| ᠰᠢᠨ᠎ᠡ ᠮᠢᠩᠭᠠᠨ᠂ ᠰᠢᠨ᠎ᠡ ᠵᠠᠭᠤᠨ ᠤ ᠬᠦᠭᠵᠢᠯᠲᠡ ᠶᠢᠨ ᠪᠤᠷᠤ ᠬᠦᠷᠦᠰᠦ ᠶᠢ ᠭᠢᠰᠭᠢᠯᠡᠵᠤ ᠶᠠᠪᠤᠭ᠎ᠠ ᠤᠳᠤ | ᠦᠶ᠎ᠡ ᠶᠢᠨ ᠬᠦᠮᠦᠰ᠂ ᠠᠯᠢ ᠡᠰᠡᠭᠦᠯ᠎ᠡ ᠤᠳᠤ ᠦᠶ᠎ᠡ ᠶᠢᠨ ᠬᠦᠮᠦᠰ᠂ ᠠᠯᠢ ᠡᠰᠡᠭᠦᠯ᠎ᠡ ᠤᠶᠤᠲᠠᠨ ᠤ ᠡᠩᠨᠡᠭᠡᠨ | ᠳᠤ ᠮᠦᠷᠦᠯᠡᠵᠤ ᠶᠠᠪᠤᠭ᠎ᠠ ᠪᠢᠳᠠᠨ ᠤ ᠠᠮᠢᠳᠤᠷᠠᠯ ᠳᠤ ᠴᠠᠭ ᠢᠮᠠᠭᠲᠠ ᠦᠭᠡᠢ ᠱᠠᠭᠠᠷᠳᠠᠭᠳᠠᠬᠤ ᠪᠤᠳᠠᠰ ᠤᠨ ᠪᠠ | ᠤᠶᠤᠨ ᠤ ᠬᠡᠷᠡᠭᠴᠡᠭᠡ ᠳᠤ ᠭᠠᠷ ᠤᠲᠠᠰᠤ ᠲᠡᠷᠢᠭᠦᠨ ᠪᠠᠶᠢᠷᠠᠨ ᠳᠤ ᠤᠷᠤᠨ᠎ᠠ ᠬᠡᠬᠦ ᠳᠤ ᠠᠬᠠᠳᠠᠬᠤ ᠦᠭᠡᠢ ᠶᠤᠮᠰᠢᠭ | ᠰᠠᠨᠠᠭᠳᠠᠭᠠᠳ ᠪᠠᠶᠢᠨ᠎ᠠ︔ ᠲᠡᠭᠡᠬᠦ ᠮᠦᠷᠲᠡᠭᠡᠨ ᠭᠠᠷ ᠤᠲᠠᠰᠤᠨ ᠤ ᠬᠡᠷᠡᠭᠴᠡᠭᠡᠨ ᠳᠤᠲᠤᠷ᠎ᠠ ᠪᠠᠨ ᠸᠢᠴᠠᠲ ᠶᠢᠨ | ᠬᠡᠷᠡᠭᠯᠡᠭᠡ ᠬᠠᠮᠤᠭ ᠠᠷᠪᠢᠨ ᠪᠠᠶᠢᠬᠤ ᠡ᠃ | ᠬᠦᠮᠦᠨ ᠲᠦᠷᠦᠯᠬᠢᠲᠡᠨ ᠲᠡᠤᠬᠡᠨ ᠬᠦᠭᠵᠢᠯᠲᠡ ᠶᠢᠨ ᠶᠠᠪᠤᠴᠠ ᠳᠤᠮᠳᠠ ᠪᠠᠨ ᠠᠯᠢ ᠡᠷᠲᠡᠨ ᠠᠴᠠ ᠡᠳᠦᠭᠡ | ᠪᠤᠯᠲᠠᠯ᠎ᠠ ᠪᠤᠳᠠᠰ ᠤᠨ ᠬᠡᠷᠡᠭᠴᠡᠭᠡᠨ ᠠᠴᠠ ᠢᠯᠡᠭᠦᠦ ᠤᠶᠤᠨ ᠤ ᠶᠠᠮᠠᠷ ᠨᠢᠭᠡᠨ ᠬᠡᠷᠡᠭᠴᠡᠭᠡ ᠶᠢ ᠬᠦᠭᠡᠭᠡᠴᠡᠯᠳᠤᠵᠤ | ᠵᠤᠷᠢᠭᠰᠠᠭᠠᠷ ᠡᠳᠦᠭᠡ ᠳᠤ ᠲᠤᠯᠤᠭᠰᠠᠨ ᠶᠤᠮ᠃ ᠡᠷᠲᠡᠨ ᠤ ᠨᠡᠶᠢᠬᠡᠮ ᠳᠤ ᠬᠦᠮᠦᠰ ᠪᠠᠶᠢᠭᠠᠯᠢ ᠨᠡᠶᠢᠬᠡᠮ ᠤᠨ | ᠤᠯᠠᠩᠬᠢ ᠦᠵᠡᠭᠳᠡᠯ᠂ ᠬᠡᠷᠡᠭ ᠪᠤᠳᠠᠰ ᠢ ᠱᠠᠰᠢᠨ ᠰᠢᠲᠤᠯᠭᠡ᠂ ᠮᠤᠬᠤᠷ ᠪᠢᠰᠢᠷᠡᠯ ᠤᠨ ᠬᠠᠷᠠᠭᠠᠰᠤ ᠪᠠᠷ ᠶᠠᠭᠤᠮ᠎ᠠ | ᠶᠢ ᠤᠶᠢᠯᠠᠭᠠᠵᠤ᠂ ᠰᠡᠳᠬᠢᠯ ᠤᠶᠤᠨ ᠤ ᠲᠠᠶᠢᠳᠬᠤᠷᠠᠯ ᠵᠶ᠋ᠠᠨᠤᠯᠳᠠᠭ ᠪᠠᠶᠢᠭᠰᠠᠨ ᠠᠴᠠ ᠪᠠᠨ ᠰᠢᠨᠵᠢᠯᠡᠬᠦ ᠤᠬᠠᠭᠠᠨ | ᠮᠡᠷᠭᠡᠵᠢᠯ ᠤᠨ ᠲᠠᠰᠤᠷᠠᠯᠲᠠ ᠦᠭᠡᠢ ᠬᠦᠭᠵᠢᠯᠲᠡ ᠠᠴᠠ ᠪᠤᠯᠵᠤ ᠭᠡᠭᠡᠷᠡᠯ ᠰᠡᠩᠬᠡᠬᠡᠷᠡᠯᠲᠡ ᠪᠠᠨ ᠤᠯᠵᠤ᠂ | ᠠᠯᠢᠪᠠ ᠦᠵᠡᠭᠳᠡᠯ ᠢ ᠰᠢᠨᠵᠢᠯᠡᠬᠦ ᠤᠬᠠᠭᠠᠨᠴᠢ ᠪᠠᠷ ᠬᠠᠷᠠᠬᠤ ᠪᠤᠯᠤᠭᠰᠠᠨ ᠪᠢᠯᠡ᠃ ᠨᠡᠶᠢᠬᠡᠮ ᠬᠦᠭᠵᠢᠯᠲᠡ | ᠶᠢᠨ ᠡᠶᠢᠮᠦᠷᠬᠦᠦ ᠠᠶᠠᠨᠳᠠᠭᠠᠨ ᠤ ᠵᠠᠮ ᠢᠶᠠᠷ ᠬᠤᠷᠢᠨ ᠨᠢᠭᠡᠳᠦᠭᠡᠷ ᠵᠠᠭᠤᠨ ᠤ ᠪᠤᠱᠤᠭ᠎ᠠ ᠶᠢ ᠳᠠᠪᠠᠭᠰᠠᠨ ᠠᠴᠠ ᠡᠬᠢᠯᠡᠨ | ᠭᠠᠷ ᠤᠲᠠᠰᠤ ᠲᠦᠭᠡᠮᠡᠯ ᠠᠰᠢᠭᠯᠠᠭᠳᠠᠵᠤ ᠲᠡᠭᠦᠨ ᠳᠤᠮᠳᠠ ᠪᠠᠨ ᠸᠢᠴᠠᠲ ᠨᠡᠩ ᠴᠦ ᠦᠷᠭᠡᠨ ᠬᠡᠷᠡᠭᠯᠡᠭᠳᠡᠵᠤ | ᠮᠡᠳᠡᠭᠡ ᠵᠠᠩᠭᠢ ᠰᠤᠯᠢᠯᠴᠠᠬᠤ᠂ ᠬᠠᠷᠢᠯᠴᠠᠭ᠎ᠠ ᠠᠪᠬᠤ᠂ ᠲᠡᠭᠦᠨᠴᠢᠯᠡᠨ ᠸᠢᠴᠠᠲ ᠶᠢᠨ ᠴᠤᠮᠤᠷᠯᠢᠭ ᠲᠤ ᠭᠠᠷᠴᠤ | ᠢᠳᠡᠭᠰᠡᠨ ᠤᠤᠭᠤᠭᠰᠠᠨ᠂ ᠦᠵᠡᠭᠰᠡᠨ ᠰᠤᠨᠤᠰᠤᠭᠰᠠᠨ᠂ ᠶᠠᠪᠤᠭᠰᠠᠨ ᠰᠠᠭᠤᠭᠰᠠᠨ ᠠᠯᠢ ᠪᠦᠬᠦᠨ ᠢᠶᠠᠨ ᠳᠡᠯᠭᠡᠵᠤ | ᠂ ᠭᠤᠮᠤᠳᠠᠯ ᠪᠠᠶᠠᠷ᠂ ᠠᠭᠤᠷ ᠬᠢᠯᠢᠩ᠂ ᠦᠵᠡᠯᠲᠡ ᠰᠡᠳᠬᠢᠯᠭᠡᠨ ᠤ ᠪᠦᠬᠦ ᠶᠠᠭᠤᠮ᠎ᠠ ᠪᠠᠨ ᠲᠤᠭᠠᠴᠢᠵᠤ ᠪᠠᠶᠢᠬᠤ | ᠪᠤᠯᠤᠯ᠎ᠠ᠃ ᠢᠩᠬᠢᠵᠤ ᠪᠤᠰᠤᠳ ᠤᠨ ᠨᠢᠳᠦᠨ ᠳᠤ ᠦᠪᠡᠷ ᠤᠨ ᠠᠮᠢᠳᠤᠷᠠᠯ ᠢᠶᠠᠨ ᠢᠯᠡ ᠲᠤᠳᠤ ᠦᠵᠡᠭᠦᠯᠬᠦ | ᠨᠢ ᠦᠨᠡᠬᠡᠷ ᠲᠡᠶᠢᠮᠦ ᠰᠠᠶᠢᠬᠠᠨ ᠭᠡᠵᠤ ᠦᠦ︖ ᠡᠭᠦᠨ ᠠᠴᠠ ᠠᠰᠳᠠᠭᠠᠨ ᠤᠷᠴᠢᠮᠬᠠᠨ ᠠᠴᠠ ᠸᠢᠴᠠᠲ ᠶᠢᠨ | ᠠᠷᠠᠯᠵᠢᠶ᠎ᠠ ᠦᠷᠭᠡᠵᠢᠵᠤ᠂ ᠰᠤᠷᠠᠭ ᠵᠠᠩᠭᠢ᠂ ᠵᠠᠬ᠎ᠠ ᠳᠡᠯᠭᠡᠭᠦᠷ᠂ ᠲᠡᠤᠬᠡ ᠰᠤᠶᠤᠯ᠂ ᠦᠩᠭᠡᠷᠡᠭᠰᠡᠨ ᠢᠷᠡᠭᠡᠳᠦᠢ ᠭᠡᠬᠦ | ᠮᠡᠲᠦᠴᠢᠯᠡᠨ ᠠᠯᠢᠪᠠ ᠪᠠᠨ ᠪᠢᠳᠡ ᠭᠠᠷ ᠤᠲᠠᠰᠤᠨ ᠳᠤ ᠪᠠᠨ ᠠᠪᠴᠤ ᠶᠠᠪᠤᠵᠤ ᠪᠠᠶᠢᠭ᠎ᠠ ᠪᠢᠯᠡ᠃ ᠦᠨᠡᠨ ᠪᠤᠳᠠᠲᠠᠢ ᠢ | ᠬᠡᠨᠡᠰᠡ ᠮᠡᠳᠡᠯ᠎ᠡ᠃ | ᠨᠡᠭᠡᠷᠡᠨ᠂ ᠰᠢᠨᠵᠢᠯᠡᠭᠡ ᠮᠡᠷᠭᠡᠵᠢᠯ ᠤᠨ ᠬᠦᠭᠵᠢᠯᠲᠡ ᠭᠡᠵᠤ ᠢᠢᠮᠤ ᠰᠠᠶᠢᠬᠠᠨ ᠪᠠᠶᠢᠭ᠎ᠠ᠃ ᠵᠠᠬ᠎ᠠ ᠳᠤ ᠭᠠᠷᠴᠤ | ᠪᠠᠷᠠᠭ᠎ᠠ ᠠᠪᠬᠤ ᠴᠢᠬᠤᠯᠠ ᠦᠭᠡᠢ᠂ ᠲᠧᠯᠸᠢᠰ ᠱᠠᠭᠠᠶᠢᠵᠤ ᠮᠡᠳᠡᠭᠡ ᠰᠤᠨᠤᠰᠬᠤ ᠬᠡᠷᠡᠭ ᠦᠭᠡᠢ᠂ ᠢᠳᠡᠵᠤ ᠤᠤᠭᠤᠬᠤ | ᠠᠴᠠ ᠡᠬᠢᠯᠡᠭᠡᠳ ᠰᠤᠷᠤᠯᠴᠠᠬᠤ ᠬᠦᠷᠲᠡᠯ᠎ᠡ ᠪᠠᠨ ᠪᠦᠬᠦ ᠶᠠᠭᠤᠮ᠎ᠠ ᠪᠠᠨ ᠪᠢᠳᠡ ᠭᠠᠭᠴᠠᠬᠠᠨ ᠭᠠᠷ ᠤᠲᠠᠰᠤ᠂ ᠸᠢᠴᠠᠲ | ᠪᠠᠷ ᠢᠶᠠᠨ ᠪᠡᠶᠡᠯᠡᠭᠦᠯᠵᠤ ᠪᠤᠯᠳᠠᠭ᠂ ᠡᠨᠡ ᠪᠦᠬᠦᠨ ᠢ ᠰᠠᠶᠢᠬᠠᠨ ᠢᠶᠠᠷ ᠬᠡᠯᠡᠪᠡᠯ ᠴᠠᠭ᠂ ᠵᠤᠭᠤᠰ ᠠᠷᠪᠢᠯᠠᠵᠤ ᠪᠠᠶᠢᠨ᠎ᠠ | ᠭᠡᠵᠦ ᠬᠡᠯᠡᠵᠤ ᠪᠤᠯᠤᠨ᠎ᠠ᠃ ᠭᠡᠲᠡᠯ᠎ᠡ ᠨᠦᠭᠦᠭᠡ ᠲᠠᠯ᠎ᠠ ᠪᠠᠷ ᠬᠡᠰᠡᠭ ᠶᠠᠭᠤᠮ᠎ᠠ ᠳᠤᠲᠠᠭᠲᠠᠭᠠᠳ ᠪᠠᠶᠢᠭ᠎ᠠ ᠪᠢᠰᠢ ᠤᠤ︖ | ᠡᠨᠡ ᠨᠢ ᠪᠢᠳᠠᠨ ᠳᠤ᠂ ᠨᠡᠶᠢᠬᠡᠮ ᠳᠤ ᠮᠠᠰᠢ ᠳᠦᠭᠦᠮ ᠪᠤᠯᠤᠭᠰᠠᠨ ᠨᠢ ᠭᠠᠷᠴᠠᠭ᠎ᠠ ᠦᠭᠡᠢ ᠰᠠᠶᠢᠨ ᠲᠠᠯ᠎ᠠ ᠶᠤᠮ᠃ | ᠭᠡᠪᠡᠴᠤ ᠨᠦᠭᠦᠭᠡ ᠲᠠᠯ᠎ᠠ ᠪᠠᠷ ᠰᠢᠨᠵᠢᠯᠡᠬᠦ ᠤᠬᠠᠭᠠᠨ ᠮᠡᠷᠭᠡᠵᠢᠯ ᠢᠶᠠᠷ ᠤᠶᠤᠨᠴᠢ ᠰᠡᠩᠬᠡᠬᠡᠷᠡᠯ ᠢ ᠤᠯᠬᠤ ᠭᠡᠵᠤ | ᠵᠢᠳᠬᠦᠭᠡᠳ᠂ ᠬᠠᠭᠤᠴᠢᠨ ᠤ ᠰᠢᠲᠦᠯᠭᠡ᠂ ᠮᠤᠬᠤᠷ ᠪᠢᠰᠢᠷᠡᠯ ᠢ ᠨᠠᠵᠠᠭᠠᠢ ᠳᠤ ᠲᠤᠭᠠᠴᠢᠵᠤ ᠲᠠᠶᠠᠭᠳᠠᠵᠤ ᠪᠠᠶᠢᠭᠠᠳ | ᠤᠳᠤ ᠪᠤᠯᠬᠤ ᠳᠤ ᠡᠷᠭᠢᠭᠡᠳ ᠰᠢᠨᠵᠢᠯᠡᠬᠦ ᠤᠬᠠᠭᠠᠨ᠂ ᠮᠡᠷᠭᠡᠵᠢᠯ ᠤᠨ ᠭᠦᠨ ᠮᠤᠩᠬᠠᠷᠠᠯ ᠳᠤ ᠤᠷᠤᠭᠰᠠᠨ ᠭᠡᠯᠲᠡᠢ᠃ | ᠪᠢᠳᠡ ᠨᠢᠭᠡ ᠴᠠᠭ᠂ ᠨᠢᠭᠡ ᠮᠦᠴᠡ ᠳᠤ ᠭᠠᠷ ᠤᠳᠠᠰᠤ ᠦᠭᠡᠢ᠂ ᠸᠢᠴᠠᠲ ᠪᠠᠨ ᠨᠡᠭᠡᠭᠡᠬᠦ ᠦᠭᠡᠢ ᠪᠠᠶᠢᠵᠤ | ᠴᠢᠳᠠᠬᠤ ᠪᠠᠨ ᠪᠤᠯᠢᠯ᠎ᠠ᠃ ᠪᠢᠳᠠᠨ ᠤ ᠤᠶᠤᠨ ᠲᠠᠷᠢᠬᠢ᠂ ᠦᠵᠡᠯ ᠪᠤᠳᠤᠯ ᠪᠦᠷ ᠸᠢᠴᠠᠲ ᠶᠢᠨ ᠵᠢᠵᠢᠭᠬᠡᠨ ᠴᠠᠭᠠᠷᠢᠭ | ᠠᠴᠠ ᠳᠠᠪᠠᠵᠤ ᠳᠡᠶᠢᠯᠬᠦ ᠪᠠᠨ ᠪᠠᠶᠢᠯ᠎ᠠ᠃ ᠸᠢᠴᠠᠲ ᠪᠠᠶᠢᠬᠤ ᠦᠭᠡᠢ ᠦᠶ᠎ᠡ ᠳᠤ ᠰᠦᠨᠡᠰᠦ ᠪᠠᠨ ᠭᠡᠭᠡᠭᠰᠡᠨ ᠠᠳᠠᠯᠢ | ᠡᠨᠡ ᠨᠢ ᠱᠠᠰᠢᠨ ᠤ ᠪᠢᠰᠢ ᠴᠦ ᠭᠡᠰᠡᠨ ᠰᠢᠨᠵᠢᠯᠡᠬᠦ ᠤᠬᠠᠭᠠᠨ ᠤ ᠮᠤᠬᠤᠷ ᠪᠢᠰᠢᠷᠡᠯ ᠳᠤ ᠠᠪᠲᠠᠭᠲᠠᠭᠰᠠᠨ ᠭᠡᠵᠦ | ᠬᠡᠯᠡᠬᠦ ᠳᠤ ᠶᠠᠮᠠᠷ ᠴᠦ ᠪᠤᠷᠤᠭᠤ ᠦᠭᠡᠢ ᠶᠤᠮᠰᠢᠭ᠃ ᠡᠴᠢᠬᠡ ᠡᠬᠡ ᠦᠪᠡᠷ ᠤᠨ ᠪᠡᠶ᠎ᠡ ᠠᠴᠠ ᠪᠠᠨ ᠢᠯᠡᠭᠦᠦ | ᠸᠢᠴᠠᠲ ᠢᠶᠠᠨ ᠠᠩᠬᠠᠷᠴᠤ ᠸᠢᠴᠠᠲ ᠲᠤ ᠪᠠᠨ ᠪᠠᠷᠢᠭᠳᠠᠵᠤ ᠶᠠᠪᠤᠭ᠎ᠠ ᠤᠳᠤ ᠦᠶ᠎ᠡ ᠶᠢᠨ ᠬᠦᠮᠦᠰ ᠲᠤ ᠰᠡᠭᠬᠡᠬᠡᠷᠡᠯ | ᠭᠡᠳᠡᠭ ᠴᠢᠨᠢ ᠡᠭᠦᠨ ᠠᠴᠠ ᠪᠠᠨ ᠵᠠᠶᠢᠳᠠᠵᠤ᠂ ᠭᠠᠷᠴᠤ ᠴᠢᠳᠠᠬᠤ ᠳᠤ ᠪᠠᠶᠢᠭ᠎ᠠ ᠪᠢᠵᠡ᠃ | ᠠᠷᠪᠠᠨ ᠨᠢᠢᠮᠠᠳᠤᠭᠠᠷ ᠵᠠᠭᠤᠨ ᠤ ᠰᠡᠭᠦᠯ ᠬᠠᠭᠠᠰ ᠠᠴᠠ ᠡᠬᠢᠯᠡᠨ ᠪᠦᠬᠦ ᠨᠡᠶᠢᠬᠡᠮ᠂ ᠤᠯᠤᠰ ᠳᠠᠶᠠᠭᠠᠷ | ᠰᠢᠨᠡᠴᠢᠯᠡᠯ᠂ ᠰᠡᠩᠬᠡᠬᠡᠷᠡᠯ ᠳᠤ ᠤᠷᠤᠶ᠎ᠠ ᠭᠡᠵᠤ ᠬᠦᠰᠡᠵᠤ ᠬᠦᠭᠡᠭᠡᠴᠡᠯᠳᠤᠵᠤ᠂ ᠰᠢᠨᠵᠢᠯᠡᠬᠦ ᠤᠬᠠᠭᠠᠨ ᠢ ᠳᠡᠭᠡᠳᠦᠯᠡᠵᠤ | ᠪᠠᠶᠢᠭᠰᠠᠨ ᠪᠤᠯ ᠦᠨᠦᠳᠦᠷ ᠪᠤᠯᠬᠤ ᠳᠤ ᠠᠯᠲᠠ ᠮᠡᠲᠦ ᠴᠠᠭ ᠢ ᠮᠢᠨᠢ ᠭᠠᠵᠠᠷᠳᠠᠭᠤᠯᠵᠤ ᠪᠠᠶᠢᠳᠠᠭ ᠭᠠᠷ ᠤᠲᠠᠰᠤᠨ | ᠤ ᠸᠢᠴᠠᠲ ᠮᠡᠲᠦ ᠡᠯᠧᠭᠲᠷᠤᠨ ᠪᠤᠳᠠᠰ ᠤᠨ ᠮᠤᠩᠬᠠᠷᠠᠭᠤᠯᠤᠯ ᠠᠴᠠ ᠪᠠᠨ ᠭᠠᠷᠴᠤ ᠰᠡᠩᠬᠡᠬᠡᠷᠡᠯ ᠢᠶᠠᠨ ᠤᠯᠤᠮᠠᠷ | ᠪᠠᠶᠢᠨ᠎ᠠ ᠭᠡᠵᠤ ᠤᠷᠢᠶᠠᠯᠠᠮᠠᠷ ᠪᠤᠳᠤᠭᠳᠠᠬᠤ ᠶᠤᠮ᠃ | ᠸᠢᠴᠠᠲ ᠲᠤ ᠤᠨᠠᠭᠰᠠᠨ ᠪᠳᠠᠨ ᠤ ᠠᠮᠢᠳᠤᠷᠠᠯ᠂ ᠪᠠᠶᠠᠯᠢᠭ ᠠᠴᠠ ᠪᠠᠨ ᠢᠯᠡᠭᠦᠦ ᠤᠶᠤᠲᠠᠨ ᠤ ᠭᠦᠨ | ᠨᠦᠬᠡᠨ ᠳᠤ ᠤᠨᠠᠭᠰᠠᠨ ᠪᠠᠶᠢᠨ᠎ᠠ ᠭᠡᠵᠤ ᠦᠵᠡᠳᠡᠭ ᠢᠶᠠᠷ᠂ ᠡᠨᠡ ᠵᠠᠭᠤᠨ ᠳᠤ ᠪᠠᠰᠠ ᠰᠡᠩᠬᠡᠬᠡᠷᠡᠯ ᠰᠢᠨᠡᠴᠢᠯᠡᠯᠲᠡ | ᠬᠡᠷᠡᠭᠲᠠᠢ ᠪᠠᠶᠢᠨ᠎ᠠ᠃ |