ᠡᠮᠡᠭᠳᠠᠶᠢᠴᠣᠣᠨ ᠲᠤ ᠦᠷᠬᠦᠯᠵᠢ ᠲᠣᠳᠠᠭᠳᠠᠬᠤ ᠡᠯᠧᠮᠧᠨ᠋ᠲ ᠤᠳ
ᠨᠡᠶᠢᠲᠡᠯᠡᠭᠰᠡᠨ ᠴᠠᠭ᠄
2016/4/8
     ᠠᠵᠢᠯ ᠠᠯᠪᠠ ᠶᠠᠭᠠᠷᠠᠣ ᠠᠴᠠ ᠪᠣᠯᠵᠣ ᠣᠯᠠᠩᠬᠢ ᠡᠮᠡᠭᠳᠠᠶᠢᠴᠣᠳ ᠢᠳᠡᠬᠡᠨ ᠣᠮᠳᠠᠭᠠᠨ ᠤ ᠰᠢᠮ᠎ᠠ ᠲᠡᠵᠢᠬᠡᠯ ᠢ  ᠠᠩᠬᠠᠷᠬᠤ ᠵᠠᠪ ᠦᠬᠡᠢ᠂ ᠦᠷᠬᠦᠯᠵᠢ ᠲᠦᠷᠬᠡᠨ ᠬᠤᠭᠤᠯᠨ ᠪᠣᠶᠣ ᠲᠦᠬᠦᠮ ᠢᠳᠡᠬᠡᠨ ᠢᠳᠡᠳᠡᠭ᠂ ᠡᠨᠠ ᠨᠢ ᠡᠳᠣᠷ  ᠣᠳᠠᠭᠠᠨ ᠳᠠᠭᠠᠨ ᠬᠦᠮᠣᠨ ᠤ ᠪᠠᠶ᠎ᠠ ᠶᠢᠨ ᠡᠷᠡᠬᠦᠯ ᠮᠡᠳᠣ ᠶᠢ ᠨᠦᠯᠣᠬᠡᠯᠡᠳᠡᠭ᠃       ᠡᠨᠡᠬᠦ ᠪᠠᠶᠢᠳᠠᠯ ᠠᠴᠠ ᠵᠠᠶᠢᠯᠡᠰᠬᠢᠬᠦ ᠶᠢᠨ ᠲᠦᠯᠣᠬᠡ ᠡᠮᠡᠭᠳᠠᠶᠢᠴᠣᠳ ᠲᠣᠣᠷᠡᠬᠢ ᠮᠡᠳᠣ ᠬᠡᠳᠣᠨ ᠵᠦᠢᠯ ᠤᠨ ᠰᠢᠮ᠎ᠠ  ᠲᠡᠵᠢᠬᠡᠯᠳᠣ ᠡᠯᠧᠮᠧᠨ᠋ᠲ ᠨᠦᠬᠦᠪᠣᠷᠢᠯᠡᠪᠠᠯ ᠵᠣᠬᠢᠰᠳᠠᠢ᠃ ᠨᠠᠪᠴᠢᠨ ᠤ ᠬᠦᠴᠢᠯ᠄ ᠨᠣᠭᠤᠭᠠᠨ ᠨᠠᠪᠴᠢᠳᠣ ᠨᠣᠭᠤᠭ᠎ᠠ᠂  ᠬᠤᠯᠣᠣᠪᠠᠨᠭ᠌᠂ ᠯᠠᠩᠭᠤᠸ᠋ᠨ᠂ ᠪᠣᠷᠴᠠᠭ ᠤᠨ ᠵᠦᠢᠯ ᠵᠡᠷᠬᠡ ᠳᠤ ᠣᠯᠠᠨ ᠠᠭᠤᠯᠣᠭᠳᠠᠵᠣ ᠪᠣᠢ᠃ ᠸᠢᠲ᠋ᠠᠮᠢᠨ C᠄  ᠸᠢᠲ᠋ᠠᠮᠢᠨ C ᠡᠯᠪᠡᠭ ᠠᠭᠤᠯᠬᠤ ᠬᠦᠴᠢᠯᠯᠢᠭ ᠵᠦᠷᠵᠢ᠂ ᠦᠵᠣᠮ᠂ ᠲᠦᠪᠡᠳ ᠬᠠᠰᠢ ᠵᠡᠷᠬᠡ ᠶᠢ ᠢᠯᠡᠬᠦᠣ ᠢᠳᠠᠪᠠᠯ  ᠡᠬᠡᠯᠢᠯᠡᠭᠡ ᠶᠢᠨ ᠴᠢᠳᠠᠯ ᠢ ᠲᠡᠬᠡᠭᠰᠢᠯᠡᠬᠦᠯᠵᠣ᠂ ᠵᠢᠷᠣᠬᠡᠨ ᠡᠪᠡᠳᠴᠢᠨ ᠳᠤ ᠨᠡᠷᠪᠡᠭᠳᠡᠬᠦ ᠲᠦᠭᠰᠢᠬᠦᠷᠢ ᠶᠢ  ᠲᠣᠷᠣᠭᠰᠢᠯᠠᠭᠤᠯᠵᠣ᠂ ᠰᠢᠳᠣ ᠬᠠᠮᠠᠭᠠᠯᠠᠬᠤ ᠣᠢᠢᠯᠡᠳᠣᠯ ᠲᠠᠢ᠃ ᠸᠢᠲ᠋ᠠᠮᠢᠨ E᠄ ᠦᠠᠳᠣᠷ ᠪᠦᠳᠣᠮᠵᠢᠳᠣ  ᠢᠰᠣᠯᠳᠣᠬᠦ ᠶᠢ ᠡᠰᠡᠷᠬᠦᠴᠡᠭᠴᠢ ᠮᠦᠨ᠂ ᠴᠢᠰᠣᠨ ᠤ ᠡᠷᠬᠢᠯᠳᠠ ᠶᠢ ᠰᠠᠶᠢᠵᠢᠷᠠᠭᠤᠯᠣᠨ ᠦᠳᠡᠯᠬᠦ ᠶᠢ  ᠣᠳᠠᠭᠠᠰᠢᠷᠠᠭᠤᠯᠣᠨ᠎ᠠ᠂ ᠬᠠᠳᠠᠭᠤ ᠬᠠᠯᠢᠰᠣ ᠲᠠᠢ ᠵᠢᠮᠢᠰ ᠤᠨ ᠲᠣᠳᠣᠷ᠎ᠠ ᠸᠢᠲ᠋ᠠᠮᠢᠨ E ᠡᠯᠪᠡᠭ ᠠᠭᠤᠯᠣᠭᠳᠠᠨ᠎ᠠ᠃       ᠺᠡᠯᠼ᠄ ᠺᠡᠯᠼ ᠲᠣᠳᠠᠭᠳᠠᠬᠤ ᠨᠢ ᠡᠮᠡᠭᠳᠠᠶᠢᠴᠣᠳ ᠤᠨ ᠶᠠᠰᠣ ᠰᠠᠶᠢᠷᠡᠭᠵᠢᠬᠦ ᠪᠠ ᠠᠮᠠᠷᠬᠠᠨ ᠦᠳᠡᠯᠬᠦ ᠶᠢᠨ ᠭᠤᠣᠯ  ᠰᠢᠯᠳᠠᠭᠠᠨ ᠪᠣᠯᠣᠨ᠎ᠠ᠂ ᠰᠦ ᠶᠢᠨ ᠵᠦᠢᠯ᠂ ᠪᠣᠷᠴᠠᠭ ᠤᠨ ᠵᠦᠢᠯ᠂ ᠨᠣᠭᠤᠭᠠᠨ ᠦᠡᠭᠬᠡ ᠲᠠᠢ ᠨᠣᠭᠤᠭ᠎ᠠ ᠢᠯᠡᠬᠦᠣ  ᠢᠳᠡᠪᠠᠯ ᠺᠡᠯᠼ ᠨᠦᠬᠦᠪᠣᠷᠢᠯᠡᠳᠡᠭ᠃ ᠲᠡᠮᠣᠷ᠄ ᠲᠡᠮᠣᠷ ᠪᠣᠯ ᠬᠦᠮᠣᠨ ᠤ ᠪᠠᠶ᠎ᠠ ᠶᠢᠨ ᠴᠢᠰᠣ ᠲᠦᠯᠵᠢᠬᠦ ᠡᠯᠧᠮᠧᠨ᠋ᠲ᠂  ᠭᠠᠭ᠋ᠠᠢ ᠶᠢᠨ ᠡᠯᠢᠬᠡ᠂ ᠨᠣᠭᠤᠰᠣᠨ ᠤ ᠴᠢᠰᠣ᠂ ᠪᠣᠷᠴᠠᠭ ᠤᠨ ᠵᠦᠢᠯ ᠳᠤ ᠲᠠᠮᠣᠷ ᠡᠯᠪᠡᠭ ᠠᠭᠤᠯᠣᠭᠳᠠᠳᠠᠭ᠃ ᠴᠠᠶᠢᠷ᠄  ᠪᠠᠶ᠎ᠠ ᠶᠢᠨ ᠪᠤᠶᠢᠵᠢᠯᠳᠠ ᠪᠠ ᠡᠪᠡᠳᠴᠢᠨ ᠡᠰᠡᠷᠬᠦᠴᠡᠬᠦ ᠴᠢᠳᠠᠪᠣᠷᠢ ᠶᠢ ᠲᠡᠬᠡᠭᠰᠢᠯᠡᠬᠦᠯᠳᠡᠭ᠂ ᠲᠠᠯᠠᠢ ᠶᠢᠨ ᠭᠠᠷᠣᠯᠳᠠ᠂  ᠪᠣᠷᠴᠠᠭ ᠤᠨ ᠵᠦᠢᠯ᠂ ᠠᠯᠮᠣᠷᠠᠳ᠂ ᠨᠠᠷᠠᠨ ᠬᠤᠸᠠᠷ ᠤᠨ ᠦᠷ᠎ᠠ᠂ ᠮᠠᠭᠠᠵᠢ ᠵᠡᠷᠬᠡ ᠳᠤ ᠴᠠᠶᠢᠷ ᠡᠯᠪᠡᠭ  ᠠᠭᠤᠯᠣᠭᠳᠠᠳᠠᠭ᠃    
 
ᠢᠷᠡᠯᠲᠡ᠄ ᠲᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号