ᠣᠩᠨᠢᠭᠤᠳ ᠮᠣᠩᠭᠤᠯᠴᠣᠳ ᠤᠨ ᠭᠠᠯ ᠤᠨ ᠪᠣᠲᠠᠭ᠎ᠠ
ᠨᠡᠶᠢᠲᠡᠯᠡᠭᠰᠡᠨ ᠴᠠᠭ᠄
2016/4/7
        ᠣᠩᠨᠢᠭᠤᠳ ᠮᠣᠩᠭᠤᠯᠴᠣᠳ ᠤᠨ ᠭᠠᠯ ᠤᠨ ᠪᠣᠲᠠᠭ᠎ᠠ           ᠮᠣᠩᠭᠤᠯᠴᠣᠳ ᠭᠠᠯ ᠢ ᠠᠮᠢᠲᠣᠷᠠᠯ ᠦᠢᠯᠡᠳᠪᠦᠷᠢᠯᠡᠯ ᠳᠡᠭᠡᠨ ᠠᠰᠢᠬᠯᠠᠬᠤ ᠶᠢᠨ ᠣᠯᠠᠮ ᠠᠴᠠ ᠭᠠᠯ ᠢ ᠷᠢᠲᠢ ᠰᠢᠲᠢ  ᠎ ᠲᠠᠢ ᠪᠠᠷ ᠦᠵᠡᠨ ᠪᠢᠰᠢᠷᠡᠨ ᠰᠢᠲᠦᠵᠦ ᠬᠦᠨᠲᠦᠳᠭᠡᠨ ᠲᠠᠬᠢᠵᠦ ᠪᠠᠶᠢᠬᠰᠠᠨ ᠨᠢ ᠪᠦᠷ ᠴᠣ᠋ ᠠᠯᠢ ᠡᠷᠲᠡᠨ ᠤ ᠣᠴᠢᠷ ᠪᠢᠯᠡ᠃ ᠵᠢᠯ ᠪᠦᠷᠢ ᠶᠢᠨ ᠪᠢᠯᠢᠭ ᠤᠨ ᠣᠯᠠᠷᠢᠯ ᠤᠨ ᠯᠠ ᠰᠠᠷ᠎ᠠ ᠶᠢᠨ ᠬᠤᠷᠢᠨ ᠭᠤᠷᠪᠠᠨ ︵ᠵᠠᠷᠢᠮ ᠭᠠᠵᠠᠷ ᠎ ᠲᠤ ᠬᠤᠷᠢᠨ ᠲᠦᠷᠪᠡᠨ︶᠎ ᠳᠤ ᠭᠠᠯ ᠲᠠᠬᠢᠬᠤ ᠣᠯᠠᠮᠵᠢᠯᠠᠯ ᠨᠢ ᠲᠠᠷᠣᠢ ᠡᠬᠦᠨ ᠤ ᠭᠡᠷᠡᠴᠢ ᠪᠣᠯᠬᠤ ᠶᠣᠮ᠃           ᠣᠩᠨᠢᠭᠤᠳ ᠮᠣᠩᠭᠤᠯᠴᠣᠳ ᠭᠠᠯ ᠲᠠᠬᠢᠬᠤ ᠶᠢ ︽ᠪᠠᠭ᠎ᠠ ᠰᠢᠨ᠎ᠠ︾ ᠭᠡᠲᠡᠭ᠃ ᠭᠠᠯ ᠲᠠᠬᠢᠬᠤ ᠳᠤ ᠭᠠᠯ ᠤᠨ  ᠪᠣᠲᠠᠭ᠎ᠠ ᠪᠣᠯ ᠲᠣᠲᠠᠬᠲᠠᠵᠦ ᠪᠣᠯᠣᠰᠢ ᠦᠬᠡᠢ ᠪᠢᠯᠡ᠃ ᠭᠠᠯ ᠤᠨ ᠲᠠᠬᠢᠯᠭ᠎ᠠ ᠳᠤ ᠭᠡᠷᠡᠭᠰᠡᠬᠦ ᠬᠤᠨᠢ ᠢᠮᠠᠭᠠᠨ ᠤ ᠡᠪᠴᠢᠬᠦᠦ  ᠪᠠ ᠪᠣᠰᠣᠳ ᠬᠠ ᠭᠤᠶ᠎ᠠ ᠵᠡᠷᠭᠡ ᠶᠢ ᠴᠢᠨᠠᠬᠰᠠᠨ ᠱᠦᠯᠦᠨ ᠳᠤ ᠴᠠᠶᠢᠯᠭᠠᠬᠰᠠᠨ ᠮᠣᠩᠭᠤᠯ ᠠᠮᠦ ᠬᠢᠵᠦ ᠠᠮᠣᠰᠣ  ᠠᠭᠰᠢᠭᠠᠬᠤ ᠶᠢ ᠭᠠᠯ ᠤᠨ ᠪᠣᠲᠠᠭ᠎ᠠ ᠴᠢᠨᠠᠬᠤ ᠭᠡᠲᠡᠭ᠃ ᠠᠩᠬ᠎ᠠ ᠡᠷᠲᠡ ᠳᠤ ᠴᠣᠯ ᠴᠠᠶᠢᠯᠭᠠᠬᠰᠠᠨ ᠮᠣᠩᠭᠤᠯ ᠠᠮᠦ ᠪᠠᠷ  ᠭᠠᠯ ᠤᠨ ᠪᠣᠲᠠᠭ᠎ᠠ ᠴᠢᠨᠠᠵᠦ ᠪᠠᠶᠢᠬᠰᠠᠨ ᠢᠶᠠᠨ ᠴᠠᠬ ᠦᠶ᠎ᠡ ᠶᠢᠨ ᠬᠦᠭᠵᠢᠯᠲᠡ ᠶᠢ ᠲᠠᠭᠠᠯᠲᠣᠨ ᠣᠯᠠᠮ ᠢᠶᠠᠷ ᠰᠢᠯᠦᠭᠡᠢ᠂  ᠨᠠᠷᠢᠮᠦ ᠰᠢᠯᠦᠭᠡᠢ ᠶᠢᠨ ᠬᠤᠯᠢᠰᠢ᠂ ᠨᠠᠷᠢᠮᠦ᠂ ᠨᠠᠷᠢᠮᠣ ᠲᠣᠲᠣᠷᠭ᠎ᠠ ᠶᠢᠨ ᠬᠤᠯᠢᠰᠢ᠂ ᠲᠣᠲᠣᠷᠭ᠎ᠠ ︵ᠵᠠᠷᠢᠮ ᠳᠠᠭᠠᠨ ᠰᠢᠯᠦᠭᠡᠢ  ᠲᠣᠲᠣᠷᠭ᠎ᠠ︶᠎ ᠪᠠᠷ ᠣᠷᠣᠯᠠᠭᠤᠯᠬᠤ ᠪᠣᠯᠵᠠᠢ᠃ ᠢᠩᠬᠢᠬᠦ ᠳᠡᠭᠡᠨ ᠭᠠᠯ ᠤᠨ ᠪᠣᠲᠠᠭᠠᠨ ᠳᠠᠭᠠᠨ ᠣᠯᠠᠭᠠᠨ ᠴᠢᠪᠠᠭ᠎ᠠ ᠬᠢᠵᠦ  ᠴᠢᠨᠠᠬᠤ ᠵᠠᠩᠰᠢᠯ ᠠᠯᠢ ᠡᠷᠲᠡ ᠠᠴᠠ ᠲᠦᠭᠡᠮᠡᠯᠵᠢᠭᠰᠡᠨ ᠪᠠᠶᠢᠨ᠎ᠠ᠃ ᠵᠠᠷᠢᠮ ᠠᠶᠢᠯ ᠤᠨ ᠬᠢᠨ ᠭᠠᠯ ᠤᠨ ᠪᠣᠲᠠᠭ᠎ᠠ ᠶᠢ ᠵᠠᠪᠠᠯ  ᠡᠷᠡᠭᠲᠡᠢ ᠬᠦᠮᠦᠨ ︵ᠣᠯᠠᠩᠬᠢ ᠲᠣᠬᠢᠶᠠᠯᠲᠣᠯ ᠳᠤ ᠭᠡᠷ ᠤᠨ ᠡᠵᠡᠨ︶ ᠴᠢᠨᠠᠬᠤ ᠶᠣᠰᠣ ᠲᠠᠢ ᠪᠠᠶᠢᠲᠠᠬ᠃ ᠣᠩᠨᠢᠭᠤᠳ  ᠮᠣᠩᠭᠤᠯᠴᠣᠳ ᠶᠡᠷᠦ ᠨᠢ ᠭᠠᠯ ᠤᠨ ᠪᠣᠲᠠᠭ᠎ᠠ ᠎ ᠪᠠᠨ ᠣᠷᠣᠢ ᠶᠢᠨ ᠬᠤᠭᠤᠯᠠᠨ ᠤ ᠦᠶ᠎ᠡ ᠳᠤ᠂ ᠠᠲᠠᠬ ᠲᠠᠭᠠᠨ ᠰᠢᠷ᠎ᠠ  ᠪᠦᠷᠦᠢ ᠲᠠᠰᠣᠷᠠᠵᠦ᠂ ᠣᠲᠣ ᠪᠦᠷᠢᠲᠦᠨ ᠭᠠᠯ ᠲᠠᠬᠢᠬᠤ ᠠᠴᠠ ᠣᠷᠢᠳ ᠴᠢᠨᠠᠵᠦ᠂ ᠭᠠᠯ ᠤᠨ ᠪᠣᠲᠠᠭ᠎ᠠ ᠶᠢᠨ ᠢᠶᠠᠨ ᠲᠡᠭᠡᠵᠢ  ᠎ ᠪᠠᠷ ᠨᠢ ᠭᠠᠯ ᠲᠠᠬᠢᠬᠤ ᠳᠤ ᠪᠡᠯᠡᠭᠡᠨ ᠪᠣᠯᠭᠠᠲᠠᠬ᠃ ᠭᠠᠯ ᠤᠨ ᠲᠠᠬᠢᠯᠭ᠎ᠠ ᠲᠠᠭᠤᠰᠣᠬᠰᠠᠨ ᠤ ᠲᠠᠷᠠᠭ᠎ᠠ ᠪᠦᠬᠦ ᠭᠡᠷ ᠢᠶᠠᠷ ᠢᠶᠠᠨ  ᠴᠣᠬᠯᠠᠷᠠᠨ ᠭᠠᠯ ᠤᠨ ᠪᠣᠲᠠᠭ᠎ᠠ ᠎ ᠪᠠᠨ ᠢᠲᠡᠵᠦ ᠨᠠᠶᠢᠷᠯᠠᠯᠲᠣᠲᠠᠬ᠃ ᠶᠡᠷᠦ ᠨᠢ ᠭᠠᠯ ᠤᠨ ᠪᠣᠲᠠᠭ᠎ᠠ ᠪᠠᠨ ᠰᠢᠷ᠎ᠠ ᠲᠣᠰᠣ᠂  ᠴᠠᠭᠠᠨ ᠰᠢᠬᠢᠷ ᠲᠠᠢ ᠬᠤᠳᠬᠤᠵᠦ ᠢᠲᠡᠲᠡᠭ ᠵᠠᠩᠰᠢᠯ ᠲᠠᠢ᠃ ᠬᠤᠭᠤᠯᠠᠨ ᠤ ᠲᠠᠷᠠᠭ᠎ᠠ ᠬᠡᠦᠬᠡᠳ ᠲᠠᠢ ᠠᠶᠢᠯ ᠨᠢ  ᠣᠷᠢᠲᠠᠪᠠᠷ ᠠᠶᠢᠯ ᠰᠠᠭᠠᠬᠠᠯᠲᠠ᠂ ᠲᠦᠷᠦᠯ ᠲᠦᠷᠦᠭᠰᠡᠳ ᠲᠡᠭᠡᠨ ︽ᠭᠠᠯ ᠤᠨ ᠬᠡᠰᠢᠭ︾ ᠬᠡᠮᠡᠨ ᠦᠯᠡᠲᠡᠭᠰᠡᠨ ᠮᠢᠬ᠎ᠠ  ᠢᠲᠡᠭᠡ᠂ ᠭᠠᠯ ᠤᠨ ᠪᠣᠲᠠᠭ᠎ᠠ ᠶᠢᠨ ᠬᠤᠪᠢ ᠪᠠᠨ ᠬᠡᠦᠬᠡᠳ ᠢᠶᠠᠷ ᠢᠶᠠᠨ ᠬᠦᠷᠭᠡᠯᠭᠡᠲᠡᠭ᠃ ᠬᠤᠪᠢ ᠲᠣᠰᠣᠬᠰᠠᠨ ᠠᠶᠢᠯ ᠨᠢ  ᠭᠠᠯ ᠤᠨ ᠬᠡᠰᠢᠭ ᠬᠦᠷᠭᠡᠭᠰᠡᠨ ᠬᠡᠦᠬᠡᠳ ᠲᠤ ᠰᠢᠬᠢᠷ ᠪᠣᠭᠤᠷᠰᠤᠬ᠂ ᠴᠢᠪᠠᠭ᠎ᠠ ᠵᠡᠷᠭᠡ ᠶᠢ ᠠᠳᠬᠤᠭᠤᠯᠲᠠᠬ ᠪᠦᠭᠡᠳ  ᠦᠪᠡᠷ ᠤᠨ ᠬᠤᠪᠢ ᠪᠠᠨ ᠬᠦᠷᠭᠡᠭᠡ ᠦᠬᠡᠢ ᠪᠣᠯ ᠬᠤᠪᠢ ᠠᠪᠴᠢᠷᠠᠬᠰᠠᠨ ᠰᠠᠪᠠᠨ ᠳᠤ ᠭᠠᠯ ᠤᠨ ᠪᠣᠲᠠᠭ᠎ᠠ᠂ ᠮᠢᠬ᠎ᠠ ᠢᠲᠡᠭᠡ  ᠎ ᠪᠠᠨ ᠬᠠᠷᠢᠭᠤ ᠬᠤᠪᠢ ᠪᠣᠯᠭᠠᠨ ᠦᠭᠲᠡᠭ᠃ ᠬᠤᠯᠠᠬᠠᠨ ᠰᠢᠬ ᠲᠦᠷᠦᠯ ᠰᠠᠲᠣᠨ ᠤ ᠬᠢᠨ ᠳᠡᠭᠡᠨ ᠲᠠᠷᠠᠭ᠎ᠠ ᠦᠷᠯᠦᠭᠡ ᠨᠢ  ᠠᠮᠵᠢᠵᠦ ᠬᠦᠷᠭᠡᠲᠡᠭ ᠴᠣ᠋ ᠣᠲᠠᠭ᠎ᠠ ᠲᠠᠢ᠃ ᠭᠠᠯ ᠤᠨ ᠪᠣᠲᠠᠭ᠎ᠠ ᠶᠢ ᠭᠤᠷᠪᠠ ᠬᠤᠨᠤᠬ ᠢᠲᠡᠵᠦ ᠬᠦᠷᠬᠦ ᠬᠡᠮᠵᠢᠶ᠎ᠡ ᠪᠠᠷ  ᠴᠢᠨᠠᠲᠠᠬ ᠪᠦᠭᠡᠳ ᠴᠦᠭᠡᠩᠬᠢ ᠠᠶᠢᠯ ᠨᠢ ᠪᠠᠰᠠ ᠪᠢᠲᠡᠬᠦᠨ ᠤ ᠡᠳᠦᠷ ᠪᠣᠯᠲᠠᠯ᠎ᠠ ᠭᠠᠯ ᠤᠨ ᠪᠣᠲᠠᠭ᠎ᠠ ᠢᠲᠡᠲᠡᠭ ᠵᠠᠩᠰᠢᠯ ᠲᠠᠢ  ᠃ ᠲᠡᠭᠡᠬᠦ ᠳᠡᠭᠡᠨ ᠭᠠᠯ ᠤᠨ ᠪᠣᠲᠠᠭ᠎ᠠ ᠶᠢ ᠡᠷᠦᠢ ᠬᠤᠷᠣᠢ ᠦᠬᠡᠢ ᠬᠠᠶᠠᠬᠤ ᠪᠣᠶᠣ ᠭᠠᠭ᠋ᠠᠢ ᠨᠣᠬᠠᠢ ᠳᠤ ᠦᠭᠬᠦ ᠶᠢ  ᠣᠨᠴᠠᠭᠠᠢᠢᠯᠠᠨ ᠴᠡᠭᠡᠷᠯᠡᠲᠡᠭ᠃                                                                                                 【 ᠶ᠊ · ᠬᠠᠰᠪᠠᠭᠠᠨ᠎ᠠ 】  
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号