ᠡᠷᠡᠭᠦᠯ ᠮᠡᠨᠳᠦ ᠳᠤ ᠬᠤᠤᠷ ᠨᠦᠯᠦᠭᠡ ᠲᠠᠢ ᠳᠤᠯᠤᠭᠠᠨ ᠮᠠᠭᠤ ᠵᠠᠩᠰᠢᠯ
ᠨᠡᠶᠢᠲᠡᠯᠡᠭᠰᠡᠨ ᠴᠠᠭ᠄
2016/4/19
  1᠂ ᠦᠷᠯᠦᠭᠡ ᠶᠠᠭᠤ ᠴᠦ ᠢᠳᠡᠬᠦ ᠦᠭᠡᠢ ᠶᠢᠨ ᠬᠤᠤᠷ ᠨᠦᠯᠦᠭᠡ᠄ ᠲᠠᠨ ᠢ ᠴᠤᠭ ᠰᠦᠯᠳᠡ ᠦᠭᠡᠢ ᠪᠤᠯᠭᠠᠵᠤ᠂  ᠬᠤᠳᠤᠭᠤᠳᠤ ᠶᠢ ᠴᠢᠨᠢ ᠰᠢᠷᠬᠠᠳᠤᠭᠤᠯᠵᠤ᠂ ᠪᠠᠰᠠ ︽ᠦᠲᠡᠯᠦᠩᠭᠦᠢ︾ ᠬᠠᠷᠠᠭᠳᠠᠭᠤᠯᠤᠨ᠎ᠠ᠃        2᠂ ᠤᠷᠤᠢ ᠶᠢᠨ ᠬᠤᠭᠤᠯᠠ ᠶᠢ ᠬᠡᠲᠦᠷᠡᠲᠡᠯ᠎ᠡ ᠢᠳᠡᠬᠦ ᠶᠢᠨ ᠬᠤᠤᠷ ᠨᠦᠯᠦᠭᠡ᠄ ᠤᠷᠤᠢ ᠴᠢᠰᠤᠨ ᠳᠠᠬᠢ ᠨᠦᠢᠷ ᠤᠨ  ᠠᠷᠠᠯ ᠤᠨ ᠡᠳ᠋ ᠤᠨ ᠠᠬᠤᠭᠤᠯᠤᠭᠳᠠᠴᠠ ᠨᠢ ᠦᠳᠭᠡᠷᠡᠳᠡᠭ ᠪᠤᠯᠬᠤᠷ ᠴᠢᠰᠤᠨ ᠤ ᠦᠭᠡᠬᠦ ᠶᠢ ᠴᠢᠰᠤᠨ ᠰᠤᠳᠠᠯ ᠤᠨ ᠬᠠᠨ᠎ᠠ  ᠪᠠ ᠬᠤᠳᠤᠭᠤᠳᠤᠨ ᠤ ᠬᠠᠨ᠎ᠠ ᠳᠤ ᠨᠠᠭᠠᠯᠳᠤᠭᠤᠯᠳᠠᠭ᠃ ᠡᠶᠢᠮᠦ ᠠᠴᠠ ᠤᠷᠤᠢ ᠬᠡᠲᠦᠷᠡᠲᠡᠯ᠎ᠡ ᠢᠳᠡᠪᠡᠯ ᠡᠳᠦᠷ ᠤᠨ  ᠤᠳᠠᠭᠠᠨ ᠳᠤ ᠬᠦᠮᠦᠨ ᠢ ᠮᠠᠷᠢᠶᠠᠯᠠᠭᠤᠯᠳᠠᠭ᠂ ᠡᠭᠦᠨ ᠤ ᠬᠠᠮᠲᠤ ᠤᠷᠲᠤ ᠬᠤᠭᠤᠴᠠᠭ᠎ᠠ ᠪᠠᠷ ᠰᠢᠩᠭᠡᠭᠡᠭᠳᠡᠬᠦ ᠦᠭᠡᠢ  ᠢᠳᠡᠭᠡᠨ ᠨᠢ ᠬᠦᠮᠦᠨ ᠤ ᠪᠡᠶ᠎ᠡ ᠶᠢᠨ ᠠᠮᠢᠳᠤ ᠪᠤᠳᠠᠰ ᠤᠨ ᠴᠠᠭ ᠢ ᠰᠠᠮᠠᠭᠤᠷᠠᠭᠤᠯᠵᠤ ᠬᠦᠮᠦᠨ ᠢ ᠨᠦᠢᠷ ᠬᠤᠯᠵᠢᠭᠤᠯᠳᠠᠭ᠃          3᠂ ᠬᠤᠭᠤᠯᠠ ᠶᠢ ᠲᠦᠷᠭᠡᠨ ᠢᠳᠡᠬᠦ ᠶᠢᠨ ᠬᠤᠤᠷ ᠨᠦᠯᠦᠭᠡ᠄ ᠬᠤᠳᠤᠭᠤᠳᠤ ᠭᠡᠳᠡᠰᠦᠨ ᠤ ᠠᠴᠢᠶᠠᠯᠠᠪᠤᠷᠢ  ᠬᠦᠨᠳᠦᠷᠡᠵᠦ ᠠᠮᠠᠷᠬᠠᠨ ᠮᠠᠷᠢᠶᠠᠯᠠᠳᠠᠭ᠃ ᠬᠤᠭᠤᠯᠠ ᠶᠢ ᠲᠦᠷᠭᠡᠨ ᠢᠳᠡᠬᠦ ᠨᠢ ᠦᠨᠠᠨ ᠳᠡᠭᠡᠨ ᠢᠳᠡᠭᠡᠨ ᠢ ᠪᠦᠷᠢᠮᠦᠰᠦᠨ  ᠵᠠᠵᠢᠯᠵᠤ ᠴᠢᠳᠠᠬᠤ ᠦᠭᠡᠢ᠂ ᠠᠮᠠᠨ ᠳᠠᠬᠢ ᠢᠳᠡᠭᠡᠨ ᠪᠠ ᠰᠢᠯᠦᠰᠦᠨ ᠤ ᠴᠠᠷᠳᠠᠭᠤᠯ ᠤᠨ ᠢᠰᠭᠡᠭᠦᠷ ᠤᠨ ᠠᠩᠬᠠᠨ ᠤ  ᠰᠢᠩᠭᠡᠭᠡᠯᠲᠡ ᠶᠢ ᠨᠦᠯᠦᠭᠡᠯᠡᠵᠦ᠂ ᠬᠤᠳᠤᠭᠤᠳᠤ ᠭᠡᠳᠡᠰᠦᠨ ᠤ ᠰᠢᠩᠭᠡᠭᠡᠯᠲᠡ ᠶᠢ ᠨᠦᠯᠦᠭᠡᠯᠡᠳᠡᠭ᠃ ᠨᠦᠭᠦᠭᠡ ᠲᠠᠯ᠎ᠠ ᠪᠠᠷ  ᠵᠠᠵᠢᠯᠬᠤ ᠴᠠᠭ ᠨᠢ ᠤᠬᠤᠷ ᠪᠤᠯᠤᠭᠰᠠᠨ ᠠᠴᠠ ᠦᠯᠦᠰᠦᠭᠰᠡᠨ ᠬᠦᠴᠦᠨ ᠳᠡᠭᠡᠨ ᠬᠡᠲᠦᠷᠡᠲᠡᠯ᠎ᠡ ᠢᠳᠡᠬᠦ ᠶᠠᠪᠤᠳᠠᠯ ᠵᠦᠩᠳᠡᠭᠡᠨ  ᠭᠠᠷᠳᠠᠭ ᠤᠴᠢᠷ ᠠᠴᠠ ᠠᠮᠠᠷᠬᠠᠨ ᠲᠠᠷᠭᠤᠯᠠᠳᠠᠭ᠃        4᠂ ᠤᠰᠤ ᠤᠤᠭᠤᠬᠤ ᠵᠠᠩᠰᠢᠯ ᠦᠭᠡᠢ ᠶᠢᠨ ᠬᠤᠤᠷ ᠨᠦᠯᠦᠭᠡ᠄ ᠲᠠᠷᠢᠬᠢᠨ ᠤ ᠬᠦᠭᠰᠢᠷᠡᠯᠲᠡ ᠶᠢ ᠲᠦᠷᠭᠡᠳᠭᠡᠵᠦ ᠂  ᠲᠠᠷᠢᠬᠢᠨ ᠤ ᠴᠢᠰᠤᠨ ᠰᠤᠳᠠᠯ᠂ ᠵᠢᠷᠦᠬᠡ ᠴᠢᠰᠤᠨ ᠰᠤᠳᠠᠯ ᠤᠨ ᠡᠪᠡᠳᠴᠢᠨ ᠡᠭᠦᠰᠭᠡᠵᠦ᠂ ᠳᠤᠲᠤᠷ ᠡᠷᠬᠡᠲᠡᠨ ᠤ ᠰᠢᠨ᠎ᠠ  ᠬᠠᠭᠤᠴᠢᠨ ᠤ ᠰᠤᠯᠢᠯᠴᠠᠭ᠎ᠠ ᠶᠢ ᠨᠦᠯᠦᠭᠡᠯᠡᠨ᠎ᠡ᠃      5᠂ ᠵᠢᠮᠢᠰ ᠢᠶᠠᠷ ᠬᠤᠭᠤᠯᠠ ᠪᠤᠯᠭᠠᠬᠤ ᠶᠢᠨ ᠬᠤᠤᠷ ᠨᠦᠯᠦᠭᠡ᠄ ᠬᠦᠮᠦᠨ ᠤ ᠪᠡᠶ᠎ᠡ ᠳᠤ ᠤᠭᠤᠷᠠᠭ ᠦᠭᠡᠬᠦ ᠵᠡᠷᠭᠡ  ᠰᠢᠮ᠎ᠡ ᠲᠡᠵᠢᠭᠡᠯ ᠳᠤᠲᠠᠭᠳᠠᠭᠰᠠᠨ ᠠᠴᠠ ᠪᠤᠯᠵᠤ ᠡᠪᠡᠳᠴᠢᠯᠡᠬᠦ ᠪᠤᠯᠤᠮᠵᠢ ᠲᠠᠢ᠃          6᠂ ᠬᠤᠭᠤᠯᠠᠨ ᠤ ᠳᠠᠷᠠᠭ᠎ᠠ ᠲᠠᠮᠠᠬᠢ ᠲᠠᠲᠠᠬᠤ ᠶᠢᠨ ᠬᠤᠤᠷ ᠨᠦᠯᠦᠭᠡ᠄ ᠬᠤᠭᠤᠯᠠᠨ ᠤ ᠳᠠᠷᠠᠭ᠎ᠠ ᠲᠠᠮᠠᠬᠢ  ᠲᠠᠲᠠᠬᠤ ᠨᠢ ᠡᠩ ᠤᠨ ᠴᠠᠭ ᠲᠤ ᠲᠠᠲᠠᠬᠤ ᠠᠴᠠ 10 ᠳᠠᠬᠢᠨ ᠢᠯᠡᠭᠦᠦ ᠬᠤᠤᠷᠳᠠᠳᠠᠭ ᠰᠢᠦ᠃ ᠤᠴᠢᠷ ᠨᠢ ᠬᠦᠮᠦᠨ  ᠬᠤᠭᠤᠯᠠ ᠢᠳᠡᠭᠰᠡᠨ ᠤ ᠳᠠᠷᠠᠭ᠎ᠠ ᠬᠤᠳᠤᠭᠤᠳᠤ ᠭᠡᠳᠡᠰᠦᠨ ᠤ ᠠᠵᠢᠯᠯᠠᠭ᠎ᠠ ᠰᠢᠷᠦᠭᠦᠰᠴᠦ ᠴᠢᠰᠤᠨ ᠤ ᠡᠷᠬᠢᠯᠲᠡ  ᠲᠦᠷᠭᠡᠳᠳᠡᠭ᠃ ᠡᠨᠡ ᠦᠶ᠎ᠡ ᠳᠤ ᠬᠦᠮᠦᠨ ᠤ ᠪᠡᠶ᠎ᠡ ᠶᠢᠨ ᠲᠠᠮᠠᠬᠢᠨ ᠤᠲᠤᠭ᠎ᠠ ᠶᠢ ᠰᠢᠩᠭᠡᠭᠡᠬᠦ ᠴᠢᠳᠠᠪᠤᠷᠢ ᠴᠦ ︽ᠤᠷᠬᠢᠯ︾ ᠦᠶ᠎ᠡ ᠳᠤ ᠬᠦᠷᠳᠡᠭ ᠠᠴᠠ ᠲᠠᠮᠠᠬᠢᠨ ᠤ ᠬᠤᠤᠷᠲᠤ ᠪᠤᠳᠠᠰ ᠪᠠᠶ᠎ᠠ ᠳᠤ ᠠᠮᠠᠷᠬᠠᠨ ᠰᠢᠩᠭᠡᠨ᠎ᠡ᠃          7᠂ ᠴᠠᠢ ᠪᠠᠨ ᠤᠷᠲᠤ ᠬᠤᠭᠤᠴᠠᠭ᠎ᠠ ᠪᠠᠷ ᠬᠠᠯᠠᠭᠤᠨ ᠤᠰᠤᠨ ᠳᠤ ᠳᠡᠪᠲᠦᠭᠡᠵᠦ ᠤᠤᠭᠤᠬᠤ ᠶᠢᠨ ᠬᠤᠤᠷ ᠨᠦᠯᠦᠭᠡ  ᠄ ᠨᠠᠪᠴᠢᠨ ᠴᠠᠢ ᠶᠢ 80 ᠭᠷᠠᠳᠦ᠋ᠰ ᠤᠨ ᠤᠰᠤᠨ ᠳᠤ ᠳᠡᠪᠲᠦᠭᠡᠪᠡᠯ ᠬᠠᠮᠤᠭ ᠲᠤᠬᠢᠷᠠᠮᠵᠢᠲᠠᠢ᠃ ᠬᠡᠷᠪᠡ ᠳᠤᠯᠠᠭᠠᠨ ᠢ  ᠬᠠᠳᠠᠭᠠᠯᠠᠬᠤ ᠴᠤᠮᠤᠨ ᠳᠤ ᠤᠷᠲᠤ ᠬᠤᠭᠤᠴᠠᠭ᠎ᠠ ᠪᠠᠷ ᠴᠠᠢ ᠪᠠᠨ ᠳᠡᠪᠲᠦᠭᠡᠪᠡᠯ ᠴᠠᠢ ᠶᠢᠨ ᠳᠤᠲᠤᠷᠠᠬᠢ ᠸᠢᠲ᠋ᠠᠮᠢᠨ ᠢ  ᠡᠪᠳᠡᠵᠦ᠂ ᠲᠠᠨᠨᠢᠨ ᠬᠦᠴᠢᠯ ᠢᠯᠭᠠᠷᠠᠵᠤ ᠬᠦᠮᠦᠨ ᠢ ᠬᠤᠤᠷᠳᠠᠭᠤᠯᠳᠠᠭ᠃  
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号