ᠰᠢᠨ᠎ᠡ ᠦᠢᠯᠠᠭᠠᠭᠳᠠᠬᠤᠨ ᠢᠶᠠᠷ ᠲᠠᠷᠢᠶᠠᠯᠠᠩ ᠬᠥᠳᠡᠭᠡ ᠲᠤᠰᠬᠤᠨ ᠤ ᠰᠢᠨ᠎ᠠ  ᠬᠥᠭᠵᠢᠯᠳᠡ ᠶᠢ ᠬᠥᠳᠤᠯᠤᠨ ᠲᠠᠭᠠᠭᠤᠯᠰᠤᠭᠠᠢ
ᠨᠡᠶᠢᠲᠡᠯᠡᠭᠰᠡᠨ ᠴᠠᠭ᠄
2016/4/6
      ᠰᠢᠨ᠎ᠡ ᠦᠢᠯᠠᠭᠠᠭᠳᠠᠬᠤᠨ ᠢᠶᠠᠷ ᠲᠠᠷᠢᠶᠠᠯᠠᠩ ᠬᠥᠳᠡᠭᠡ ᠲᠤᠰᠬᠤᠨ ᠤ ᠰᠢᠨ᠎ᠠ  ᠬᠥᠭᠵᠢᠯᠳᠡ ᠶᠢ ᠬᠥᠳᠤᠯᠤᠨ ᠲᠠᠭᠠᠭᠤᠯᠰᠤᠭᠠᠢ ︵ᠬᠤᠷᠢᠶᠠᠨ ᠤ ᠦᠬᠦᠯᠡᠯ︶      ᠵᠢᠯ ᠤᠨ ᠠᠵᠢᠯ ᠬᠠᠪᠤᠷ ᠲᠠᠭᠠᠨ ᠭᠡᠳᠡᠭᠴᠢᠯᠡᠨ  ᠂ ᠲᠤᠮᠳᠠᠳᠤ ᠤᠯᠤᠰ ᠤᠨ ᠡᠪ ᠬᠠᠮᠳᠤ ᠨᠠᠮ ᠤᠨ  ᠲᠦᠪ  ᠬᠤᠷᠢᠶ᠎ᠠ  ᠂ ᠲᠦᠷᠤ ᠶᠢᠨ ᠶᠠᠪᠤᠳᠠᠯ ᠤᠨ ᠬᠤᠷᠢᠶ᠎ᠠ ︽ᠬᠥᠭᠵᠢᠯᠳᠡ ᠶᠢᠨ ᠰᠢᠨ᠎ᠠ ᠦᠢᠯᠠᠭᠠᠭᠳᠠᠬᠤᠨ ᠢ  ᠨᠠᠶᠢᠳᠠᠪᠤᠷᠢᠵᠢᠭᠤᠯᠵᠤ  ᠲᠠᠷᠢᠶᠠᠯᠠᠩ ᠤᠨ ᠤᠳᠤᠬᠢᠴᠢᠯᠠᠯᠳᠠ ᠶᠢ ᠲᠦᠷᠭᠡᠳᠭᠡᠨ ᠪᠦᠬᠦ ᠲᠠᠯ᠎ᠠ ᠪᠠᠷ  ᠴᠢᠨᠡᠭᠡᠯᠢᠭᠵᠢᠬᠦ  ᠬᠠᠷᠠᠯᠳᠠ  ᠎ ᠶᠢ  ᠪᠡᠶᠡᠯᠡᠬᠦᠯᠬᠦ  ᠲᠤᠬᠠᠢ  ᠰᠠᠨᠠᠯ ᠤᠳ  ︾᠎ ᠢ ᠦᠨᠤᠳᠤᠷ ᠢᠯᠡ ᠪᠠᠷ ᠨᠡᠶᠢᠳᠡᠯᠡᠪᠡ  ᠃ ᠡᠨᠡ ᠪᠤᠯ ᠰᠢᠨ᠎ᠠ ᠵᠠᠭᠤᠨ ᠳᠤ ᠤᠷᠤᠬᠰᠠᠨ ᠠᠴᠠ ᠨᠠᠰᠢ  ᠂  ᠨᠠᠮ ᠤᠨ  ᠲᠦᠪ  ᠬᠤᠷᠢᠶ᠎ᠠ ᠶᠢᠨ ᠵᠠᠯᠭᠠᠭᠠᠪᠡᠷ ᠨᠡᠶᠢᠳᠡᠯᠡᠭᠰᠡᠨ ︽ᠬᠥᠳᠡᠭᠡ  ᠲᠤᠰᠬᠤᠨ  ᠲᠠᠷᠢᠶᠠᠯᠠᠩ  ᠲᠠᠷᠢᠶᠠᠴᠢᠨ  ︾᠎ ᠤ  ᠠᠵᠢᠯ ᠢ  ᠵᠢᠯᠤᠭᠤᠳᠬᠤ  ᠠᠷᠪᠠᠨ ᠭᠤᠷᠪᠠᠳᠤᠭᠠᠷ ︽ᠨᠢᠭᠡᠳᠤᠭᠡᠷ ᠪᠢᠴᠢᠭ ᠮᠠᠲ᠋ᠧᠷᠢᠶᠠᠯ︾ ᠪᠤᠯᠤᠨ᠎ᠠ  ᠃ ᠪᠢᠴᠢᠭ ᠮᠠᠲ᠋ᠧᠷᠢᠶᠠᠯ ᠨᠢ  ᠲᠠᠷᠢᠶᠠᠯᠠᠩ ᠤᠨ  ᠤᠳᠤᠬᠢᠴᠢᠯᠠᠬᠤ ᠪᠦᠳᠤᠭᠡᠨ ᠪᠠᠶᠢᠭᠤᠯᠤᠯᠳᠡ ᠶᠢ ᠲᠦᠷᠭᠡᠳᠭᠡᠬᠦ  ᠂ ᠪᠦᠬᠦ ᠲᠠᠯ᠎ᠠ ᠪᠠᠷ  ᠴᠢᠨᠡᠭᠡᠯᠢᠭᠵᠢᠬᠦ  ᠬᠠᠷᠠᠯᠳᠠ  ᠎ ᠶᠢ  ᠪᠡᠶᠡᠯᠡᠬᠦᠯᠬᠦ  ᠂  ᠢᠯᠠᠩᠭᠤᠶ᠎ᠠ ᠬᠥᠭᠵᠢᠯᠳᠡ ᠶᠢᠨ ᠰᠢᠨ᠎ᠠ ᠦᠢᠯᠠᠭᠠᠬᠳᠠᠬᠤᠨ ᠢᠶᠠᠷ ᠲᠠᠷᠢᠶᠠᠯᠠᠩ ᠬᠥᠳᠡᠭᠡ ᠲᠤᠰᠬᠤᠨ ᠤ  ᠰᠢᠨ᠎ᠠ  ᠬᠥᠭᠵᠢᠯᠳᠡ  ᠎ ᠶᠢ  ᠬᠥᠳᠤᠯᠤᠨ ᠲᠠᠭᠠᠭᠤᠯᠬᠤ ᠲᠠᠢ ᠤᠶᠠᠯᠳᠤᠭᠤᠯᠤᠨ  ᠂ ᠠᠯᠢ ᠤᠯᠠᠨ ᠰᠢᠨ᠎ᠠ ᠦᠵᠡᠯᠳᠡ  ᠂ ᠰᠢᠨ᠎ᠠ ᠲᠦᠷᠤ ᠶᠢᠨ ᠪᠤᠳᠤᠯᠭ᠎ᠠ  ᠂  ᠰᠢᠨ᠎ᠠ  ᠠᠷᠭ᠎ᠠ ᠬᠡᠮᠵᠢᠶ᠎ᠠ ᠶᠢ ᠲᠤᠷᠠᠳᠤᠨ ᠭᠠᠷᠭᠠᠪᠠ  ᠂ ᠡᠨᠡ ᠨᠢ ᠡᠨᠡ ᠵᠢᠯ ᠤᠨ ︽ᠬᠥᠳᠡᠭᠡ ᠲᠤᠰᠬᠤᠨ ᠲᠠᠷᠢᠶᠠᠯᠠᠩ ᠲᠠᠷᠢᠶᠠᠴᠢᠨ  ︾᠎ ᠤ  ᠠᠵᠢᠯ ᠢ ᠰᠠᠶᠢᠳᠤᠷ ᠬᠢᠬᠦ ᠳᠤ ᠮᠠᠰᠢ ᠴᠢᠬᠤᠯᠠ ᠵᠢᠯᠤᠭᠤᠳᠬᠤ ᠠᠴᠢ ᠬᠤᠯᠪᠤᠬᠳᠠᠯ ᠲᠠᠢ ᠶᠤᠮ  ᠃             ᠠᠷᠪᠠᠨ ᠬᠤᠶᠠᠳᠤᠭᠠᠷ ᠲᠠᠪᠤᠨ ᠵᠢᠯ ᠤᠨ ᠲᠦᠯᠤᠪᠵᠢᠬᠦᠯᠭᠡ ᠶᠢᠨ ᠬᠤᠭᠤᠴᠠᠭ᠎ᠠ ᠪᠤᠯ  ᠮᠠᠨ ᠤ  ᠤᠯᠤᠰ ᠤᠨ  ᠲᠠᠷᠢᠶᠠᠯᠠᠩ ᠬᠥᠳᠡᠭᠡ ᠲᠤᠰᠬᠤᠨ ᠤ ᠬᠥᠭᠵᠢᠯᠳᠡ ᠶᠢᠨ ᠪᠠᠰᠠ ᠨᠢᠭᠡᠨ ᠰᠢᠵᠢᠷ ᠠᠯᠳᠠᠨ ᠴᠠᠭ ᠦᠶ᠎ᠠ ᠪᠤᠯᠬᠤ ᠶᠤᠮ  ᠃  ᠠᠮᠤ  ᠪᠤᠳᠠᠭ᠎ᠠ  ᠵᠢᠯ ᠲᠠᠷᠠᠭᠠᠯᠠᠨ ᠲᠡᠭᠡᠳᠤ ᠬᠤᠷᠳᠤᠴᠠ ᠪᠠᠷ ᠨᠡᠮᠡᠭᠳᠡᠨ  ᠂  ᠲᠠᠷᠢᠶᠠᠴᠢᠳ ᠤᠨ  ᠤᠷᠤᠯᠭ᠎ᠠ  ᠦᠷᠬᠦᠯᠵᠢᠯᠡᠨ  ᠨᠡᠯᠢᠶᠡᠳ  ᠲᠦᠷᠭᠡᠨ  ᠎ ᠢᠶᠠᠷ ᠨᠡᠮᠡᠭᠳᠡᠵᠤ  ᠂ ᠬᠥᠳᠡᠭᠡ ᠲᠤᠰᠬᠤᠨ ᠤ ᠰᠠᠭᠤᠷᠢ ᠲᠦᠬᠦᠭᠡᠷᠤᠮᠵᠢ ᠪᠠ ᠤᠯᠠᠨ ᠨᠡᠶᠢᠳᠡ ᠶᠢᠨ ᠦᠢᠯᠡᠴᠢᠯᠡᠭᠡ ᠢᠯᠡᠳᠳᠡ  ᠰᠠᠶᠢᠵᠢᠷᠠᠨ᠂  ᠬᠥᠳᠡᠭᠡ ᠲᠤᠰᠬᠤᠨ ᠤ ᠨᠡᠶᠢᠭᠡᠮ ᠡᠶ᠎ᠡ ᠵᠤᠬᠢᠴᠠᠯ ᠲᠠᠢ ᠪᠦᠭᠡᠳ ᠲᠤᠬᠳᠠᠭᠤᠨ ᠪᠠᠶᠢᠨ᠎ᠠ  ᠃ ︽ᠬᠥᠳᠡᠭᠡ ᠲᠤᠰᠬᠤᠨ  ᠲᠠᠷᠢᠶᠠᠯᠠᠩ ᠲᠠᠷᠢᠶᠠᠴᠢᠨ︾᠎ ᠤ ᠪᠠᠶᠢᠳᠠᠯ ᠰᠠᠶᠢᠨ ᠵᠦᠭ ᠬᠥᠭᠵᠢᠵᠤ  ᠂ ᠴᠢᠨᠡᠭᠡᠯᠢᠭ ᠨᠡᠶᠢᠭᠡᠮ ᠢ ᠪᠦᠬᠦ ᠲᠠᠯ᠎ᠠ  ᠎ ᠪᠠᠷ  ᠪᠠᠶᠢᠭᠤᠯᠤᠨ  ᠪᠦᠳᠤᠭᠡᠬᠦ  ᠪᠠ ᠤᠳᠤᠬᠢᠴᠢᠯᠠᠬᠤ ᠪᠦᠳᠤᠭᠡᠨ ᠪᠠᠶᠢᠭᠤᠯᠤᠯᠳᠡ ᠶᠢ ᠲᠦᠯᠬᠢᠨ ᠠᠬᠢᠭᠤᠯᠬᠤ ᠳᠤ ᠪᠠᠳᠤ ᠴᠢᠩᠭ᠎ᠠ ᠰᠠᠭᠤᠷᠢ ᠶᠢ  ᠲᠠᠯᠪᠢᠬᠰᠠᠨ  ᠪᠦᠭᠡᠳ ᠪᠢᠳᠡᠨ ᠤ ᠲᠦᠭᠰᠢᠬᠦᠷᠢ ᠶᠢ ᠠᠷᠭᠠᠴᠠᠬᠤ ᠪᠠ ᠬᠥᠴᠢᠷᠳᠡᠯ ᠢ ᠢᠯᠠᠨ ᠲᠠᠪᠠᠭ᠋ᠤ ᠳᠤ ᠴᠤ ᠪᠠᠳᠤ  ᠴᠢᠩᠭ᠎ᠠ  ᠪᠠᠳᠤᠯᠠᠭ᠎ᠠ  ᠬᠠᠨᠭ᠍ᠭᠠᠭᠰᠠᠨ ᠪᠠᠶᠢᠨ᠎ᠠ  ᠃            ᠡᠬᠦᠨ ᠤ ᠵᠡᠷᠭᠡ ᠳᠤ  ᠂ ᠠᠵᠤ ᠠᠬᠤᠢ ᠶᠢᠨ ᠬᠦᠭᠵᠢᠯᠳᠡ ᠶᠢᠨ ᠰᠢᠨ᠎ᠠ ᠬᠡᠪ ᠪᠠᠶᠢᠳᠠᠯ ᠤᠨ ᠠᠬᠤᠢ ᠪᠠᠶᠢᠳᠠᠯ ᠲᠤᠤᠷ᠎ᠠ  ᠂ ᠭᠡᠷᠬᠢᠨ ᠲᠠᠷᠢᠶᠠᠴᠢᠳ ᠤᠨ ᠤᠷᠤᠯᠭ᠎ᠠ ᠶᠢᠨ ᠲᠤᠬᠳᠠᠭᠤᠨ ᠪᠦᠭᠡᠳ ᠨᠡᠯᠢᠶᠡᠳ ᠲᠦᠷᠭᠡᠨ ᠢᠶᠠᠷ ᠨᠡᠮᠡᠭᠳᠡᠬᠦ ᠎ ᠶᠢ ᠠᠬᠢᠭᠤᠯᠵᠤ  ᠪᠠᠶᠢᠭᠠᠳ ᠬᠤᠳᠠ ᠬᠥᠳᠡᠭᠡ ᠶᠢᠨ  ᠬᠤᠭᠤᠷᠤᠨᠳᠤᠬᠢ  ᠎ ᠶᠢᠨ  ᠵᠦᠷᠢᠶ᠎ᠠ  ᠎ ᠶᠢ  ᠤᠯᠠᠮ  ᠨᠢᠭᠡ  ᠠᠯᠬᠤᠮ  ᠪᠠᠭᠠᠰᠬᠠᠬᠤ  ᠪᠤᠢ  ︖  ᠭᠡᠷᠬᠢᠨ ᠲᠠᠷᠢᠶᠠᠯᠠᠩ ᠤᠨ ᠬᠥᠭᠵᠢᠯᠳᠡ ᠶᠢᠨ  ᠠᠷᠭ᠎ᠠ  ᠮᠠᠶ᠋ᠢᠬ ᠢ  ᠲᠦᠷᠭᠡᠳᠭᠡᠨ  ᠬᠤᠪᠢᠷᠠᠭᠤᠯᠵᠤ  ᠪᠠᠶᠢᠭᠠᠳ  ᠴᠢᠬᠤᠯᠠ  ᠲᠠᠷᠢᠶᠠᠯᠠᠩ ᠤᠨ ᠪᠦᠳᠤᠭᠡᠭᠳᠡᠬᠦᠨ ᠤ ᠪᠦᠳᠤᠮᠵᠢᠳᠠᠢ ᠬᠠᠨᠭ᠍ᠭᠠᠯᠭ᠎ᠠ ᠶᠢ ᠦᠨᠡᠨ ᠬᠦ ᠪᠠᠳᠤᠯᠠᠬᠤ ᠪᠤᠢ  ︖ ᠬᠡᠷᠬᠢᠨ ᠤᠯᠤᠰ ᠤᠨ ᠭᠠᠳᠠᠭᠠᠳᠤ  ᠎ ᠶᠢᠨ  ᠪᠠ ᠤᠯᠤᠰ ᠤᠨ ᠲᠤᠳᠤᠭᠠᠳᠤ ᠶᠢᠨ ᠬᠤᠶᠠᠷ ᠵᠠᠬ᠎ᠠ ᠲᠡᠯᠭᠡᠬᠦᠷ  ᠂ ᠬᠤᠶᠠᠷ  ᠡᠬᠢ  ᠪᠠᠶᠠᠯᠢᠬ ᠢ  ᠨᠢᠭᠡᠳᠤᠯᠳᠠᠢ  ᠲᠦᠯᠤᠪᠯᠡᠨ  ᠠᠰᠢᠬᠯᠠᠵᠤ ᠪᠠᠶᠢᠭᠠᠳ ᠮᠠᠨ ᠤ ᠤᠯᠤᠰ ᠤᠨ  ᠲᠠᠷᠢᠶᠠᠯᠠᠩ ᠤᠨ  ᠦᠷᠢᠰᠤᠯᠳᠤᠬᠦ  ᠬᠥᠴᠤᠨ ᠢ  ᠲᠡᠭᠡᠭᠰᠢᠯᠡᠬᠦᠯᠬᠦ  ᠪᠤᠢ  ᠬᠡᠳᠡᠭ  ᠪᠤᠯ  ᠡᠷᠭᠡᠪᠰᠢ ᠰᠢᠢᠳᠪᠤᠷᠢᠯᠡᠬᠦ ᠬᠡᠷᠡᠭᠳᠠᠢ ᠪᠤᠳᠠᠳᠠᠢ ᠪᠡᠷᠭᠡ ᠠᠰᠠᠭᠤᠳᠠᠯ ᠪᠤᠯᠬᠤ ᠮᠦᠷᠳᠡᠭᠡᠨ ᠪᠠᠰᠠ ᠴᠤ ᠡᠷᠭᠡᠪᠰᠢ ᠠᠷᠭᠠᠴᠠᠬᠤ  ᠬᠡᠷᠡᠭᠳᠠᠢ  ᠴᠢᠬᠤᠯᠠ ᠶᠡᠭᠡ ᠦᠷᠢᠰᠤᠯᠳᠤᠭᠡᠨ ᠮᠦᠨ ᠭᠡᠳᠡᠭ ᠢ ᠰᠡᠷᠭᠡᠭ ᠢᠶᠠᠷ ᠲᠠᠨᠢᠵᠤ ᠤᠯᠬᠤ ᠬᠡᠷᠡᠭᠳᠠᠢ  ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号