠶ᠎ᠡ ᠭᠡᠪᠡᠯ ᠰᠢᠭᠦᠰᠦᠯᠢᠭ ᠪᠣᠷᠳᠤᠭ᠎ᠠ ᠪᠠᠷ ᠲᠡᠵᠢᠭᠡᠬᠦ ᠪᠣᠯ ᠬᠠᠮᠤᠭ ᠤᠨ ᠰᠠᠶᠢᠨ ᠠᠷᠭ᠎ᠠ ᠪᠣᠯᠤᠨ᠎ᠠ᠃     1.ᠰᠢᠬᠢᠷ ᠯᠣᠣᠪᠠᠩ᠄ ᠲᠡᠵᠢᠭᠡᠬᠦ ᠦᠶᠡᠰ ᠤᠷᠢᠳᠠᠪᠠᠷ ᠤᠬᠢᠶᠠᠨ ᠴᠡᠪᠡᠷᠯᠡᠵᠦ᠂ ᠬᠡᠷᠴᠢᠵᠦ ᠬᠡᠮᠬᠡᠯᠦᠭᠡᠳ᠂ ᠰᠠᠭᠠᠯᠢ ᠶᠢᠨ ᠦᠨᠢᠶ᠎ᠡ ᠪᠦᠷᠢ ᠳᠤ ᠡᠳᠦᠷ ᠲᠤ 30-40 ᠺᠢᠯᠤᠭ᠍ᠷᠡᠮ ᠰᠢᠬᠢᠷ ᠯᠣᠣᠪᠠᠩ ᠦᠭᠴᠦ ᠲᠡᠵᠢᠭᠡᠨ᠎ᠡ᠃ ᠰᠢᠬᠢᠷ ᠯᠣᠣᠪᠠᠩ ᠤᠨ ᠲᠡᠵᠢᠭᠡᠯ ᠢ ᠳᠡᠩᠳᠡᠭᠦᠣ ᠤᠳᠠᠭᠠᠨ ᠲᠠᠯᠪᠢᠵᠦ ᠪᠣᠯᠬᠤ ᠦᠭᠡᠢ᠂ ᠠᠽᠤᠲ ᠬᠦᠴᠢᠯ ᠤᠨ ᠳᠠᠪᠤᠰᠤ ᠡᠭᠦᠰᠴᠤ ᠰᠠᠭᠠᠯᠢ ᠶᠢᠨ ᠦᠨᠢᠶ᠎ᠡ ᠶᠢᠨ ᠬᠤᠣᠷᠳᠠᠭᠳᠠᠬᠤ ᠠᠴᠠ ᠬᠢᠴᠢᠶᠡᠨ᠎ᠡ᠃     2.ᠰᠢᠬᠢᠷ ᠯᠣᠣᠪᠠᠩ ᠤᠨ ᠰᠢᠭᠠᠷᠤ᠄ ᠰᠢᠨ᠎ᠡ ᠰᠤᠷᠭᠤᠭ ᠰᠢᠬᠢᠷ ᠯᠣᠣᠪᠠᠩ ᠤᠨ ᠰᠢᠭᠠᠷᠤ ᠳᠤ ᠤᠰᠤ 90℅᠂ ᠪᠦᠳᠦᠭᠦᠯᠢᠭ ᠤᠭᠤᠷᠠᠭ 0.9℅᠂ ᠪᠦᠳᠦᠭᠦᠯᠢᠭ ᠦᠬᠡᠬᠦ 0.1℅᠂ ᠪᠦᠳᠦᠭᠦᠯᠢᠭ ᠰᠢᠷᠬᠡᠭᠯᠢᠭ 2.6℅᠂ ᠠᠽᠤᠲ ᠦᠭᠡᠢ ᠨᠠᠪᠴᠢᠨ ᠭᠠᠷᠬᠤ ᠪᠣᠳᠠᠰ 3.5℅ ᠠᠭᠤᠯᠵᠤ ᠪᠠᠶᠢᠳᠠᠭ᠂ ᠰᠢᠬᠢᠷ ᠯᠣᠣᠪᠠᠩ ᠤᠨ ᠰᠢᠭᠠᠷᠤ ᠶᠢ ᠰᠠᠭᠠᠯᠢ ᠶᠢᠨ ᠦᠨᠢᠶ᠎ᠡ ᠳᠤ ᠡᠳᠦᠷ ᠪᠦᠷᠢ 3-5 ᠺᠢᠯᠤᠭ᠍ᠷᠡᠮ ᠦᠭᠴᠦ ᠲᠡᠵᠢᠭᠡᠨ᠎ᠡ᠃     3.ᠠᠮᠳᠠᠳᠤ ᠲᠦᠮᠦᠰᠤ ᠵᠡᠷᠭᠡ ᠦᠨᠳᠤᠰᠦᠯᠢᠭ ᠢᠳᠡᠰᠢᠨ ᠨᠣᠭᠤᠭ᠎ᠠ ᠶᠢᠨ ᠲᠦᠷᠤᠯ᠄ 3.5-4 ᠺᠢᠯᠤᠭ᠍ᠷᠡᠮ ᠲᠦᠮᠦᠰᠤ ᠨᠢ 1 ᠺᠢᠯᠤᠭ᠍ᠷᠡᠮ ᠠᠮᠤ ᠪᠣᠳᠠᠭ᠎ᠠ ᠶᠢᠨ ᠲᠦᠷᠤᠯ ᠤᠨ ᠪᠣᠳᠠᠰ ᠲᠠᠢ ᠲᠡᠩᠴᠡᠬᠦ ᠮᠦᠷᠲᠡᠭᠡᠨ ᠬᠠᠭᠤᠷᠠᠢ ᠪᠣᠳᠠᠰ  ᠲᠤ ᠪᠠᠷᠤᠭ 80℅ ᠤᠨ ᠴᠠᠷᠳᠠᠭᠤᠯ ᠠᠭᠤᠯᠤᠭᠳᠠᠳᠠᠭ ᠠᠴᠠ ᠲᠤᠩ ᠠᠮᠠᠷᠬᠠᠨ ᠰᠢᠩᠭᠡᠭᠡᠵᠦ ᠴᠢᠳᠠᠨ᠎ᠠ᠂ ᠡᠳᠦᠷ ᠪᠦᠷᠢ ᠰᠠᠭᠠᠯᠢ ᠶᠢᠨ ᠦᠨᠢᠶ᠎ᠡ ᠳᠤ 20-26 ᠺᠢᠯᠤᠭ᠍ᠷᠡᠮ ᠦᠭᠴᠦ ᠲᠡᠵᠢᠭᠡᠬᠦ ᠶᠢᠨ ᠬᠠᠮᠲᠤ ᠬᠤᠨᠤᠭ ᠤᠨ ᠲᠡᠵᠢᠭᠡᠯ ᠳᠤ ᠤᠭᠤᠷᠠᠭ᠂ ᠡᠷᠤᠳᠡᠰᠤ ᠪᠣᠳᠠᠰ ᠪᠣᠯᠤᠨ ᠸᠢᠲ᠋ᠠᠮᠢᠨ ᠤ ᠨᠦᠬᠦᠪᠦᠷᠢ ᠲᠡᠵᠢᠭᠡᠪᠤᠷᠢ ᠶᠢ ᠲᠣᠬᠢᠷᠠᠭᠤᠯᠵᠤ ᠲᠡᠵᠢᠭᠡᠬᠦ ᠶᠢ ᠠᠩᠬᠠᠷᠤᠨ᠎ᠠ᠃     4.ᠬᠤ᠋ ᠯᠣᠣᠪᠠᠩ᠄ ᠬᠤ᠋ ᠯᠣᠣᠪᠠᠩ ᠳᠤ ᠬᠠᠭᠤᠷᠠᠢ ᠪᠣᠳᠠᠰ ᠤᠨ ᠠᠭᠤᠯᠤᠭᠳᠠᠴᠠ ᠨᠢ 12℅ ᠪᠠᠶᠢᠳᠠᠭ ᠪᠦᠭᠡᠳ ᠣᠯᠠᠩᠬᠢ ᠨᠢ ᠠᠭᠤᠰᠤᠮᠠᠬᠠᠢ ᠰᠢᠬᠢᠷ ᠤᠨ ᠲᠦᠷᠤᠯ ᠪᠠᠶᠢᠵᠤ ᠪᠦᠳᠤᠭᠦᠯᠢᠭ ᠤᠭᠤᠷᠠᠭ 1.1℅᠂ ᠪᠦᠳᠦᠭᠦᠯᠢᠭ ᠦᠬᠡᠬᠦ 0.3℅᠂ ᠪᠦᠳᠦᠭᠦᠯᠢᠭ ᠰᠢᠷᠭᠡᠭᠯᠢᠭ 1.2℅᠂ ᠠᠽᠤᠲ ᠦᠭᠡᠢ ᠨᠠᠪᠴᠢᠨ ᠭᠠᠷᠬᠤ ᠪᠣᠳᠠᠰ 8.4℅ ᠠᠭᠤᠯᠵᠤ᠂ ᠦᠶ᠎ᠡ ᠶᠢᠨ ᠮᠠᠯ᠂ ᠦᠬᠡᠷ ᠪᠣᠯᠤᠨ ᠲᠦᠯ ᠮᠠᠯ ᠤᠨ ᠰᠢᠯᠢᠳᠡᠭ ᠰᠢᠭᠦᠰᠦᠯᠢᠭ ᠪᠣᠷᠳᠤᠭ᠎ᠠ ᠪᠣᠯᠤᠨ᠎ᠠ᠃ ᠲᠡᠵᠢᠭᠡᠬᠦ ᠦᠶᠡᠰ ᠤᠷᠢᠳᠠᠪᠠᠷ ᠤᠬᠢᠶᠠᠵᠤ ᠴᠡᠪᠡᠷᠯᠡᠨ ᠨᠠᠷᠢᠨ ᠬᠡᠷᠴᠢᠵᠤ᠂ ᠰᠠᠭᠠᠯᠢ ᠶᠢᠨ ᠦᠨᠢᠶ᠎ᠡ ᠪᠦᠷᠢ  ᠳᠤ ᠡᠳᠦᠷ ᠲᠤ 20-25 ᠺᠢᠯᠤᠭ᠍ᠷᠡᠮ ᠦᠭᠴᠦ ᠲᠡᠵᠢᠭᠡᠨ᠎ᠡ᠃     5.ᠭᠤᠸᠠ ᠵᠢᠮᠢᠰ ᠤᠨ ᠲᠦᠷᠤᠯ ᠤᠨ ᠲᠡᠵᠢᠭᠡᠪᠦᠷᠢ᠄ ᠭᠤᠣᠯᠳᠠᠭᠤ ᠯᠠᠩᠭᠤᠸᠠ᠂ ᠲᠠᠷᠪᠤᠰ ᠤᠨ ᠬᠠᠯᠢᠰᠤ ᠪᠣᠯᠤᠨ ᠠᠮᠳᠠᠳᠤ ᠬᠡᠮᠬᠡ ᠶᠢᠨ ᠬᠠᠯᠢᠰᠤ ᠵᠡᠷᠭᠡ ᠪᠣᠢ᠃ ᠡᠳᠡᠭᠡᠷ ᠲᠦᠷᠤᠯ ᠤᠨ ᠲᠡᠵᠢᠭᠡᠪᠤᠷᠢ ᠳᠤ ᠤᠰᠤᠨ ᠤ ᠠᠭᠤᠯᠤᠭᠳᠠᠴᠠ ᠬᠠᠮᠤᠭ ᠤᠨ ᠦᠨᠳᠤᠷ ᠪᠠᠶᠢᠳᠠᠭ᠃ ᠲᠡᠵᠢᠭᠡᠬᠦ ᠦᠶᠡᠰ ᠤᠬᠢᠶᠠᠵᠤ ᠨᠠᠷᠢᠨ ᠬᠡᠷᠴᠢᠵᠦ᠂ ᠰᠠᠭᠠᠯᠢ ᠶᠢᠨ ᠦᠨᠢᠶ᠎ᠡ ᠪᠦᠷᠢ  ᠳᠤ ᠡᠳᠦᠷ ᠲᠤ 15-20 ᠺᠢᠯᠤᠭ᠍ᠷᠡᠮ ᠦᠭᠴᠦ ᠲᠡᠵᠢᠭᠡᠨ᠎ᠡ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号