ᠡᠪᠤᠯ ᠤᠨ ᠴᠠᠭ ᠲᠤ ᠭᠡᠵᠢᠭᠡ ᠦᠰᠦ ᠪᠠᠨ ᠬᠡᠷᠬᠢᠨ ᠬᠠᠮᠠᠭᠠᠯᠠᠬᠤ ᠪᠣᠢ
ᠨᠡᠶᠢᠲᠡᠯᠡᠭᠰᠡᠨ ᠴᠠᠭ᠄
2016/12/21
   ᠡᠪᠦᠯ ᠤᠨ ᠠᠭᠤᠷ ᠠᠮᠢᠰᠬᠤᠯ ᠬᠠᠭᠤᠷᠠᠢ ᠪᠠᠶᠢᠳᠠᠭ ᠪᠣᠯᠬᠤᠷ ᠭᠡᠵᠢᠭᠡᠨ ᠠᠴᠠ ᠠᠮᠠᠷᠬᠠᠨ ᠲᠠᠶᠢᠪᠤᠩ ᠴᠠᠬᠢᠯᠭᠠᠨ ᠡᠭᠦᠰᠳᠡᠭ᠂ ᠲᠡᠭᠡᠪᠡᠯ ᠭᠡᠵᠢᠭᠡ ᠪᠠᠨ ᠤᠬᠢᠶᠠᠵᠤ ᠬᠠᠮᠠᠭᠠᠯᠠᠬᠤ ᠠᠷᠭ᠎ᠠ ᠨᠢ ᠵᠣᠬᠢᠰ ᠦᠭᠡᠢ ᠪᠣᠯ ᠮᠦᠨ ᠠᠮᠠᠷᠬᠠᠨ ᠴᠠᠬᠢᠯᠭᠠᠨ ᠡᠭᠦᠰᠳᠡᠭ ᠪᠠᠶᠢᠨ᠎ᠠ᠃    ᠶᠠᠭᠤᠨ ᠤ ᠡᠮᠦᠨ᠎ᠡ ᠭᠡᠵᠢᠭᠡ ᠬᠠᠭᠤᠷᠠᠢ ᠪᠠᠶᠢᠬᠤ ᠠᠰᠠᠭᠤᠳᠠᠯ ᠢ ᠰᠢᠢᠳᠪᠦᠷᠢᠯᠡᠬᠦ ᠬᠡᠷᠡᠭᠲᠡᠢ᠃ ᠵᠦᠭᠡᠯᠡᠨ ᠴᠢᠭᠢᠭᠯᠢᠭ ᠪᠠᠶᠢᠯᠭᠠᠬᠤ ᠭᠡᠵᠢᠭᠡ ᠤᠬᠢᠶᠠᠬᠤ ᠡᠳ᠋ ᠢ ᠰᠤᠩᠭᠤᠨ ᠬᠡᠷᠡᠭᠯᠡᠵᠦ᠂ ᠦᠪᠡᠷ ᠤᠨ ᠦᠰᠤᠨ ᠤ ᠪᠠᠨ ᠣᠨᠴᠠᠯᠢᠭ ᠢ ᠦᠨᠳᠤᠰᠤᠯᠡᠨ ᠭᠠᠷᠠᠭ ᠲᠤ 3-4 ᠤᠳᠠᠭ᠎ᠠ ᠤᠬᠢᠶᠠᠬᠤ ᠬᠡᠷᠡᠭᠲᠡᠢ᠃ ᠢᠩᠭᠢᠪᠡᠯ ᠦᠰᠦ ᠭᠡᠵᠢᠭᠡ ᠴᠡᠪᠡᠷᠬᠡᠨ ᠪᠠᠶᠢᠳᠠᠭ ᠪᠣᠯᠬᠤᠷ ᠦᠷᠤᠯᠳᠤᠨ ᠲᠠᠶᠢᠪᠤᠩ ᠴᠠᠬᠢᠯᠭᠠᠨ ᠡᠭᠦᠰᠬᠦ ᠠᠴᠠ ᠰᠡᠷᠭᠡᠶᠢᠯᠡᠵᠦ ᠴᠢᠳᠠᠨ᠎ᠠ᠃    ᠭᠡᠵᠢᠭᠡ ᠪᠠᠨ ᠤᠬᠢᠶᠠᠭᠰᠠᠨ ᠤ ᠳᠠᠷᠠᠭ᠎ᠠ ᠤᠰᠤᠵᠢᠭᠤᠯᠬᠤ ᠲᠣᠰᠤ ᠲᠦᠷᠭᠡᠪᠡᠯ ᠨᠡᠩ ᠰᠠᠶᠢᠨ᠂ ᠭᠡᠪᠡᠴᠤ ᠲᠣᠰᠤᠯᠢᠭ ᠭᠡᠵᠢᠭᠡ ᠲᠠᠢ ᠬᠦᠮᠦᠨ ᠬᠡᠷᠡᠭᠯᠡᠬᠦ ᠳᠤ ᠲᠣᠬᠢᠷᠠᠬᠤ ᠦᠭᠡᠢ᠃  ᠤᠷᠲᠤ ᠭᠡᠵᠢᠭᠡ ᠨᠢ ᠬᠤᠪᠴᠠᠰᠤ ᠲᠠᠢ ᠦᠷᠦᠯᠳᠦᠬᠦ ᠪᠣᠶᠣ ᠰᠠᠯᠬᠢᠨ ᠳᠤ ᠦᠯᠢᠶᠡᠭᠳᠡᠨ ᠨᠢᠭᠤᠷ ᠴᠢᠷᠠᠢ ᠲᠠᠢ ᠨᠠᠭᠠᠯᠳᠤᠳᠠᠭ ᠪᠣᠯᠬᠤᠷ ᠠᠮᠠᠷᠬᠠᠨ ᠲᠠᠶᠢᠪᠤᠩ ᠴᠠᠬᠢᠯᠭᠠᠨ ᠡᠭᠦᠰᠦᠨ᠎ᠡ᠃ ᠡᠶᠢᠮᠦ ᠠᠴᠠ ᠡᠪᠦᠯ ᠤᠨ ᠭᠠᠩ ᠬᠠᠭᠤᠷᠠᠢ ᠴᠠᠭ ᠲᠤ ᠤᠷᠲᠤ ᠭᠡᠵᠢᠭᠡ ᠪᠠᠨ ᠪᠣᠭᠤᠪᠠᠯ ᠬᠠᠮᠤᠭ ᠤᠨ ᠰᠠᠶᠢᠨ᠃ ᠲᠡᠭᠡᠪᠡᠯ ᠰᠦᠯᠢᠶᠥᠦ ᠰᠠᠮ ᠪᠣᠶᠣ ᠲᠡᠮᠦᠷᠯᠢᠭ ᠰᠠᠮ ᠬᠡᠷᠡᠭᠯᠡᠬᠦ ᠦᠭᠡᠢ ᠪᠣᠯ ᠰᠠᠶᠢᠨ᠂ ᠬᠠᠮᠤᠭ ᠤᠨ ᠰᠠᠶᠢᠨ ᠨᠢ ᠦᠬᠡᠷ ᠤᠨ ᠡᠪᠡᠷ ᠢᠶᠠᠷ ᠬᠢᠭᠰᠡᠨ ᠰᠠᠮ ᠢ ᠬᠡᠷᠡᠭᠯᠡᠭᠡᠷᠡᠢ᠃    ᠴᠢᠨᠠᠷ ᠮᠠᠭᠤᠲᠠᠢ ᠪᠣᠶᠣ ᠬᠢᠮᠢ ᠶᠢᠨ ᠰᠢᠷᠬᠢᠭᠯᠢᠭ ᠢᠶᠠᠷ ᠬᠢᠭᠰᠡᠨ ᠬᠤᠪᠴᠠᠰᠤ ᠡᠮᠦᠰᠪᠡᠯ ᠮᠦᠨ ᠠᠮᠠᠷᠬᠠᠨ ᠲᠠᠶᠢᠪᠤᠩ ᠴᠠᠬᠢᠯᠭᠠᠨ ᠡᠭᠦᠰᠳᠡᠭ᠃ ᠦᠷᠬᠦᠯᠵᠢ ᠴᠠᠬᠢᠯᠭᠠᠨ ᠡᠭᠦᠰᠬᠦ ᠶᠢ ᠰᠡᠷᠭᠡᠶᠢᠯᠡᠬᠦ ᠤᠬᠢᠶᠠᠯᠭ᠎ᠠ ᠶᠢᠨ ᠡᠳ᠋ ᠬᠡᠷᠡᠭᠯᠡᠪᠡᠯ ᠵᠣᠬᠢᠨ᠎ᠠ    ᠭᠡᠷ ᠳᠣᠲᠤᠷᠠᠬᠢ ᠣᠷᠴᠢᠨ ᠲᠣᠭᠤᠷᠢᠨ ᠴᠢᠭᠢᠭᠯᠢᠭ ᠪᠠᠶᠢᠬᠤ ᠡᠰᠡᠬᠦ ᠨᠢ ᠴᠤ ᠲᠤᠩ ᠴᠢᠬᠤᠯᠠ᠃ ᠡᠶᠢᠮᠦ ᠠᠴᠠ ᠡᠪᠤᠯ ᠤᠨ ᠴᠠᠭ ᠲᠤ ᠭᠡᠷ ᠤᠨ ᠱᠠᠯᠠ ᠪᠠᠨ ᠪᠠᠶᠢᠨ ᠳᠠᠬᠢᠨ ᠵᠦᠯᠭᠦᠵᠦ ᠴᠢᠭᠢᠭᠯᠢᠭ ᠪᠠᠶᠢᠯᠭᠠᠬᠤ ᠴᠢᠬᠤᠯᠠᠲᠠᠢ ᠪᠦᠭᠡᠳ ᠳᠣᠲᠤᠷ᠎ᠠ ᠬᠤᠪᠴᠠᠰᠤ᠂ ᠣᠷᠣ ᠳᠡᠪᠢᠰᠭᠡᠷ ᠵᠡᠷᠭᠡ ᠪᠠᠨ ᠪᠦᠷ ᠬᠦᠪᠦᠩ ᠪᠦᠰ ᠤᠨ ᠬᠢ ᠶᠢ ᠰᠤᠩᠭᠤᠵᠤ ᠬᠡᠷᠡᠭᠯᠡᠪᠡᠯ ᠲᠠᠶᠢᠪᠤᠩ ᠴᠠᠬᠢᠯᠭᠠᠨ ᠡᠭᠦᠰᠬᠦ ᠠᠴᠠ ᠵᠠᠶᠢᠯᠠᠰᠬᠢᠵᠤ ᠴᠢᠳᠠᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号