ᠠᠯᠮᠤᠷᠠᠳ ᠰᠠᠷᠢᠮᠰᠠᠭ ᠤᠨ ᠦᠨᠦᠷ ᠢ ᠠᠷᠢᠯᠭᠠᠳᠠᠭ
ᠨᠡᠶᠢᠲᠡᠯᠡᠭᠰᠡᠨ ᠴᠠᠭ᠄
2016/12/13
    ᠰᠠᠷᠢᠮᠰᠠᠭ ᠢᠳᠡᠬᠦ ᠨᠢ ᠡᠷᠭᠦᠯ ᠮᠡᠨᠳᠦ ᠳᠤ ᠲᠤᠰᠠᠲᠠᠢ ᠴᠤ ᠦᠨᠦᠷ ᠲᠠᠨᠢᠷ ᠨᠢ ᠬᠡᠴᠡᠭᠦᠦ ᠪᠠᠶᠢᠳᠠᠭ᠃ ︽ᠡᠨᠡᠳᠬᠡᠭ ᠤᠨ ᠴᠠᠭᠲᠤ ᠰᠣᠨᠢᠨ︾ ᠣᠷᠴᠢᠮᠬᠠᠨ ᠨᠢᠭᠡ ᠰᠢᠨ᠎ᠡ ᠰᠣᠳᠤᠯᠭᠠᠨ ᠤ ᠳ᠋ᠦᠩ ᠢ ᠨᠡᠶᠢᠲᠡᠯᠡᠵᠦ ᠬᠡᠯᠡᠭᠰᠡᠨ ᠢᠶᠠᠷ ᠠᠯᠮᠤᠷᠠᠳ᠂ ᠲᠦᠭᠦᠬᠡᠢ ᠨᠣᠭᠤᠭ᠎ᠠ᠂ ᠪᠠᠳᠷᠠᠰᠢ ᠶᠢᠨ ᠨᠠᠪᠴᠢ ᠨᠢ ᠠᠮᠠᠨ ᠬᠦᠨᠳᠡᠢ ᠳᠠᠬᠢ ᠰᠠᠷᠢᠮᠰᠠᠭ ᠤᠨ ᠦᠨᠦᠷ ᠢ ᠠᠷᠢᠯᠭᠠᠳᠠᠭ᠃ ᠠᠮᠧᠷᠢᠺᠠ ᠶᠢᠨ ᠾᠡᠶᠢᠡᠸ᠋ ᠵᠸᠥ ᠶᠢᠨ ᠶᠡᠭᠡ ᠰᠤᠷᠭᠠᠭᠤᠯᠢ ᠶᠢᠨ ᠰᠣᠳᠤᠯᠭᠠᠲᠠᠳ ᠲᠣᠷᠰᠢᠯᠲᠠ ᠳᠤ ᠣᠷᠤᠯᠴᠠᠭᠰᠠᠳ ᠢ ᠳᠤᠷ᠎ᠠ ᠶᠢᠨ 5 ᠳᠣᠭᠤᠶᠢᠯᠠᠩ ᠬᠤᠪᠢᠶᠠᠨ᠂ ᠬᠦᠮᠦᠨ ᠪᠦᠷᠢ ᠳᠤ 3 ᠭᠷᠡᠮ ᠰᠠᠷᠢᠮᠰᠠᠭ ᠢ 2.5 ᠰᠧᠺᠦ᠋ᠨ᠋ᠳ᠋ ᠵᠠᠵᠢᠯᠤᠭᠤᠯᠤᠭᠰᠠᠨ ᠤ ᠳᠠᠷᠠᠭ᠎ᠠ ᠲᠤᠰ ᠲᠤᠰ ᠳᠣᠣᠷ᠎ᠠ ᠨᠢ ᠤᠰᠤ᠂ ᠠᠯᠮᠤᠷᠠᠳ ᠤᠨ ᠰᠢᠭᠦᠰᠦ ᠤᠤᠭᠤᠯᠭᠠᠬᠤ᠂ ᠬᠠᠯᠠᠭᠤᠯᠤᠭᠰᠠᠨ ᠠᠯᠮᠤᠷᠠᠳ ᠢᠳᠡᠭᠦᠯᠬᠦ᠂ ᠲᠦᠭᠦᠬᠡᠢ ᠨᠣᠭᠤᠭ᠎ᠠ᠂ ᠪᠣᠯᠭᠤᠭᠠᠭᠰᠠᠨ ᠨᠣᠭᠤᠭ᠎ᠠ᠂ ᠲᠦᠭᠦᠬᠡᠢ ᠪᠠᠳᠷᠠᠰᠢ ᠶᠢᠨ ᠨᠠᠪᠴᠢ ᠢᠳᠡᠭᠦᠯᠬᠦ ᠪᠣᠶᠣ ᠪᠠᠳᠷᠠᠰᠢ ᠶᠢᠨ ᠰᠢᠭᠦᠰᠤ᠂ ᠨᠤᠭᠤᠭᠠᠨ ᠴᠠᠢ ᠤᠤᠭᠤᠯᠭᠠᠵᠠᠢ᠃ ᠵᠠᠯᠭᠠᠭᠠᠳ ᠢᠶᠤᠨ ᠤ ᠬᠦᠳᠡᠯᠦᠩᠭᠦᠢ ᠮᠡᠷᠭᠡᠵᠢᠯ ᠢᠶᠠᠷ ᠲᠣᠷᠰᠢᠯᠲᠠ ᠳᠤ ᠣᠷᠤᠯᠴᠠᠭᠴᠢ ᠶᠢᠨ ᠠᠮᠠᠨ ᠬᠦᠨᠳᠡᠢ ᠳᠠᠬᠢ ᠰᠠᠷᠢᠮᠰᠠᠭ ᠤᠨ ᠵᠠᠳᠠᠷᠠᠭᠤᠯᠤᠭᠰᠠᠨ ᠡᠳ᠋ ᠢ ᠪᠠᠶᠢᠴᠠᠭᠠᠭᠰᠠᠨ ᠳᠤ᠂ ᠲᠦᠭᠦᠬᠡᠢ ᠨᠣᠭᠤᠭ᠎ᠠ ᠢᠳᠡᠭᠰᠡᠨ ᠪᠠ ᠠᠯᠮᠤᠷᠠᠳ ᠢ ᠰᠢᠭᠤᠳ ᠢᠳᠡᠭᠰᠡᠳ ᠤᠨ ᠠᠮᠠᠨ ᠬᠦᠨᠳᠡᠢ ᠳᠠᠬᠢ ᠰᠠᠷᠢᠮᠰᠠᠭ ᠤᠨ ᠵᠠᠳᠠᠷᠠᠭᠤᠯᠤᠭᠰᠠᠨ ᠡᠳ᠋ ᠢ ᠪᠠᠶᠢᠴᠠᠭᠠᠭᠰᠠᠨ ᠳᠤ ᠲᠦᠭᠦᠬᠡᠢ ᠨᠣᠭᠤᠭ᠎ᠠ ᠢᠳᠡᠭᠰᠡᠨ ᠪᠠ ᠠᠯᠮᠤᠷᠠᠳ ᠢ ᠰᠢᠭᠤᠳ ᠢᠳᠡᠭᠰᠡᠳ ᠤᠨ ᠠᠮᠠᠨ ᠬᠦᠨᠳᠡᠢ ᠳᠠᠬᠢ ᠰᠠᠷᠢᠮᠰᠠᠭ ᠤᠨ ᠵᠠᠳᠠᠷᠠᠭᠤᠯᠤᠭᠰᠠᠨ ᠡᠳ᠋ ᠤᠨ ᠦᠳᠭᠡᠴᠡ ᠨᠢ 50%  ᠢᠶᠠᠷ ᠳᠣᠷᠤᠭᠰᠢᠯᠠᠵᠤ᠂ ᠪᠠᠳᠷᠠᠰᠢ ᠶᠢᠨ ᠨᠠᠪᠴᠢ ᠵᠠᠵᠢᠯᠤᠭᠰᠠᠨ ᠠᠴᠠ ᠪᠠᠭ᠎ᠠ ᠯᠠ ᠳᠣᠣᠷ᠎ᠠ ᠪᠠᠶᠢᠪᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号