ᠡᠬᠡᠴᠢ ᠲᠠᠢ ᠬᠤᠷᠸ᠎ᠠ ᠰᠠᠶᠢᠬᠠᠨ
ᠨᠡᠶᠢᠲᠡᠯᠡᠭᠰᠡᠨ ᠴᠠᠭ᠄
2016/4/6
               ᠡᠬᠡᠴᠢ ᠲᠠᠢ ᠬᠤᠷᠸ᠎ᠠ ᠰᠠᠶᠢᠬᠠᠨ                                                   ●ᠤ · ᠪᠠᠭᠠᠲᠤᠷ       ᠡᠷᠬᠢᠬᠦᠯᠤᠨ ᠡᠷᠬᠢᠬᠦᠯᠤᠨ ᠮᠦᠯᠵᠢᠬᠦ ᠳᠤ                 ᠬᠦᠵᠤᠬᠦᠦ ᠨᠢ ᠮᠢᠬ᠎ᠠ ᠠᠮᠳᠤᠲᠠᠢ               ᠡᠷᠬᠢᠨ ᠲᠦᠬᠡᠶᠢᠯᠠᠨ ᠶᠠᠪᠤᠬᠤ ᠳᠤ             ᠬᠦᠨᠳᠤᠲᠤ ᠡᠬᠡᠴᠢ ᠨᠠᠷ ᠮᠢᠨᠢ ᠰᠠᠶᠢᠬᠠᠨ ᠳ᠋ᠠ︕               — ᠦᠬᠡᠯᠠᠳ ᠠᠷᠠᠳ ᠤᠨ ᠳᠠᠭᠤᠤ             ᠬᠦᠮᠤᠨ ᠤ ᠠᠮᠢᠳᠤᠷᠠᠯ ᠤᠨ ᠵᠠᠮ ᠤᠨ ᠬᠦᠵᠤᠬᠦᠦ ᠤᠷᠲᠤ ᠪᠤᠯᠳᠠᠭ ᠤᠴᠢᠷ ᠮᠢᠨᠤ  ᠠᠮᠢᠳᠤᠷᠠᠯ  ᠨᠤᠲᠤᠭ  ᠎ ᠠᠴᠠ  ᠎ ᠪᠠᠨ ᠬᠤᠯᠠ ᠵᠠᠶᠠᠭᠠᠭᠰᠠᠨ ᠪᠢᠯᠠ᠃ ᠦᠨᠤᠳᠤᠷ ᠡᠷᠬᠢᠨ ᠬᠠᠷᠠᠬᠤ ᠳᠤ ᠡᠵᠢ ᠨᠤᠲᠤᠭ ᠠᠴᠠ ᠪᠠᠨ ᠠᠯᠤᠰ ᠬᠤᠯᠠ ᠠᠯᠲᠠᠨ ᠬᠢᠯᠢ ᠳᠡᠬᠡᠷ᠎ᠠ ᠠᠮᠢᠳᠤᠷᠠᠭᠠᠳ ᠭᠤᠴᠢᠨ ᠵᠢᠯ ᠪᠤᠯᠴᠢᠬᠠᠵᠠᠢ᠃ ᠡᠨᠠ ᠬᠤᠷᠸ᠎ᠠ ᠳᠤ ᠤᠬᠠᠭᠠᠨ ᠤᠷᠤᠭᠰᠠᠨ ᠠᠴᠠ ᠠᠪᠤᠭᠠᠳ ᠪᠢ ᠠᠪᠤ  ᠡᠵᠢ  ᠎ ᠪᠠᠨ ᠠᠮᠢᠳᠤ ᠪᠤᠷᠬᠠᠨ ᠬᠡᠵᠤ ᠦᠵᠡᠳᠡᠭ ᠪᠤᠯᠪᠠᠴᠤ ᠨᠠᠳᠠ ᠶᠢ ᠲᠡᠪᠡᠷᠢᠵᠤ ᠦᠰᠭᠡᠭᠰᠡᠨ ᠡᠬᠡᠴᠢ ᠨᠠᠷ ᠮᠢᠨᠢ ᠨᠠᠳᠠ  ᠎ ᠳᠠᠭᠠᠨ  ᠲᠤᠶᠢᠯ  ᠎ ᠤᠨ ᠡᠨᠡᠷᠢᠯ ᠲᠠᠢ ᠰᠠᠨᠠᠭᠳᠠᠳᠠᠭ ᠰᠠᠨ᠃ ᠠᠪᠤ ᠡᠵᠢ ᠮᠢᠨᠤ ᠨᠠᠳᠠ ᠭᠤᠷᠪᠠᠨ ᠡᠬᠡᠴᠢ  ᠵᠠᠶᠠᠭᠠᠵᠠᠢ᠃  ᠭᠤᠷᠪᠠᠨ  ᠡᠬᠡᠴᠢ  ᠮᠢᠨᠢ  ᠨᠠᠳᠠ  ᠎ ᠶᠢ ︽ᠠᠯᠠᠭᠠᠨ ᠳᠡᠬᠡᠷ᠎ᠠ ᠎ ᠪᠠᠨ ᠲᠠᠯᠪᠢᠪᠠᠯ ᠪᠦᠮᠪᠦᠷᠢᠮᠠᠷ᠂ ᠠᠮᠠᠨ  ᠎ ᠳᠠᠭᠠᠨ  ᠬᠢᠪᠠᠯ  ᠬᠠᠶᠢᠯᠤᠮᠠᠷ︾  ᠡᠩᠬᠡᠷᠡᠯᠠᠨ  ᠦᠰᠬᠦᠵᠤ᠂ ᠮᠢᠨᠤ ᠢᠳᠠᠬᠦ᠂ ᠤᠤᠭᠤᠬᠤ᠂ ᠡᠮᠤᠰᠬᠦ᠂ ᠤᠩᠰᠢᠬᠤ ᠶᠢ ᠪᠦᠷ ᠲᠡᠳᠡᠨ ᠭᠤᠷᠪᠠ ᠬᠠᠷᠭᠠᠯᠵᠠᠳᠠᠭ ᠪᠠᠶᠢᠭᠰᠠᠨ᠂ ᠡᠨᠠ ᠨᠢ ᠠᠪᠤ ᠡᠵᠢ ᠶᠢᠨ ᠮᠢᠨᠢ ᠳᠠᠷᠠᠭᠠᠰᠤ ᠶᠢ ᠬᠦᠩᠬᠡᠷᠠᠯᠠᠨ᠂ ᠨᠠᠳᠠ ᠶᠢ ᠲᠠᠳᠠᠨ ᠳᠤ ᠲᠤᠰᠢᠶᠠᠵᠤ ᠦᠭᠬᠦᠭᠰᠠᠨ ᠰᠢᠭ ᠦᠪᠠᠷ ᠦᠪᠠᠷ ᠤᠨ ᠠᠵᠢᠯ  ᠎ ᠳᠠᠭᠠᠨ  ᠶᠠᠭᠠᠷᠠᠳᠠᠭ  ᠯᠠ ᠪᠠᠶᠢᠭᠰᠠᠨ ᠶᠤᠮ᠃               ᠪᠢ ᠳᠤᠯᠤᠭᠠᠨ ᠨᠠᠰᠤ ᠬᠦᠷᠲᠠᠯ᠎ᠠ ᠪᠠᠨ ᠬᠤᠪᠴᠠᠰᠤ ᠪᠠᠨ ᠦᠪᠠᠷᠲᠠᠬᠡᠨ  ᠡᠮᠤᠰᠤᠭ᠍ᠰᠠᠨ  ᠦᠬᠡᠢ᠂  ᠭᠤᠷᠪᠠᠨ  ᠴᠠᠭ  ᠎ ᠤᠨ ᠬᠤᠭᠤᠯᠠ ᠪᠠᠯᠠᠨ᠂ ᠬᠤᠪᠴᠠᠰᠤ ᠡᠯᠡᠭᠳᠡᠵᠤ ᠴᠤᠭᠤᠷᠬᠤ ᠶᠤᠮ ᠪᠤᠯ ᠡᠬᠡᠴᠢ ᠳᠡᠭᠡᠨ ᠲᠠᠶᠢᠯᠤᠨ  ᠰᠢᠳᠠᠵᠤ  ᠦᠭᠬᠦᠨ᠎ᠠ᠃  ᠬᠤᠭᠤᠯᠠ ᠠᠮᠲᠠ ᠦᠬᠡᠢ ᠪᠤᠯ  ᠠᠴᠢᠷᠬᠠᠨ᠎ᠠ  ︵ᠭᠤᠮᠤᠳᠠᠨ᠎ᠠ︶᠃  ᠲᠡᠳᠡᠨ  ᠳᠠᠬᠢᠭᠠᠳ  ᠤᠨᠳᠤᠤ  ᠬᠤᠭᠤᠯᠠ  ᠬᠢᠵᠤ  ᠦᠭᠬᠦᠨ᠎ᠠ᠃  ᠪᠠᠭ᠎ᠠ ᠰᠤᠷᠭᠠᠭᠤᠯᠢ ᠳᠤ ᠤᠴᠢᠭᠰᠠᠨ ᠤ ᠳᠠᠷᠠᠭ᠎ᠠ ᠰᠤᠷᠭᠠᠭᠤᠯᠢ ᠳᠤ ᠤᠳᠴᠤ ᠬᠠᠷᠢᠬᠤ  ᠬᠦᠷᠲᠠᠯ᠎ᠠ  ᠲᠡᠳᠠᠨ  ᠬᠠᠷᠢᠭᠤᠴᠠᠨ᠎ᠠ᠃  ᠤᠳᠤ ᠪᠤᠳᠤᠬᠤ ᠳᠤ ᠪᠢ ᠭᠤᠷᠪᠠᠨ ᠡᠬᠡᠴᠢ ᠶᠢᠨ ᠰᠠᠶᠢᠨ ᠢᠶᠠᠷ ᠬᠠᠭᠠᠨ ᠤ ᠬᠦᠪᠠᠬᠦᠨ ᠰᠢᠭ ᠵᠢᠷᠭᠠᠵᠤ ᠯᠠ ᠪᠠᠶᠢᠭᠰᠠᠨ ᠪᠠᠶᠢᠨ᠎ᠠ᠃  ᠲᠡᠳᠡᠨ ᠨᠠᠳᠠ ᠳᠤ ᠭᠬᠢᠷ ᠲᠤᠰᠬᠠᠬᠤ ᠦᠬᠡᠢ ᠴᠡᠪᠠᠷ ᠰᠠᠶᠢᠬᠠᠨ ᠳᠠᠰᠬᠠᠭᠰᠠᠨ ᠪᠤᠯᠳᠠᠭ᠃ ᠵᠠᠷᠢᠮ ᠦᠶᠠᠰ ᠮᠠᠭᠤᠳᠠᠪᠠᠯ ᠡᠬᠦᠷᠤᠨ᠎ᠠ᠂  ᠠᠯᠢᠶᠠᠯᠠᠨ ᠤᠬᠢᠯᠠᠪᠠᠯ ᠡᠪᠯᠡᠨ᠎ᠠ᠃ ᠠᠳᠠᠯᠢ ᠨᠠᠰᠤ ᠨᠢ ᠬᠡᠤᠬᠡᠳ ᠲᠠᠢ ᠵᠤᠳᠤᠯᠳᠠᠪᠠᠯ ᠳᠤᠮᠳᠠ ᠨᠢ ᠤᠷᠤᠵᠤ ᠬᠠᠷᠠᠰᠠᠨ᠎ᠠ᠃ ᠲᠡᠷᠠ ᠦᠶ᠎ᠠ ᠬᠡᠤᠬᠡᠳ ᠢᠳᠠᠬᠦ ᠶᠠᠭᠤᠮ᠎ᠠ ᠬᠤᠪᠤᠷ᠂ ᠬᠡᠷᠪᠠ ᠬᠡᠷ ᠲᠤ ᠨᠢᠬᠡ ᠬᠡᠶᠢᠴᠢ ᠬᠠᠷ᠎ᠠ ᠢᠷᠡᠭᠰᠠᠨ  ᠪᠤᠶᠤ  ᠠᠶᠢᠯ  ᠎ ᠠᠴᠠ  ᠤᠯᠤᠭᠰᠠᠨ  ᠰᠢᠬᠢᠷ  ᠎ ᠪᠠᠨ ᠬᠦᠷᠲᠠᠯ᠎ᠠ ᠬᠠᠳᠠᠭᠠᠯᠠᠨ ᠡᠷᠬᠡᠪᠰᠢ ᠨᠠᠳᠠ ᠦᠭᠬᠦᠨ᠎ᠠ᠃ ᠬᠠᠳᠠᠭᠤ ᠬᠦᠳᠠᠬᠦᠦ ᠠᠵᠢᠯ  ᠎ ᠳᠤ  ᠶᠠᠷᠤ  ᠤᠶᠢᠷᠲᠤᠬᠦᠯᠬᠦ  ᠦᠬᠡᠢ᠃  ᠡᠨᠠ ᠪᠠᠶᠢᠳᠠᠯ ᠢ ᠦᠵᠡᠭᠰᠠᠨ ᠮᠢᠨᠤ ᠠᠪᠤ ᠨᠠᠳᠠ ᠶᠢ ᠪᠦᠷᠢᠨ ᠳᠤᠮᠳᠠ ᠰᠤᠷᠭᠠᠭᠤᠯᠢ ᠲᠡᠬᠦᠰᠬᠡᠵᠤ ᠶᠡᠭᠡ  ᠰᠤᠷᠭᠠᠭᠤᠯᠢ  ᠎ ᠶᠢᠨ  ᠰᠢᠯᠭᠠᠯᠲᠠ ᠠᠴᠠ ᠭᠤᠵᠢᠭᠳᠠᠵᠤ᠂ ᠳᠠᠷᠠᠭ᠎ᠠ ᠵᠢᠯ ᠳᠠᠬᠢᠨ ᠳᠠᠪᠲᠠᠵᠤ ᠶᠡᠭᠡ ᠰᠤᠷᠭᠠᠭᠤᠯᠢ ᠳᠤ ᠰᠢᠯᠭᠠᠯᠠᠨ᠎ᠠ ᠬᠡᠰᠠᠨ ᠳᠤ  ᠡᠷᠬᠡᠪᠰᠢ  ᠴᠡᠷᠢᠭ  ᠎ ᠲᠤ ᠶᠠᠪᠤᠭᠤᠯᠤᠨ᠎ᠠ ᠬᠡᠪᠠᠯ ᠭᠤᠷᠪᠠᠨ ᠡᠬᠡᠴᠢ ᠮᠢᠨᠢ ᠶᠠᠷᠤ ᠵᠦᠪᠰᠢᠶᠠᠷᠬᠦ ᠦᠬᠡᠢ  ᠪᠠᠶᠢᠯ᠎ᠠ᠃  ᠬᠡᠲᠠᠯ᠎ᠠ  ᠮᠢᠨᠤ  ᠠᠪᠤ  ᠴᠡᠷᠢᠭ  ᠪᠤᠯᠤᠭᠰᠠᠨ ᠬᠦᠮᠤᠨ᠂ ᠶᠠᠷᠤ ᠬᠡᠭᠰᠠᠨ ᠠᠵᠢᠯ ᠪᠠᠨ ᠪᠦᠲᠤᠬᠡᠳᠡᠭ᠂ ᠬᠡᠯᠡᠭᠰᠠᠨ ᠳᠠᠭᠠᠨ ᠬᠦᠷᠳᠡᠭ ᠵᠠᠩ ᠲᠠᠢ ᠪᠠᠶᠢᠭᠰᠠᠨ  ᠤᠴᠢᠷ  ᠲᠡᠷᠠ  ᠭᠤᠷᠪᠠᠨ ᠡᠬᠡᠴᠢ ᠶᠢ ᠢᠳᠬᠠᠨ᠄ ︽ᠲᠠᠰᠢᠶᠠᠭᠠᠳ ᠦᠰᠭᠡᠭᠰᠡᠨ ᠬᠡᠤᠬᠡᠳ ᠲᠠᠪᠢᠨ ᠯᠠᠩ ᠤᠨ  ᠠᠯᠳᠠ᠂  ᠲᠠᠭᠠᠯᠠᠭᠠᠳ  ᠦᠰᠬᠦᠭᠰᠠᠨ  ᠬᠡᠤᠬᠡᠳ ᠲᠠᠪᠤᠨ ᠯᠠᠩ ᠤᠨ ᠠᠯᠲᠠ᠂ ᠡᠷᠬᠡ ᠶᠢ ᠰᠤᠷᠭᠠᠬᠤ ᠪᠠᠷ᠂ ᠪᠡᠷᠬᠡ ᠶᠢ ᠰᠤᠷᠭᠠᠪᠠᠯ ᠰᠠᠶᠢᠨ︾ ᠬᠡᠵᠤ ᠬᠦᠴᠤ ᠦᠭᠬᠦᠯ ᠦᠬᠡᠢ ᠴᠡᠷᠢᠭ ᠤᠨ ᠠᠯᠪᠠᠨ ᠳᠤ ᠶᠠᠪᠤᠭᠤᠯᠵᠠᠢ᠃              ᠬᠦᠬᠡᠷᠤᠬᠦᠢ ᠭᠤᠷᠪᠠᠨ ᠡᠬᠡᠴᠢ ᠮᠢᠨᠢ᠄ ︽ᠵᠠᠮ ᠳᠠᠭᠠᠨ ᠬᠢᠴᠢᠶᠠᠵᠤ ᠶᠠᠪᠤ᠂ ᠪᠠᠶ᠎ᠠ ᠳᠠᠭᠠᠨ ᠴᠢᠩᠭ᠎ᠠ ᠪᠠᠢ᠂  ᠬᠡᠷ  ᠎ ᠪᠠᠨ  ᠰᠠᠨᠠᠪᠠᠯ ᠴᠢᠯᠤᠬᠡ ᠠᠪᠤᠭᠠᠳ ᠬᠠᠷᠢᠭᠠᠳ ᠢᠷ᠎ᠠ᠂ ᠦᠷᠬᠦᠯᠵᠢ ᠪᠢᠳᠠᠨ ᠳᠤ ᠤᠳᠠᠰᠤ ᠶᠠᠪᠤᠭᠤᠯᠵᠤ  ᠪᠠᠢ︾  ᠬᠡᠵᠤ  ᠠᠬᠢᠨ  ᠳᠠᠬᠢᠨ  ᠵᠠᠬᠢᠵᠤ ᠪᠠᠶᠢᠭᠰᠠᠨ᠃ ᠠᠪᠤ ᠶᠢᠨ ᠮᠢᠨᠤ ᠰᠤᠷᠭᠠᠯ ᠠᠯᠲᠠ ᠪᠠᠶᠢᠵᠠᠢ᠃ ᠴᠡᠷᠢᠭ ᠤᠨ ᠬᠤᠸᠠᠷᠠᠨ ᠬᠦᠮᠤᠨ ᠢ ᠪᠤᠯᠪᠠᠰᠤᠷᠠᠯᠳᠠᠭ ᠶᠡᠭᠡ  ᠰᠤᠷᠭᠠᠭᠤᠯᠢ ᠪᠠᠶᠢᠵᠠᠢ᠃ ᠭᠤᠷᠪᠠᠨ ᠡᠬᠡᠴᠢ ᠶᠢᠨ ᠬᠠᠶᠢᠷ᠎ᠠ ᠪᠠᠷ ᠠᠯᠢᠶ᠎ᠠ ᠡᠷᠬᠡ ᠦᠰᠤᠭ᠍ᠰᠠᠨ ᠪᠢ ᠴᠡᠷᠢᠭ ᠤᠨ ᠭᠠᠵᠠᠷ  ᠢᠷᠡᠵᠤ᠂  ︽ᠰᠢᠨ᠎ᠠ  ᠪᠠᠷᠢ︾ ᠰᠢᠭ᠋ ᠪᠤᠯᠵᠤ᠂ ᠠᠮᠢᠳᠤᠷᠠᠯ ᠤᠨ ᠲᠠᠳᠬᠠᠯ ᠢ ᠲᠢᠭ ᠠᠴᠠ ᠡᠬᠢᠯᠠᠨ ᠰᠤᠷᠤᠯ᠎ᠠ᠃ ᠴᠡᠷᠢᠭ  ᠎ ᠤᠨ  ᠬᠤᠸᠠᠷᠠᠨ  ᠨᠠᠳᠠ  ᠎ ᠶᠢ  ᠨᠤᠮ  ᠎ ᠲᠠᠢ ᠪᠤᠯᠭᠠᠯ᠎ᠠ᠂ ᠶᠤᠰᠤ ᠳᠦᠷᠢᠮ ᠲᠠᠢ ᠪᠤᠯᠭᠠᠯ᠎ᠠ᠂ ᠤᠶᠠᠨ ᠪᠠᠭᠤᠷᠠᠢ ᠪᠠᠶ᠎ᠠ ᠴᠤᠭᠴᠠ  ᠎ ᠶᠢ  ᠪᠤᠯᠪᠠᠰᠤᠷᠠᠯ᠎ᠠ᠂  ᠤᠬᠠᠭᠠᠨ  ᠎ ᠲᠠᠢ  ᠪᠤᠯᠭᠠᠯ᠎ᠠ᠂ ᠠᠵᠢᠯᠰᠠᠭ ᠬᠦᠳᠡᠯᠮᠤᠷᠢᠰᠤᠭ᠌ ᠪᠤᠯᠭᠠᠯ᠎ᠠ᠂ ᠡᠷᠠᠰ ᠬᠠᠲᠠᠭᠤ ᠰᠦᠰᠤ ᠵᠤᠷᠢᠭ ᠲᠠᠢ ᠪᠤᠯᠭᠠᠯ᠎ᠠ᠃  ᠡᠨᠠ  ᠎ ᠨᠢ  ᠨᠠᠳᠠ  ᠤᠯᠳᠠᠰᠢ  ᠦᠬᠡᠢ ᠤᠯᠵᠠ ᠪᠤᠯᠤᠯ᠎ᠠ᠂ ᠤᠷᠤᠬᠠᠳᠠᠢ ᠪᠤᠯᠤᠯ᠎ᠠ᠃ ᠪᠢ ᠴᠡᠷᠢᠭ ᠲᠤ ᠤᠷᠤᠭᠰᠠᠨ  ᠬᠤᠶᠠᠳᠤᠭᠠᠷ  ᠵᠢᠯ  ᠴᠡᠷᠢᠭ  ᠎ ᠤᠨ  ᠰᠤᠷᠭᠠᠭᠤᠯᠢ  ᠎ ᠳᠤ ᠰᠢᠯᠭᠠᠭᠳᠠᠨ ᠤᠷᠤᠯ᠎ᠠ᠃            ᠪᠢ ᠤᠬᠠᠭᠠᠷᠠᠯ᠎ᠠ᠂ ᠠᠪᠤ ᠡᠵᠢ ᠪᠠᠨ ᠰᠠᠨᠠᠬᠤ ᠦᠬᠡᠢ ᠪᠤᠯᠤᠯ᠎ᠠ᠂ ᠡᠬᠡᠴᠢ ᠨᠠᠷ ᠢᠶᠠᠨ ᠰᠠᠨᠠᠬᠤ  ᠦᠬᠡᠢ  ᠪᠤᠯᠤᠯ᠎ᠠ᠃  ᠬᠡᠲᠠᠯ᠎ᠠ ᠮᠢᠨᠤ ᠭᠤᠷᠪᠠᠨ ᠡᠬᠡᠴᠢ ᠮᠢᠨᠢ ᠨᠠᠮ᠎ᠠ ᠶᠢ ᠨᠢᠯᠪᠤᠰᠤ ᠲᠠᠢ ᠦᠳᠡᠭᠰᠠᠨ ᠡᠨᠡᠷᠢᠯ ᠬᠠᠶᠢᠷ᠎ᠠ ᠶᠢᠨ ᠬᠠᠷᠠᠴᠠ ᠶᠠᠷᠤ ᠰᠡᠳᠬᠢᠯ  ᠵᠢᠷᠤᠬᠡᠨ  ᠎ ᠤ ᠬᠦᠨ ᠳᠤ ︽ᠵᠠᠩᠭᠠᠷ︾ ᠪᠤᠯᠵᠤ ᠠᠮᠢᠳᠤᠷᠠᠯ᠂ ᠤᠶᠢᠯᠠᠰ ᠳᠤ ᠵᠤᠷᠢᠭᠵᠢᠭᠤᠯᠤᠯ ᠪᠤᠯᠳᠠᠭ ᠪᠠᠶᠢᠭᠰᠠᠨ᠃ ᠴᠡᠷᠢᠭ  ᠎ ᠲᠤ  ᠤᠷᠤᠭᠰᠠᠨ  ᠎ ᠤ ᠭᠤᠷᠪᠠᠨ ᠵᠢᠯ ᠤᠨ ᠳᠠᠷᠠᠭ᠎ᠠ ᠨᠤᠲᠤᠭ ᠲᠠᠭᠠᠨ ᠬᠠᠷᠢᠬᠤ ᠳᠤ ᠡᠬᠡᠴᠢ ᠨᠠᠷ  ᠮᠢᠨᠢ  ᠪᠦᠷ  ᠢᠳᠠᠷ  ᠨᠠᠰᠤᠨ  ᠎ ᠤ  ᠬᠦᠮᠤᠰ  ᠪᠤᠯᠵᠤ᠂ ᠠᠮᠢᠳᠤᠷᠠᠯ ᠤᠨ ᠬᠠᠲᠠᠭᠤ ᠰᠢᠯᠭᠠᠯᠲᠠ ᠳᠤ ᠤᠯᠠᠮ ᠬᠠᠲᠠᠭᠤᠵᠢᠨ ᠦᠪᠠᠷ  ᠦᠪᠠᠷ  ᠎ ᠤᠨ  ᠬᠡᠷ  ᠪᠦᠯᠢ᠂  ᠡᠷ᠎ᠠ  ᠨᠦᠬᠦᠷ᠂  ᠦᠷ᠎ᠠ ᠬᠡᠤᠬᠡᠳ᠂ ᠠᠵᠢᠯ ᠤᠶᠢᠯᠠᠰ ᠤᠨ ᠲᠦᠯᠤᠬᠡ ᠲᠡᠮᠠᠴᠠᠵᠤ᠂ ᠨᠤᠲᠤᠭ ᠤᠨ ᠠᠯᠲᠠᠨ  ᠲᠤᠭᠤᠰᠤᠨ  ᠎ ᠳᠤ  ᠳᠠᠷᠤᠭᠳᠠᠵᠤ  ᠶᠠᠪᠤᠳᠠᠭ  ᠯᠠ ᠪᠠᠶᠢᠨ᠎ᠠ᠃ ᠬᠦᠬᠡᠷᠦᠬᠦᠶᠢᠰ ᠮᠢᠨᠢ︕              ᠨᠠᠷᠠ ᠰᠠᠷᠠ ᠰᠢᠭ᠋ ᠬᠡᠷᠠᠯᠲᠤᠭᠰᠠᠨ ᠮᠤᠩᠭᠤᠯ ᠴᠢᠷᠠᠢ ᠳᠤᠨᠢ  ᠬᠡᠳᠤᠨ  ᠳᠠᠪᠬᠤᠷ  ᠬᠤᠨᠢᠶᠠᠰᠤ  ᠰᠠᠭᠤᠵᠤ᠂  ᠮᠡᠯ  ᠬᠠᠷ᠎ᠠ ᠦᠰᠤᠨ ᠤ ᠴᠠᠭᠠᠨ ᠬᠢᠷᠠᠭᠤ ᠪᠠᠭᠤᠭᠰᠠᠨ ᠶᠢ ᠬᠠᠷᠠᠬᠤ ᠪᠦᠷᠢ᠂ ᠲᠡᠳᠡᠨ ᠤ ᠨᠠᠳᠠ ᠤᠯᠭᠤᠭᠰᠠᠨ  ᠬᠠᠶᠢᠷ᠎ᠠ  ᠡᠵᠢ  ᠎ ᠶᠢᠨ  ᠬᠠᠶᠢᠷ᠎ᠠ ᠠᠴᠠ ᠳᠤᠲᠠᠭᠤ ᠦᠬᠡᠢ ᠳᠡᠩᠳᠠᠬᠦᠦ ᠶᠡᠭᠡ᠂ ᠠᠴᠢ ᠭᠠᠪᠢᠶ᠎ᠠ ᠶᠢ ᠨᠢ ᠬᠠᠷᠢᠭᠤᠯᠵᠤ ᠠᠮᠵᠢᠭ᠎ᠠ ᠦᠬᠡᠢ  ᠎ ᠪᠠᠨ  ᠪᠤᠳᠤᠬᠤ  ᠎ ᠳᠤ  ᠪᠤᠷᠤ ᠵᠢᠷᠤᠬᠡ ᠮᠢᠨᠢ ᠡᠮᠵᠢᠭᠯᠡᠬᠡᠳ ᠪᠠᠶᠢᠬᠤ ᠶᠤᠮ᠃ ᠶᠢᠷᠲᠢᠨᠴᠤ ᠳᠤ ᠪᠠᠶ᠎ᠠ ᠎ ᠶᠢ ᠵᠠᠶᠠᠭᠠᠭᠰᠠᠨ ᠡᠵᠢ ᠪᠠᠶᠢᠬᠤ ᠳᠤ᠂ ᠡᠬᠡᠴᠢ ᠨᠠᠷ ᠮᠢᠨᠢ  ᠠᠯᠢᠶ᠎ᠠ ᠨᠢᠯᠬ᠎ᠠ ᠤᠬᠠᠭᠠᠨ ᠳᠤ ᠮᠢᠨᠢ ᠠᠷᠢᠭᠤᠨ ᠰᠤᠷᠭᠠᠯ ᠎ ᠪᠠᠨ ᠰᠢᠩᠬᠡᠬᠡᠵᠤ᠂ ᠠᠩᠬᠢᠷᠬᠠᠨ ᠢᠲᠠᠬᠡᠯ ᠰᠡᠳᠬᠢᠯ ᠢ ᠬᠠᠨ ᠲᠡᠭᠷᠢ ᠶᠢᠨ ᠪᠦᠷᠬᠦᠳ ᠤᠨ ᠳᠠᠯᠠᠪᠴᠢ ᠰᠢᠭ᠋ ᠬᠠᠲᠠᠭᠤᠵᠢᠭᠤᠯᠤᠭᠰᠠᠨ᠂ ᠡᠵᠢ ᠨᠤᠲᠤᠭ ᠠᠴᠠ ᠪᠠᠨ ᠬᠤᠯᠠᠳᠬᠤ ᠳᠤ ᠡᠯᠢᠬᠡᠨ ᠬᠠᠶᠢᠷ᠎ᠠ ᠪᠠᠷ  ᠎ ᠢᠶᠠᠨ  ᠡᠨᠠᠷᠠᠵᠤ ᠪᠠᠶᠢᠭᠰᠠᠨ ᠶᠤᠮ ᠳ᠋ᠠ ᠬᠡᠵᠤ ᠰᠠᠨᠠᠬᠤ ᠳᠤ ᠦᠪᠠᠷ ᠡᠷᠬᠡ ᠦᠬᠡᠢ ᠬᠤᠶᠠᠷ ᠨᠢᠳᠤᠨ ᠠᠴᠠ ᠮᠢᠨᠤ  ᠨᠢᠯᠪᠤᠰᠤ  ᠠᠰᠬᠠᠷᠠᠵᠤ  ᠪᠠᠶᠢᠳᠠᠭ ᠰᠠᠨ᠃ ᠰᠠᠨᠠᠬᠤ ᠳᠤᠲᠠᠮ ᠤᠯᠠᠮ ᠯᠠ ᠤᠶᠢᠷᠠᠳᠳᠠᠭ ᠳᠠᠬᠦᠦ ᠶᠢᠨ ᠬᠡᠰᠢᠭ ᠵᠠᠶᠠᠭ᠎ᠠ ᠤᠶᠢᠯᠠᠷᠲᠤ ᠶᠢᠷᠲᠢᠨᠴᠤ ᠶᠢᠨ ᠵᠠᠮ ᠢ ᠤᠬᠢᠯᠠᠵᠤ ᠴᠤ ᠶᠠᠪᠤᠯ᠎ᠠ᠂ ᠳᠠᠭᠤᠯᠠᠵᠤ ᠴᠤ ᠶᠠᠪᠤᠯ᠎ᠠ ᠳ᠋ᠠ︕            ᠭᠤᠤᠯ ᠪᠠᠷ ᠬᠦᠶᠤᠳᠠᠭ              ᠭᠤᠤᠷᠭᠤᠯ ᠴᠢᠨᠢ ᠬᠦᠬᠡᠷᠤᠬᠦᠢ              ᠭᠤᠤᠯ ᠳᠠᠭᠠᠨ ᠲᠤᠪᠴᠢ ᠲᠠᠢ            ᠪᠢᠴᠢᠬᠢᠨ ᠬᠦᠬᠡᠷᠤᠬᠦᠢ︕                     ᠠᠷᠤ ᠪᠠᠷ ᠬᠦᠶᠤᠳᠠᠭ             ᠠᠷᠭᠠᠯ ᠴᠢᠨᠢ ᠬᠦᠬᠡᠷᠤᠬᠦᠢ           ᠠᠷᠤ ᠳᠤ ᠪᠠᠨ ᠲᠤᠪᠴᠢ ᠲᠠᠢ           ᠪᠢᠴᠢᠬᠢᠨ ᠬᠦᠬᠡᠷᠤᠬᠦᠢ︕             ᠮᠢᠨᠤ ᠤᠶᠤᠨ ᠳᠤ ᠡᠨᠠ ᠳᠠᠭᠤᠤ ᠮᠦᠩᠬᠡ ᠳᠤ ᠬᠤᠨᠤᠭᠰᠢᠵᠠᠢ᠃ ᠪᠠᠭ᠎ᠠ ᠶᠢᠨ ᠨᠠᠰᠤᠨ ᠤ ᠳᠤᠷᠠᠳᠬᠠᠯ ᠤᠯᠠᠨ ᠪᠤᠯᠪᠠᠴᠤ᠂ ᠨᠠᠳᠠ ᠶᠢ ᠤᠨᠳᠠᠭᠤᠯᠤᠨ᠎ᠠ ᠬᠡᠵᠤ ᠳᠠᠭᠤᠯᠠᠭᠠᠳ ᠪᠠᠶᠢᠳᠠᠭ ᠨᠤᠲᠤᠭ ᠤᠨ ᠠᠷᠠᠳ  ᠎ ᠤᠨ  ᠱᠤᠰᠲᠠᠷ  ᠳᠠᠭᠤᠤ  ᠮᠢᠨᠤ  ᠴᠢᠬᠢᠨ  ᠎ ᠳᠤ ᠡᠬᠦᠷᠲᠠ ᠬᠠᠳᠠᠩᠰᠢᠵᠠᠢ᠃ ᠲᠡᠷᠠ ᠳᠠᠭᠤᠤ ᠶᠢ ᠬᠠᠶᠠ ᠨᠢᠬᠡ ᠠᠶᠠᠯᠬᠤ ᠳᠤ ᠡᠬᠡᠴᠢ ᠨᠠᠷ ᠮᠢᠨᠢ ᠨᠢᠳᠤᠨ ᠳᠤ ᠲᠤᠳᠤᠷᠠᠨ ᠦᠵᠡᠭᠳᠡᠵᠤ ᠯᠠ ᠪᠠᠶᠢᠳᠠᠭ ᠰᠠᠨ᠃ ᠲᠡᠬᠡᠬᠡᠳ ᠪᠢ ᠪᠠᠶ᠎ᠠ ᠠᠴᠠ ᠪᠠᠨ ᠬᠤᠷᠸ᠎ᠠ ᠎ ᠳᠤ ᠶᠠᠭᠤ ᠬᠡᠴᠠᠬᠦᠦ ᠪᠤᠢ ᠬᠡᠵᠤ ᠰᠠᠨᠠᠭᠠᠨ  ᠦᠬᠡᠢ  ᠠᠰᠠᠭᠤᠭᠰᠠᠨ ᠴᠤ ᠲᠠᠷᠠ ᠨᠢ ᠮᠦᠷᠤᠬᠡᠳᠠᠯ ᠪᠢᠯᠠ᠃              ᠨᠠᠬᠡᠷᠠᠨ ᠡᠬᠡᠴᠢ ᠬᠦᠮᠤᠨ ᠤ ᠬᠠᠶᠢᠷ᠎ᠠ ᠬᠡᠵᠤ ᠡᠨᠠ ᠬᠤᠷᠸ᠎ᠠ ᠳᠤ ᠡᠵᠢ ᠶᠢᠨ ᠮᠢᠨᠢ ᠬᠠᠶᠢᠷ᠎ᠠ  ᠰᠢᠭ᠋  ᠡᠨᠠᠷᠠᠯ  ᠎ ᠤᠨ  ᠳᠠᠯᠠᠢ ᠪᠠᠶᠢᠵᠠᠢ᠃ ᠬᠦᠬᠡᠷᠤᠬᠦᠢ︕ ᠶᠠᠭᠤᠮ᠎ᠠ ᠮᠡᠳᠡᠬᠦ ᠦᠬᠡᠢ ᠨᠢᠯᠬᠠᠰᠠᠭ ᠬᠡᠨᠠᠨ ᠴᠠᠶᠢᠯᠭᠠᠨ ᠤᠨᠠᠭᠠᠨ ᠪᠠᠭ᠎ᠠ ᠨᠠᠰᠤᠨ  ᠎ ᠳᠤ  ᠮᠢᠨᠢ᠂ ︽ᠳᠤᠷ᠎ᠠ ᠪᠠᠷ ᠢᠶᠠᠨ ᠲᠠᠭᠤᠯᠠᠵᠤ᠂ ᠳᠤᠮᠳᠠ ᠴᠢᠮᠦᠬᠡ ᠪᠠᠷ ᠢᠶᠠᠨ ᠪᠢᠰᠬᠢᠬᠦᠷ ᠲᠠᠲᠠᠵᠤ︾  ᠶᠠᠪᠤᠳᠠᠭ  ᠤᠮᠤᠷᠬᠠᠭ  ᠠᠯᠢᠶ᠎ᠠ  ᠨᠠᠰᠤᠨ  ᠎ ᠳᠤ  ᠮᠢᠨᠢ ᠠᠮᠢᠳᠤᠷᠠᠯ ᠤᠨ ᠵᠠᠮ ᠤᠨ ᠴᠠᠮᠬᠠᠭ᠂ ᠤᠬᠠᠭᠠᠨ ᠤ ᠬᠡᠬᠡᠨ ᠵᠤᠯᠠ ᠪᠤᠯᠵᠤ᠂ ᠨᠠᠳᠠ ᠶᠢ ᠨᠤᠲᠤᠭ ᠤᠨ ᠬᠡᠤᠬᠡᠳ ᠠᠴᠠ ᠬᠤᠴᠤᠷᠤᠭᠤᠬᠤ ᠦᠬᠡᠢ ᠲᠤᠯᠵᠤ᠂ ᠲᠦᠰᠢᠵᠤ ᠶᠠᠪᠤᠳᠠᠭ ᠲᠠᠷᠠ ᠠᠯᠠᠭ ᠦᠬᠡᠢ ᠰᠠᠶᠢᠬᠠᠨ ᠰᠠᠨᠠᠭ᠎ᠠ ᠶᠢ ᠨᠤᠲᠤᠭ ᠤᠨ ᠨᠠᠷᠠ ᠮᠡᠳᠡᠨ᠎ᠠ᠂ ᠪᠤᠷᠬᠠᠨ  ᠲᠡᠭᠷᠢ ᠮᠡᠳᠡᠨ᠎ᠠ᠂ ᠪᠢ ᠮᠡᠳᠡᠨ᠎ᠠ ᠰᠢᠤ᠂ ᠡᠬᠡᠴᠢ ᠨᠠᠷ ᠮᠢᠨᠢ︕              ᠤᠳᠤ ᠴᠤ ᠬᠡᠷᠬᠡᠢ ᠬᠡᠤᠬᠡᠳ ᠪᠠᠨ ᠳᠠᠭᠠᠭᠤᠯᠠᠭᠠᠳ ᠬᠠᠶᠠ ᠨᠢᠬᠡ ᠤᠴᠢᠪᠠᠯ ᠨᠠᠳᠠ ᠶᠢ ᠲᠤᠮᠤ ᠬᠦᠮᠤᠨ ᠬᠡᠵᠤ ᠪᠤᠳᠤᠬᠤ ᠦᠬᠡᠢ᠂ ᠬᠠᠷᠢᠨ᠄ ︽ᠵᠠᠮ ᠳᠠᠭᠠᠨ ᠶᠠᠳᠠᠷᠠᠭᠠᠳ ᠢᠷᠠᠪᠠᠤ︖ ᠬᠡᠳᠠᠰᠤ ᠴᠢᠨᠢ ᠦᠯᠤᠰᠪᠠᠤ︖︾ ᠬᠡᠵᠤ ᠰᠢᠷᠬᠠᠯ ᠰᠠᠶᠢᠬᠠᠨ ᠰᠦ ᠲᠠᠢ ᠮᠤᠩᠭᠤᠯ ᠴᠠᠢ ᠪᠠᠨ ᠴᠢᠨᠠᠵᠤ ᠪᠡᠯᠡᠳᠭᠡᠭᠡᠳ ᠲᠤᠰᠴᠦ ᠰᠠᠭᠤᠳᠠᠭ᠃ ︽ᠪᠢ ᠶᠠᠮᠠᠷ ᠪᠠᠭ᠎ᠠ ᠬᠡᠤᠬᠡᠳ  ᠪᠢᠰᠢ᠂  ᠤᠳᠤ  ᠬᠡᠷ  ᠮᠠᠯ  ᠎ ᠲᠠᠢ ᠵᠠᠯᠠᠭᠤ ᠪᠤᠯᠤᠯ᠎ᠠ︾ ᠬᠡᠪᠠᠯ ᠲᠡᠳᠠᠨ ᠬᠠᠷᠢᠨ᠄ ︽ᠮᠢᠨᠦ ᠰᠡᠳᠬᠢᠯ ᠳᠤ ᠪᠠᠭ᠎ᠠ  ᠎ ᠪᠠᠷ  ᠎ ᠢᠶᠠᠨ  ᠪᠠᠶᠢᠭᠰᠠᠭᠠᠷ  ᠰᠢᠤ︾  ᠬᠡᠳᠡᠭ᠃  ᠠᠮᠢᠳᠤᠷᠠᠯ ᠬᠠᠶᠢᠷ᠎ᠠ ᠳᠡᠬᠡᠷ᠎ᠠ ᠲᠤᠭᠲᠠᠲᠠᠭ ᠶᠤᠮ ᠬᠡᠰᠠᠨ ᠦᠬᠡ ᠦᠨᠠᠨ ᠦᠬᠡ ᠪᠠᠶᠢᠵᠠᠢ᠃ ᠬᠦᠬᠡᠷᠤᠬᠦᠢ ᠡᠬᠡᠴᠢ ᠨᠠᠷ ᠤᠨ ᠰᠡᠳᠬᠢᠯ  ᠎ ᠳᠤ  ᠮᠢᠨᠢ ᠪᠠᠭ᠎ᠠ ᠶᠢᠨ ᠨᠠᠰᠤ ᠬᠠᠳᠠᠭᠠᠯᠠᠭᠳᠠᠭᠰᠠᠭᠠᠷ ᠪᠠᠶᠢᠵᠠᠢ ᠳ᠋ᠠ︕              ᠪᠢ ᠬᠦᠮᠤᠨ ᠤ ᠨᠤᠲᠤᠭ᠂ ᠬᠦᠨᠳᠡᠯᠠᠩ ᠭᠠᠵᠠᠷ ᠠᠵᠢᠯ ᠤᠨ ᠬᠡᠷᠡᠭᠴᠠᠬᠡᠨ ᠠᠴᠠ  ᠪᠤᠯᠵᠤ  ᠤᠳᠠᠭᠠᠨ  