ᠨᠠᠮ ᠤᠨ ᠲᠤᠳᠤᠭᠠᠳᠤ ᠶᠢᠨ ᠬᠢᠨᠠᠯᠲᠠ ᠲᠠᠯᠪᠢᠬᠤ ᠠᠵᠢᠯ ᠢ ᠲᠦᠢᠯᠪᠤᠷᠢᠲᠠᠢ  ᠬᠢᠬᠦ ᠬᠡᠷᠡᠭᠲᠠᠢ
ᠨᠡᠶᠢᠲᠡᠯᠡᠭᠰᠡᠨ ᠴᠠᠭ᠄
2016/4/6
                ᠨᠠᠮ ᠤᠨ ᠲᠤᠳᠤᠭᠠᠳᠤ ᠶᠢᠨ ᠬᠢᠨᠠᠯᠲᠠ ᠲᠠᠯᠪᠢᠬᠤ ᠠᠵᠢᠯ ᠢ ᠲᠦᠢᠯᠪᠤᠷᠢᠲᠠᠢ  ᠬᠢᠬᠦ ᠬᠡᠷᠡᠭᠲᠠᠢ                                  ᠠᠷᠠᠳ ᠤᠨ ᠡᠳᠤᠷ ᠤᠨ ᠰᠤᠨᠢᠨ ᠤ ᠰᠢᠬᠦᠮᠵᠢᠯᠡᠭᠴᠢ       ᠨᠠᠮ ᠢ ᠪᠦᠬᠦ ᠲᠠᠯ᠎ᠠ ᠪᠠᠷ ᠴᠢᠩᠭ᠎ᠠ ᠵᠠᠰᠠᠬᠤ ᠳᠤ ᠨᠠᠮ ᠤᠨ ᠲᠤᠳᠤᠭᠠᠳᠤ ᠶᠢᠨ ᠬᠢᠨᠠᠯᠲᠠ ᠲᠠᠯᠪᠢᠬᠤ  ᠠᠵᠢᠯ ᠢ  ᠳᠤᠤᠱᠳᠠᠢ ᠲᠦᠢᠯᠪᠤᠷᠢᠲᠠᠢ ᠬᠢᠬᠦ ᠶᠠᠪᠤᠳᠠᠯ ᠵᠠᠶᠢᠯᠠᠰᠢ ᠦᠭᠡᠢ ᠱᠠᠭᠠᠷᠳᠠᠭᠳᠠᠨ᠎ᠠ  ᠃ ᠤᠢᠢᠷ᠎ᠠ ᠳᠤ  ᠂ ᠲᠦᠪ  ᠬᠤᠷᠢᠶ᠎ᠠ  ︽ ᠲᠦᠪ ᠤᠨ  ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠡ ᠠᠴᠠ ᠲᠦᠪ ᠤᠨ ᠱᠠᠳᠤᠨ ᠤ ᠨᠠᠮ ᠲᠦᠷᠦ ᠶᠢᠨ ᠪᠠᠶᠢᠭᠤᠯᠭ᠎ᠠ ᠳᠤ  ᠰᠠᠬᠢᠯᠭ᠎ᠠ  ᠪᠠᠳᠤ  ᠪᠠᠶᠢᠴᠠᠭᠠᠬᠤ ᠪᠠᠶᠢᠭᠤᠯᠤᠮᠵᠢ ᠲᠤᠮᠢᠯᠠᠬᠤ ᠶᠠᠪᠤᠳᠠᠯ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠬᠤ ᠲᠤᠬᠠᠢ ᠲᠦᠰᠦᠯ︾᠎ ᠢ ᠲᠠᠷᠤᠮᠠᠯᠯᠠᠨ  ᠲᠠᠷᠬᠠᠭᠠᠵᠤ  ᠂ ᠲᠦᠪ ᠤᠨ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠠᠴᠠ ᠨᠡᠶᠢᠲᠡ 47 ᠰᠠᠬᠢᠯᠭ᠎ᠠ ᠪᠠᠳᠤ ᠪᠠᠶᠢᠴᠠᠭᠠᠬᠤ ᠪᠠᠶᠢᠭᠤᠯᠤᠮᠵᠢ ᠲᠤᠮᠢᠯᠠᠵᠤ᠂  ᠲᠦᠪ ᠤᠨ ᠱᠠᠳᠤᠨ ᠤ ᠨᠠᠮ ᠲᠦᠷᠦ ᠶᠢᠨ ᠪᠠᠶᠢᠭᠤᠯᠭ᠎ᠠ ᠳᠤ ᠴᠦᠮ  ᠰᠠᠬᠢᠯᠭ᠎ᠠ  ᠪᠠᠳᠤ  ᠪᠠᠶᠢᠴᠠᠭᠠᠬᠤ  ᠪᠠᠶᠢᠭᠤᠯᠤᠮᠵᠢ  ᠲᠤᠮᠢᠯᠠᠨ ᠰᠠᠭᠤᠯᠭᠠᠬᠤ ᠶᠠᠪᠤᠳᠠᠯ ᠢ ᠠᠩᠬ᠎ᠠ ᠤᠳᠠᠭ᠎ᠠ ᠪᠡᠶᠡᠯᠡᠬᠦᠯᠪᠡ  ᠃ ᠡᠨᠡ ᠬᠦ ︽ᠲᠦᠰᠦᠯ︾᠎ ᠢ ᠨᠡᠶᠢᠲᠡᠯᠡᠭᠰᠡᠨ  ᠎ ᠨᠢ  ᠠᠷᠪᠠᠨ  ᠨᠠᠢᠮᠠᠳᠤᠭᠠᠷ ᠬᠤᠭᠤᠴᠠᠭᠠᠨ ᠤ ᠲᠦᠪ ᠬᠤᠷᠢᠶᠠᠨ ᠤ ᠭᠤᠷᠪᠠᠳᠤᠭᠠᠷ ᠪᠦᠬᠦᠳᠡ ᠬᠤᠷᠠᠯ ᠤᠨ ᠪᠦᠬᠦ  ᠲᠠᠯ᠎ᠠ  ᠎ ᠪᠠᠷ  ᠰᠠᠬᠢᠯᠭ᠎ᠠ  ᠪᠠᠳᠤ  ᠪᠠᠶᠢᠴᠠᠭᠠᠬᠤ ᠪᠠᠶᠢᠭᠤᠯᠤᠮᠵᠢ ᠲᠤᠮᠢᠯᠠᠨ ᠰᠠᠭᠤᠯᠭᠠᠬᠤ ᠦᠭᠡᠷᠡᠴᠢᠯᠡᠯᠲᠡ ᠶᠢᠨ ᠪᠠᠶᠢᠷᠢᠰᠢᠭᠤᠯᠤᠯᠲᠠ ᠶᠢ  ᠪᠤᠲᠠᠲᠠᠢ  ᠨᠠᠶᠢᠳᠠᠪᠤᠷᠢᠵᠢᠭᠤᠯᠤᠭᠰᠠᠨ  ᠪᠠ ᠨᠠᠮ ᠤᠨ ᠲᠤᠳᠤᠭᠠᠳᠤ ᠶᠢᠨ ᠬᠢᠨᠠᠯᠲᠠ ᠲᠠᠯᠪᠢᠬᠤ ᠠᠵᠢᠯ ᠤᠨ ᠲᠠᠯ᠎ᠠ ᠪᠠᠷ ᠲᠡᠦᠭᠡᠳᠤ ᠠᠴᠢ ᠬᠤᠯᠪᠤᠭᠳᠠᠯ ᠪᠦᠬᠦᠢ ᠴᠢᠬᠤᠯᠠ ᠠᠯᠬᠤᠮ ᠠᠯᠬᠤᠭᠰᠠᠨ ᠢ ᠬᠠᠷᠠᠭᠤᠯᠵᠤ  ᠂ ᠨᠠᠮ ᠤᠨ ᠲᠦᠪ ᠬᠤᠷᠢᠶᠠᠨ ᠤ ᠨᠠᠮ ᠢ ᠪᠦᠬᠦ ᠲᠠᠯ᠎ᠠ ᠪᠠᠷ ᠴᠢᠩᠭ᠎ᠠ ᠵᠠᠰᠠᠬᠤ ᠪᠠᠳᠤ ᠴᠢᠩᠭ᠎ᠠ  ᠢᠳᠡᠭᠡᠯ ᠵᠤᠷᠢᠭ ᠢ ᠢᠯᠡᠷᠡᠬᠦᠯᠦᠭᠰᠡᠨ ᠶᠤᠮ  ᠃              ᠰᠠᠬᠢᠯᠭ᠎ᠠ ᠪᠠᠳᠤ ᠪᠠᠶᠢᠴᠠᠭᠠᠬᠤ ᠪᠠᠶᠢᠭᠤᠯᠤᠮᠵᠢ ᠲᠤᠮᠢᠯᠠᠵᠤ ᠬᠢᠨᠠᠯᠲᠠ ᠲᠠᠯᠪᠢᠬᠤ ᠪᠤᠯ ᠨᠠᠮ ᠤᠨ ᠲᠤᠳᠤᠭᠠᠳᠤ ᠎ ᠶᠢᠨ ᠬᠢᠨᠠᠯᠲᠠ ᠲᠠᠯᠪᠢᠬᠤ ᠠᠵᠢᠯ ᠤᠨ ᠴᠢᠬᠤᠯᠠ ᠬᠡᠯᠪᠡᠷᠢ ᠮᠦᠨ  ᠂ ᠡᠬᠦᠨ ᠳᠤ ︽ᠬᠤᠭᠤᠰᠤᠨ ᠵᠠᠢ︾ ᠦᠯᠡᠳᠡᠭᠡᠵᠤ ᠪᠤᠯᠬᠤ ᠦᠭᠡᠢ  ᠃ ᠲᠦᠪ ᠪᠠ ᠲᠦᠷᠦ ᠶᠢᠨ ᠪᠠᠶᠢᠭᠤᠯᠭ᠎ᠠ ᠶᠢᠨ ᠡᠷᠭᠡ ᠨᠢ ᠲᠦᠪᠯᠡᠷᠡᠩᠬᠦᠢ  ᠂ ᠪᠠᠶᠢᠷᠢ ᠰᠠᠭᠤᠷᠢ  ᠎ ᠨᠢ  ᠴᠢᠬᠤᠯᠠ  ᠂  ᠤᠯᠤᠰ ᠤᠨ  ᠵᠠᠰᠠᠯᠲᠠ  ᠎ ᠶᠢᠨ ᠰᠢᠰᠲ᠋ᠧᠮ ᠳᠤ ᠲᠦᠪᠯᠡᠬᠦ ᠦᠢᠯᠡᠳᠦᠯ ᠦᠵᠡᠬᠦᠯᠵᠤ ᠪᠠᠶᠢᠬᠤ ᠤᠴᠢᠷ  ᠎ ᠠᠴᠠ  ᠨᠠᠮ ᠤᠨ  ᠪᠠᠶᠢᠭᠤᠯᠤᠯᠲᠠ  ᠎ ᠶᠢ  ᠴᠢᠩᠭᠠᠳᠬᠠᠬᠤ  ᠂ ᠨᠠᠮ ᠤᠨ ᠰᠠᠬᠢᠯᠭ᠎ᠠ ᠪᠠᠳᠤ ᠶᠢ ᠬᠡᠷᠡᠭᠵᠢᠬᠦᠯᠬᠦ ᠲᠠᠯ᠎ᠠ ᠎ ᠪᠠᠷ ᠡᠮᠦᠨ᠎ᠡ ᠡᠩᠨᠡᠭᠡᠨ ᠳᠤ ᠪᠠᠶᠢᠬᠤ ᠶᠤᠰᠤᠲᠠᠢ  ᠃ ᠲᠦᠪ  ᠪᠠ  ᠲᠦᠷᠦ  ᠎ ᠶᠢᠨ ᠪᠠᠶᠢᠭᠤᠯᠭ᠎ᠠ ᠶᠢᠨ ᠡᠷᠭᠡ ᠶᠢ ᠬᠢᠵᠠᠭᠠᠷᠯᠠᠵᠤ ᠲᠡᠶᠢᠯᠬᠦ ᠦᠭᠡᠢ  ᠂ ᠲᠦᠪ ᠪᠠ ᠲᠦᠷᠦ ᠶᠢᠨ ᠪᠠᠶᠢᠭᠤᠯᠭ᠎ᠠ ᠨᠢ ᠨᠠᠮ ᠢ  ᠴᠢᠩᠭ᠎ᠠ  ᠵᠠᠰᠠᠬᠤ ᠠᠵᠢᠯ ᠤᠨ ᠲᠤᠮᠳᠠ ᠭᠠᠪᠰᠢᠭᠠᠢᠢᠯᠠᠵᠤ ᠲᠡᠶᠢᠯᠬᠦ ᠦᠭᠡᠢ ᠶᠤᠮ ᠪᠤᠯ ︽ᠲᠡᠭᠡᠷᠡᠬᠢ ᠨᠢ ᠲᠤᠤᠷᠠᠬᠢ ᠪᠠᠨ ᠲᠠᠶᠢᠴᠢᠯᠠᠵᠤ︾ ᠲᠡᠶᠢᠯᠬᠦ ᠦᠭᠡᠢ ᠪᠠᠷ ᠦᠯᠦ ᠪᠠᠷᠠᠨ ᠭᠡᠳᠡᠷᠬᠦ ᠪᠠᠨ ︽ᠲᠡᠭᠡᠷᠡᠬᠢ ᠨᠢ ᠶᠠᠭᠠᠬᠢᠪᠠᠯ ᠲᠤᠤᠷᠠᠬᠢ ᠨᠢ  ᠲᠡᠭᠡᠵᠤ  ︾  ᠂  ᠬᠡᠪ  ᠰᠤᠷᠳᠠᠯ ᠢ  ᠮᠠᠭᠤᠳᠠᠭᠤᠯᠬᠤ ᠪᠤᠯᠤᠨ᠎ᠠ  ᠃ ᠲᠦᠪ ᠤᠨ ᠱᠠᠳᠤᠨ ᠤ ᠨᠠᠮ ᠲᠦᠷᠦ ᠶᠢᠨ ᠪᠠᠶᠢᠭᠤᠯᠭ᠎ᠠ ᠳᠤ ᠴᠦᠮ  ᠰᠠᠬᠢᠯᠭ᠎ᠠ  ᠪᠠᠳᠤ  ᠪᠠᠶᠢᠴᠠᠭᠠᠬᠤ  ᠪᠠᠶᠢᠭᠤᠯᠤᠮᠵᠢ ᠲᠤᠮᠢᠯᠠᠬᠤ ᠨᠢ ᠨᠠᠮ ᠤᠨ ᠲᠤᠳᠤᠭᠠᠳᠤ ᠶᠢᠨ ᠬᠢᠨᠠᠯᠲᠠ ᠲᠠᠯᠪᠢᠬᠤ ᠠᠵᠢᠯ ᠢ ᠴᠢᠩᠭᠠᠳᠬᠠᠭᠰᠠᠨ ᠢᠶᠠᠷ ᠪᠠᠷᠠᠬᠤ ᠦᠭᠡᠢ  ᠂  ᠨᠡᠩ  ᠴᠦ ᠲᠦᠪ ᠪᠠ ᠲᠦᠷᠦ ᠶᠢᠨ ᠪᠠᠶᠢᠭᠤᠯᠭ᠎ᠠ ᠶᠢᠨ ᠨᠠᠮ ᠢ ᠪᠦᠬᠦ ᠲᠠᠯ᠎ᠠ  ᠎ ᠪᠠᠷ  ᠴᠢᠩᠭ᠎ᠠ  ᠵᠠᠰᠠᠬᠤ  ᠎ ᠳᠤ  ᠬᠠᠮᠤᠭ ᠤᠨ  ᠬᠤᠷᠴᠠ  ᠲᠤᠳᠤ ᠤᠳᠤᠷᠢᠳᠤᠮᠵᠢ ᠶᠢ ᠪᠤᠢ ᠪᠤᠯᠭᠠᠨ  ᠂ ᠬᠠᠮᠤᠭ ᠤᠨ ᠢᠳᠡᠯᠢᠭ ᠬᠡᠪ ᠲᠠᠭᠤᠷᠢᠶᠠᠯ ᠦᠵᠡᠬᠦᠯᠬᠦ ᠳᠤ ᠠᠰᠢᠭᠲᠠᠢ ᠶᠤᠮ  ᠃                                                                          
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号