ᠵᠢᠯ  ᠠᠮᠢᠳᠤᠷᠴᠤ᠂ ᠰᠠᠬᠦᠯᠳᠠᠵᠤ ᠢᠷᠡᠬᠡᠳ ᠮᠢᠨᠤ ᠠᠪᠤ ᠡᠵᠢ ᠬᠤᠶᠠᠷ ᠴᠤ ᠨᠠᠰᠤ ᠠᠬᠢᠵᠤ᠂  ᠦᠷᠬᠦᠯᠵᠢ  ᠡᠪᠠᠳᠴᠢᠨ  ᠬᠠᠭᠤᠴᠢᠨ  ᠎ ᠳᠤ  ᠪᠠᠷᠢᠭᠳᠠᠵᠤ᠂ ᠠᠮᠢᠳᠤᠷᠠᠯ ᠤᠨ ᠳᠡᠬᠡᠷ᠎ᠠ ᠬᠦᠴᠢᠷ ᠲᠤᠯᠭᠠᠷᠠᠭᠰᠠᠨ ᠢ ᠰᠤᠨᠤᠰᠠᠭᠠᠳ ᠪᠢ ᠬᠠᠵᠠᠭᠤ ᠎ ᠳᠠᠭᠠᠨ ᠠᠪᠴᠢᠷᠠᠵᠤ ᠬᠠᠷᠭᠠᠯᠵᠠᠶ᠎ᠠ ᠬᠡᠵᠤ ᠨᠤᠲᠤᠭ ᠲᠠᠭᠠᠨ ᠤᠴᠢᠭᠰᠠᠨ ᠳᠤ᠂ ᠭᠤᠷᠪᠠᠨ ᠡᠬᠡᠴᠢ ᠶᠠᠷᠤ ᠮᠢᠨᠤ ᠰᠠᠨᠠᠯ ᠢ ᠵᠦᠪᠰᠢᠶᠠᠷᠡᠭᠰᠠᠨ ᠦᠬᠡᠢ᠃ ᠬᠠᠷᠢᠨ ᠨᠠᠳᠠᠳᠤ᠄ ︽ᠴᠢ ᠰᠠᠨᠠᠭ᠎ᠠ ᠠᠮᠤᠷ ᠤᠯᠤᠰ ᠠᠵᠢᠯ ᠪᠠᠨ ᠰᠠᠶᠢᠨᠠᠷ ᠬᠢ᠂ ᠠᠪᠤ ᠡᠵᠢ ᠎ ᠳᠤ ᠰᠠᠨᠠᠭ᠎ᠠ ᠵᠤᠪᠠᠭᠠᠭᠰᠠᠨ ᠤ ᠬᠡᠷᠡᠭ ᠦᠬᠡᠢ᠂  ᠪᠢᠳᠠᠨ  ᠭᠤᠷᠪᠠ  ᠠᠪᠤ  ᠡᠵᠢ  ᠎ ᠶᠢ ᠰᠠᠶᠢᠬᠠᠨ ᠬᠠᠷᠭᠠᠯᠵᠠᠨ ᠠᠰᠠᠷᠠᠵᠤ ᠴᠢᠳᠠᠨ᠎ᠠ᠃ ᠳᠠᠬᠢᠭᠠᠳ ᠬᠡᠯᠠᠪᠠᠯ ᠪᠢᠳᠠᠨ ᠬᠡᠤᠬᠡᠳ ᠦᠰᠤᠬᠡᠳ ᠲᠤᠮᠤ ᠪᠤᠯᠤᠯ᠎ᠠ᠂ ᠲᠠᠳᠡᠨ ᠴᠤ ᠠᠪᠤ ᠡᠵᠢ ᠎ ᠶᠢᠨ ᠬᠠᠵᠠᠭᠤ ᠳᠤ ᠪᠠᠶᠢᠭᠠᠳ ᠲᠡᠳᠡᠨ ᠢ ᠬᠠᠷᠭᠠᠯᠵᠠᠬᠤ ᠶᠢᠨ ᠬᠠᠮᠲᠤ ᠰᠤᠷᠭᠠᠭᠤᠯᠢ ᠪᠠᠨ ᠤᠩᠰᠢᠨ᠎ᠠ︾  ᠬᠡᠵᠤ᠂  ᠠᠪᠤ  ᠡᠵᠢ ᠬᠤᠶᠠᠷ ᠢ ᠰᠠᠶᠢᠨ ᠤ ᠤᠷᠤᠨ ᠳᠤ ᠶᠠᠪᠤᠲᠠᠯ᠎ᠠ ᠭᠬᠢᠷ ᠲᠤᠰᠬᠠᠬᠤ ᠦᠬᠡᠢ ᠴᠡᠪᠠᠷ ᠰᠠᠶᠢᠬᠠᠨ ᠠᠰᠠᠷᠠᠵᠤ᠂ ᠳᠤᠷ᠎ᠠ ᠎ ᠲᠠᠢ  ᠬᠤᠭᠤᠯᠠ  ᠎ ᠶᠢ ᠨᠢ ᠬᠢᠵᠤ ᠦᠭᠴᠤ᠂ ᠡᠪᠠᠳᠴᠢᠨ ᠲᠠᠢ ᠪᠤᠯᠪᠠᠯ ᠡᠮᠴᠢ ᠵᠠᠯᠠᠵᠤ ᠦᠵᠡᠬᠦᠯᠠᠨ ᠬᠤᠶᠠᠷ ᠨᠠᠰᠤᠲᠠᠨ ᠎ ᠤ ᠰᠠᠶᠢᠬᠠᠨ ᠳᠡᠮᠪᠠᠷᠢᠯ ᠲᠠᠢ ᠢᠷᠤᠬᠡᠯ ᠳᠤ ᠬᠦᠷᠲᠡᠭᠰᠠᠨ ᠪᠤᠯᠳᠠᠭ᠃ ᠲᠡᠬᠡᠬᠡᠳ ᠪᠢ ᠦᠷᠬᠦᠯᠵᠢ ᠡᠨᠠ ᠬᠤᠷᠸ᠎ᠠ ᠳᠤ  ᠡᠬᠡᠴᠢ  ᠪᠠᠶᠢᠨ᠎ᠠ  ᠬᠡᠳᠡᠭ  ᠰᠠᠶᠢᠬᠠᠨ᠂  ᠡᠬᠡᠴᠢ  ᠎ ᠲᠠᠢ ᠬᠦᠮᠤᠨ ᠰᠡᠳᠬᠡᠯ ᠢᠶᠠᠷ ᠪᠠᠶᠠᠨ᠂ ᠡᠬᠡᠴᠢ ᠲᠠᠢ ᠬᠦᠮᠤᠨ ᠢᠲᠠᠬᠡᠯ ᠢᠶᠠᠷ ᠪᠠᠶᠠᠨ᠂ ᠡᠬᠡᠴᠢ ᠲᠠᠢ ᠬᠦᠮᠤᠨ ᠬᠠᠶᠢᠷ᠎ᠠ  ᠎ ᠢᠶᠠᠷ  ᠪᠠᠶᠠᠨ  ᠬᠡᠵᠤ ᠤᠮᠤᠭᠰᠢᠵᠤ ᠶᠠᠪᠤᠳᠠᠭ ᠶᠤᠮᠰᠠᠨ᠃               ᠠᠪᠤ ᠡᠵᠢ ᠬᠤᠶᠠᠷ ᠮᠢᠨᠤ ᠠᠷᠤ ᠠᠷᠤ ᠠᠴᠠ ᠪᠠᠨ ᠨᠠᠰᠤᠨ ᠤ ᠬᠠᠭᠤᠴᠢᠨ ᠢᠶᠠᠷ ᠰᠠᠶᠢᠨ ᠤ ᠤᠷᠤᠨ ᠳᠤ  ᠶᠠᠪᠤᠴᠢᠬᠠᠯ᠎ᠠ᠃ ᠤᠳᠤ ᠪᠢ ᠨᠤᠲᠤᠭ ᠪᠠᠨ ᠦᠵᠡᠬᠦ ᠪᠠᠷ ᠤᠴᠢᠬᠤ ᠳᠤ ᠡᠬᠡᠴᠢ ᠨᠠᠷ ᠮᠢᠨᠢ ᠭᠠᠷᠴᠤ ᠲᠤᠰᠤᠵᠤ ᠠᠪᠳᠠᠭ ᠪᠤᠯᠤᠯ᠎ᠠ᠃ ᠨᠠᠳᠠ ᠤᠳᠬᠤ ᠪᠦᠷᠢ ᠲᠡᠳᠡᠨ ᠪᠠᠶᠢᠭᠰᠠᠨ‌ᠦᠬᠡᠢ ᠪᠠᠨ ᠭᠠᠷᠭᠠᠵᠤ᠂ ᠰᠡᠳᠬᠢᠯ ᠤᠨ ᠦᠬᠡ  ᠎ ᠪᠠᠨ  ᠶᠠᠷᠤ  ᠬᠡᠯᠡᠬᠡᠳ  ᠪᠠᠷᠠᠬᠤ  ᠦᠬᠡᠢ  ᠠᠭᠤᠳᠠᠯᠠᠵᠤ ᠪᠠᠶᠢᠳᠠᠭ᠃ ᠬᠡᠳᠤᠶᠢᠬᠡᠷ ᠬᠦᠳᠡᠭᠡ ᠲᠤᠰᠬᠤᠨ ᠤ ᠠᠮᠢᠳᠤᠷᠠᠯ ᠨᠢ ᠲᠡᠶᠢᠮᠤ ᠶᠡᠭᠡ ᠡᠯᠪᠡᠭ ᠳᠡᠯᠪᠡᠭ ᠡᠰᠠ ᠪᠤᠯᠪᠠᠴᠤ ᠴᠢᠳᠠᠬᠤ ᠶᠢᠨ ᠬᠢᠷᠢ ᠪᠠᠷ ᠨᠤᠭᠤᠭ᠎ᠠ ᠴᠠᠭ᠎ᠠ ᠪᠡᠯᠠᠳᠬᠡᠨ᠂ ᠬᠤᠨᠢ ᠭᠠᠷᠭᠠᠵᠤ᠂ ᠠᠬ᠎ᠠ ᠳᠠᠬᠦᠦ᠂ ᠲᠦᠷᠤᠯ ᠰᠠᠳᠤᠨ᠂ ᠠᠶᠢᠯ ᠠᠶᠢᠮᠠᠭ  ᠎ ᠪᠠᠨ  ᠳᠠᠭᠤᠳᠠᠵᠤ  ᠨᠠᠶᠢᠷ ᠬᠢᠳᠡᠭ᠃ ᠪᠢᠳᠠᠨ᠄ ︽ᠦᠪᠠᠷ ᠢᠶᠠᠨ ᠬᠦᠮᠤᠰ᠂ ᠡᠶᠢᠮᠤ ᠶᠡᠭᠡ ᠶᠠᠭᠤᠮ᠎ᠠ ᠪᠡᠯᠡᠳᠬᠡᠬᠦ ᠬᠡᠷᠡᠭ ᠦᠬᠡᠢ︾ ᠬᠡᠵᠤ ᠢᠳᠬᠠᠪᠠᠯ ᠪᠠᠶᠢᠨ᠎ᠠ  ᠶᠠᠭᠤ᠄ ︽ᠲᠠᠳᠠᠨ ᠪᠤᠯ ᠮᠢᠨᠤ ᠠᠯᠲᠠᠨ ᠶᠠᠰᠤᠨ ᠤ ᠬᠤᠭᠤᠷᠬᠠᠢ᠂ ᠠᠯᠠᠭ ᠮᠢᠬᠠᠨ ᠤ ᠲᠠᠰᠤᠷᠬᠠᠢ᠂ ᠪᠢᠳᠠᠨ ᠤᠯᠤᠭᠰᠠᠨ ᠶᠠᠭᠤᠮ᠎ᠠ  ᠎ ᠪᠠᠨ  ᠲᠠᠨᠠᠷ ᠲᠤ ᠦᠭᠬᠦ ᠦᠬᠡᠢ ᠬᠡᠨ ᠳᠡᠭᠡᠨ ᠦᠭᠬᠦᠨ᠎ᠠ᠃︾ ᠬᠡᠵᠤ ᠵᠢᠳᠬᠦᠳᠡᠭ᠃ ᠶᠠᠮᠠᠷ ᠰᠠᠶᠢᠬᠠᠨ ᠴᠠᠶᠢᠯᠭᠠᠨ ᠰᠡᠳᠬᠢᠯ ᠬᠡᠭᠴᠢ︕              ᠠᠮᠠᠷᠠᠯᠲᠠ ᠶᠢᠨ ᠴᠢᠯᠤᠬᠡ ᠪᠠᠷᠠᠭᠳᠠᠵᠤ᠂ ᠠᠵᠢᠯ ᠳᠠᠭᠠᠨ ᠶᠠᠪᠤᠬᠤ ᠪᠠᠷ ᠠᠶᠠᠷᠯᠠᠬᠤ ᠳᠤ᠂ ᠡᠬᠡᠴᠢ ᠨᠠᠷ ᠮᠢᠨᠢ᠄ ︽ᠳᠠᠬᠦᠨᠠᠷ ᠮᠢᠨᠢ ᠵᠠᠮ ᠳᠠᠭᠠᠨ ᠰᠠᠶᠢᠨ ᠶᠠᠪᠤ᠂ ᠵᠠᠮ ᠴᠢᠨᠢ ᠴᠠᠭᠠᠨ ᠪᠤᠯᠲᠤᠭᠠᠢ᠂ ᠬᠦᠷᠤᠭ᠍ᠰᠠᠨ ᠤ ᠳᠠᠷᠠᠭ᠎ᠠ ᠬᠦᠮᠤᠰ ᠤᠨ  ᠰᠠᠶᠢᠨ  ᠎ ᠲᠠᠢ ᠬᠠᠨᠢᠯᠠᠵᠤ ᠶᠠᠪᠤ᠂ ᠴᠡᠪᠠᠷ ᠦᠬᠡ ᠬᠡᠯᠠᠵᠤ᠂ ᠰᠡᠴᠠᠨ ᠤᠬᠠᠭᠠᠨ ᠲᠠᠢ ᠶᠠᠪᠤ᠂ ᠠᠵᠢᠯ ᠪᠠᠨ ᠰᠠᠶᠢᠨ ᠬᠢ᠂ ᠡᠬᠡᠨᠠᠷ  ᠬᠡᠤᠬᠡᠳ  ᠎ ᠪᠠᠨ ᠰᠠᠶᠢᠨᠠᠷ ᠬᠠᠷᠭᠠᠯᠵᠠ︾ ᠬᠡᠵᠤ ᠨᠤᠷᠱᠣᠬᠤ ᠪᠤᠯᠪᠠᠴᠤ ᠲᠠᠨᠠᠷ ᠤᠨ ᠠᠮᠠᠨ ᠴᠠᠭᠠᠨ ᠢᠷᠤᠬᠡᠯ ᠨᠠᠳᠠ ᠲᠠᠶᠠᠭ  ᠲᠠᠬ᠎ᠠ  ᠪᠤᠯᠵᠤ᠂  ᠴᠠᠭ  ᠢᠮᠠᠭᠲᠠ  ᠨᠠᠳᠠ  ᠎ ᠶᠢ ᠤᠮᠤᠭᠰᠢᠯᠠᠨ ᠵᠤᠷᠢᠭᠵᠢᠭᠤᠯᠳᠠᠭ ᠰᠠᠨ᠃ ᠡᠬᠡ ᠨᠤᠲᠤᠭ ᠤᠨ ᠢᠶᠠᠨ ᠠᠯᠲᠠᠨ ᠬᠢᠯᠢ ᠳᠡᠬᠡᠷ᠎ᠠ ᠢᠲᠠᠬᠡᠯ  ᠵᠤᠷᠢᠭ  ᠎ ᠪᠠᠨ  ᠠᠭᠤᠰᠬᠠᠵᠤ᠂ ᠤᠶᠢᠯᠠᠰ ᠤᠨ ᠰᠠᠶᠢᠬᠠᠨ ᠢ ᠪᠦᠲᠤᠬᠡᠵᠤ ᠶᠠᠪᠤᠬᠤ ᠳᠠᠭᠠᠨ ᠵᠢᠷᠤᠬᠡ ᠰᠡᠳᠬᠢᠯ ᠳᠤ ᠮᠢᠨᠢ ᠡᠬᠡᠴᠢ ᠨᠠᠷ ᠤᠨ ᠡᠨᠠᠷᠠᠯ ᠬᠠᠶᠢᠷ᠎ᠠ ᠴᠢᠬᠢᠨ ᠤ ᠤᠶᠠᠭ᠎ᠠ᠂ ᠤᠬᠠᠭᠠᠨ ᠤ ᠲᠤᠯᠢ ᠪᠤᠯᠵᠤ᠂ ᠡᠬᠡᠴᠢ ᠲᠠᠢ ᠬᠤᠷᠸ᠎ᠠ ᠰᠠᠶᠢᠬᠠᠨ ᠬᠡᠳᠡᠭ ᠢ ᠰᠡᠳᠬᠢᠯ ᠢᠶᠠᠷ ᠢᠶᠠᠨ ᠮᠡᠳᠡᠷᠠᠵᠤ ᠶᠠᠪᠤᠳᠠᠭ ᠰᠠᠨ᠃              ᠡᠬᠡ ᠤᠯᠤᠰ ᠤᠨ ᠢᠶᠠᠨ ᠡᠩᠬᠡ ᠲᠠᠶᠢᠪᠤᠩ᠂ ᠡᠯᠢᠬᠡ ᠪᠦᠲᠤᠨ ᠠᠷᠠᠳ ᠤᠨ ᠢᠶᠠᠨ ᠰᠠᠶᠢᠨ ᠰᠠᠶᠢᠬᠠᠨ ᠵᠤᠯ  ᠵᠢᠷᠭᠠᠯ  ᠎ ᠤᠨ ᠲᠦᠯᠤᠬᠡ ᠠᠮᠢ ᠨᠠᠰᠤ ᠪᠠᠨ ᠬᠠᠶᠢᠷᠠᠯᠠᠯ ᠦᠬᠡᠢ ᠲᠡᠮᠠᠴᠠᠵᠤ ᠶᠠᠪᠤᠬᠤ  ᠎ ᠳᠠᠭᠠᠨ  ᠬᠡᠴᠠᠬᠦᠦ  ᠬᠦᠨᠳᠤ  ᠡᠬᠦᠷᠬᠡ  ᠬᠦᠯᠢᠶᠠᠵᠤ᠂  ᠠᠶᠤᠯ ᠲᠦᠭᠰᠢᠬᠦᠷᠢ ᠲᠠᠢ ᠦᠶ᠎ᠠ ᠳᠤ ᠰᠡᠷᠠᠯ ᠤᠨ ᠬᠦᠨ ᠳᠤ ᠬᠠᠷᠪᠠᠨ  ᠤᠷᠤᠵᠤ  ᠢᠷᠡᠳᠡᠭ  ᠎ ᠨᠢ  ᠬᠠᠰᠢᠯᠠ  ᠡᠬᠡᠴᠢ  ᠨᠠᠷ  ᠎ ᠤᠨ  ᠮᠢᠨᠢ ᠡᠨᠠᠷᠢᠩᠬᠦᠢ ᠵᠦᠬᠡᠯᠠᠨ ᠬᠠᠷᠠᠴᠠ ᠬᠠᠷᠠᠭᠳᠠᠨ ᠨᠠᠳᠠ ᠵᠦᠭ ᠢᠨᠢᠶᠠᠮᠰᠡᠭᠯᠡᠵᠤ ᠪᠠᠶᠢᠭ᠎ᠠ ᠰᠢᠭ᠋ ᠪᠤᠯᠬᠤᠷ ᠮᠢᠨᠤ ᠰᠡᠳᠬᠢᠯ  ᠎ ᠳᠤ  ᠬᠡᠨᠡᠳᠲᠠ ᠨᠠᠷᠠ ᠮᠠᠨᠳᠤᠵᠤ᠂ ᠬᠠᠮᠤᠭ ᠠᠶᠢᠮᠰᠢᠭᠲᠤ ᠬᠡᠷᠡᠭ ᠠᠷᠢᠯᠠᠨ ᠵᠤᠷᠢᠭ ᠰᠦᠰᠤ  ᠪᠠᠳᠠᠷᠠᠵᠤ  ᠪᠠᠶᠢᠳᠠᠭ  ᠰᠠᠨ᠃  ᠲᠡᠬᠡᠬᠡᠳ  ᠪᠢ ᠡᠮᠤᠨ᠎ᠠ ᠲᠤᠯᠭᠤᠷᠠᠭᠰᠠᠨ ᠬᠦᠴᠢᠷ ᠪᠠᠨ ᠡᠷ᠎ᠠ ᠵᠤᠷᠢᠭ ᠪᠠᠷ ᠪᠠᠶᠠᠯᠠᠬᠦᠯᠠᠵᠤ᠂ ᠠᠷᠤ ᠬᠢᠯᠢ ᠠᠯᠠᠭ ᠠᠭᠤᠯᠠ ᠳᠤ ᠬᠦᠰᠠᠯ ᠡᠪᠤᠷᠢᠯᠠᠨ  ᠠᠯᠬᠤᠯ᠎ᠠ᠃ ᠠᠯᠠᠭ ᠠᠭᠤᠯᠠ ᠶᠢᠨ ᠰᠠᠯᠬᠢᠨ ᠤ ᠠᠮᠠᠨ ᠤ ᠠᠷᠪᠠᠨ ᠳᠡᠰ ᠤᠨ ᠰᠠᠯᠬᠢ ᠶᠢ  ᠰᠦᠷᠤᠵᠤ  ᠠᠯᠬᠤᠯ᠎ᠠ᠃  ᠮᠦᠰᠤᠨ  ᠠᠭᠤᠯᠠ᠂  ᠬᠠᠨ ᠠᠷᠵᠠᠭᠠᠢ᠂ ᠬᠤᠨ ᠪᠠᠯᠠ ᠶᠢᠨ ᠳᠠᠪᠠᠭ᠎ᠠ ᠶᠢ ᠬᠤᠯᠪᠤᠵᠤ ᠠᠯᠬᠤᠯ᠎ᠠ᠃  ᠡᠬᠡᠴᠢ  ᠨᠠᠷ  ᠮᠢᠨᠢ  ᠰᠡᠳᠬᠢᠯ  ᠳᠤᠲᠤᠷ᠎ᠠ  ᠬᠠᠮᠲᠤ  ᠎ ᠳᠠᠭᠠᠨ ᠠᠶᠠᠯᠠᠯ᠎ᠠ᠃ ᠲᠡᠬᠡᠬᠡᠳ ᠪᠢᠳᠠ ᠠᠮᠢᠳᠤᠷᠠᠯ ᠢ ᠨᠠᠷᠠ ᠲᠠᠢ ᠬᠠᠮᠲᠤ ᠲᠡᠪᠡᠷᠢᠯ᠎ᠠ᠃ ᠤᠶᠢᠯᠠᠰ ᠤᠨ ᠰᠠᠶᠢᠬᠠᠨ ᠢ ᠦᠷᠯᠤᠬᠡ ᠶᠢᠨ ᠲᠤᠶᠠᠭ᠎ᠠ ᠲᠠᠢ ᠤᠭᠲᠠᠯ᠎ᠠ᠃            ᠠᠰᠬᠠᠷᠠᠭᠰᠠᠨ ᠬᠦᠯᠤᠰᠤᠨ ᠳᠤ ᠰᠠᠷᠠᠨ᠎ᠠ ᠴᠡᠴᠡᠭ ᠪᠠᠳᠮᠠᠯᠠᠨ᠂ ᠠᠶᠠᠨ ᠤ ᠬᠠᠷᠭᠤᠢ ᠳᠤ ᠬᠦᠰᠠᠯ ᠤᠶᠢᠯᠠᠰ ᠮᠢᠨᠢ  ᠤᠷᠲᠤ ᠶᠢᠨ ᠳᠠᠭᠤᠤ ᠪᠤᠯᠵᠤ ᠤᠶᠠᠩᠭᠠᠷᠠᠨ᠂ ᠤᠯᠵᠠ ᠤᠮᠤᠭ ᠪᠠᠷ ᠳᠦᠬᠦᠷᠠᠩ ᠬᠢᠯᠠᠯᠵᠠᠨᠠᠮ᠃ ᠡᠨᠠ ᠨᠤᠲᠤᠭ ᠎ ᠤᠨ ᠪᠤᠶᠠᠨ  ᠬᠡᠰᠢᠭ᠂ ᠡᠬᠡᠴᠢ ᠨᠠᠷ ᠤᠨ ᠡᠨᠠᠷᠠᠯ ᠬᠠᠶᠢᠷ᠎ᠠ ᠪᠤᠶᠤ᠃ ᠡᠬᠡ ᠤᠷᠤᠨ ᠮᠢᠨᠢ ᠠᠮᠤᠷ ᠲᠦᠪᠰᠢᠨ᠂ ᠡᠯᠢᠬᠡᠰᠡᠭ ᠠᠷᠠᠳ  ᠎ ᠨᠢ  ᠡᠩᠬᠡ  ᠠᠮᠤᠭᠤᠯᠠᠩ  ᠪᠤᠯᠬᠤ ᠪᠤᠳᠤᠯ ᠡᠵᠠᠨ ᠬᠦᠮᠤᠨ ᠤ ᠤᠮᠤᠭᠰᠢᠯ ᠮᠦᠨᠴᠤ ᠡᠬᠡᠴᠢ ᠨᠠᠷ ᠎ ᠤᠨ ᠬᠦᠰᠠᠯ ᠵᠤᠷᠢᠯᠲᠠ ᠪᠠᠶᠢᠯ᠎ᠠ᠃              ᠬᠤᠷᠸ᠎ᠠ ᠳᠤ ᠠᠮᠢᠳᠤᠷᠠᠯ ᠬᠠᠶᠢᠷ᠎ᠠ ᠪᠠᠷ ᠪᠢᠯᠬᠠᠷᠠᠵᠤ᠂ ᠠᠮᠢᠳᠤ ᠶᠠᠪᠤᠬᠤ ᠬᠡᠬᠡᠨ ᠵᠦᠩ ᠲᠠᠲᠠᠵᠤ᠂ ᠴᠡᠩᠬᠢᠷᠠᠯᠠᠨ ᠬᠠᠷᠠᠭᠳᠠᠬᠤ ᠮᠤᠩᠭᠤᠯ ᠨᠤᠲᠤᠭ ᠠᠨᠢᠷ ᠴᠢᠮᠡᠭᠡ ᠦᠬᠡᠢ ᠨᠠᠯᠭᠠᠷᠬᠠᠨ᠂ ᠰᠠᠶᠢᠬᠠᠨ ᠰᠡᠳᠬᠢᠯ ᠲᠠᠢ ᠬᠦᠮᠤᠰ ᠰᠠᠷᠠ ᠨᠢ ᠲᠤᠶᠠᠭ᠎ᠠ ᠰᠢᠭ᠋  ᠮᠦᠩᠬᠡᠷᠳᠡᠭ ᠶᠤᠮᠰᠠᠨ︕  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号