ᠣᠩᠨᠢᠭᠤᠳ ᠢ ᠣᠶᠢᠯᠠᠭᠠᠬᠤᠢ
ᠨᠡᠶᠢᠲᠡᠯᠡᠭᠰᠡᠨ ᠴᠠᠭ᠄
2016/4/8
      ︽ᠣᠩᠨᠢᠭᠤᠳ︾ ᠬᠡᠳᠡᠭ ᠪᠣᠯ ᠮᠣᠩᠭᠤᠯ ᠦᠨᠳᠦᠰᠦᠳᠡᠨ ᠤ ᠨᠢᠬᠡᠨ ᠠᠶᠢᠮᠠᠭ ᠤᠨ ᠨᠡᠷ᠎ᠡ ᠪᠠᠶᠢᠵᠣ᠂ ᠣᠩᠭᠤᠨ  ᠭᠡᠳᠡᠭ ᠦᠬᠡᠰ ᠤᠨ ᠢᠵᠠᠭᠤᠷ ᠠᠴᠠ ᠡᠬᠦᠰᠦᠯᠳᠡᠢ᠃ ︽ᠮᠣᠩᠭᠤᠯ ᠤᠨ ᠨᠡᠬᠦᠳᠡᠯ ᠮᠠᠯᠵᠢᠯ ᠤᠨ ᠲᠡᠮᠳᠡᠭᠯᠡᠯ ︾ ᠬᠢᠬᠡᠳ ︽ ᠵᠡᠬᠦᠨ ᠬᠤᠶᠢᠳᠣ ᠶᠢᠨ ᠡᠷᠳᠡᠨ ᠤ ᠲᠦᠷᠦᠳ ᠤᠨ ᠵᠠᠭᠠᠭ ᠬᠢᠵᠠᠭᠠᠷ ᠤᠨ ᠲᠡᠦᠬᠡ︾᠎ ᠳᠠᠬᠢ ᠲᠡᠮᠳᠡᠭᠯᠡᠯ ᠎ ᠢ ᠦᠨᠳᠦᠰᠦᠯᠡᠪᠡᠯ᠄  ᠣᠩᠨᠢᠭᠤᠳ ᠠᠶᠢᠮᠠᠭ ᠪᠣᠯ ᠶᠣᠸᠠᠨ ᠣᠯᠣᠰ ᠤᠨ ᠲᠠᠶᠢᠽᠤ ᠬᠠᠭᠠᠨ ᠤ ᠲᠡᠬᠦᠦ ᠣᠳᠴᠢᠬᠢᠨ ᠨᠣᠶᠡᠨ ᠤ ᠠᠷᠪᠠᠨ ᠨᠢᠬᠡᠳᠦᠭᠡᠷ  ᠠᠴᠢ ᠮᠦᠩᠬᠡ ᠴᠠᠭᠠᠨ ᠨᠣᠶᠠᠨ ᠤ ᠣᠣᠭᠠᠨ ᠬᠦᠦ ᠪᠠᠶᠠᠨᠳᠠᠢ ᠬᠤᠩᠭᠤᠷ ᠨᠣᠶᠠᠨ ᠤ ᠠᠶᠢᠮᠠᠭ ᠤᠨ ᠨᠡᠷ᠎ᠡ ᠮᠦᠨ ᠪᠦᠬᠡᠳ  ᠠᠷᠣ ᠭᠤᠪᠢ ᠶᠢᠨ ᠣᠯᠠᠨ ᠮᠣᠩᠭᠤᠯ ᠠᠶᠢᠮᠠᠭ ᠤᠨ ᠪᠦᠯᠦᠭ ᠤᠨ ᠨᠢᠬᠡ ᠨᠢ ᠪᠣᠯᠣᠨ᠎ᠠ᠃ ᠬᠠᠯᠬ᠎ᠠ ᠶᠢᠨ ᠰᠠᠴᠡᠨ ᠬᠠᠭᠠᠨ᠂  ᠲᠦᠰᠢᠶᠡᠳᠦ ᠬᠠᠭᠠᠨ ᠬᠢᠬᠡᠳ ᠵᠠᠰᠠᠬᠳᠣ ᠬᠠᠭᠠᠨ ᠤ ᠭᠤᠷᠪᠠᠨ ᠶᠡᠭᠡ ᠠᠶᠢᠮᠠᠭ ᠪᠦᠯᠦᠭ ᠢ ᠨᠡᠶᠢᠯᠡᠬᠦᠯᠦᠬᠡᠳ ᠠᠷᠣ ᠮᠣᠩᠭᠤᠯ  ᠭᠡᠳᠡᠭ ᠶᠣᠮ᠃ ᠡᠳᠡᠭᠡᠷ ᠠᠶᠢᠮᠠᠭ ᠤᠳ ᠨᠢ ᠬᠠᠩᠭᠠᠢ ᠠᠭᠤᠯᠠ ᠠᠴᠠ ᠣᠮᠠᠷᠠᠰᠢ ᠡᠷᠬᠦᠨ᠎ᠠ ᠭᠤᠣᠯ᠂ ᠰᠡᠯᠡᠩᠬᠡ ᠮᠦᠷᠡᠨ ᠤ  ᠪᠠᠷᠠᠭᠤᠨ ᠳᠠᠬᠢ ᠦᠷᠬᠡᠨ ᠠᠭᠤᠳᠠᠮ ᠭᠤᠪᠢ ᠨᠣᠳᠤᠭ ᠢᠶᠠᠷ ᠨᠡᠬᠦᠳᠡᠯᠯᠡᠨ ᠮᠠᠯᠵᠢᠵᠣ ᠪᠠᠶᠢᠭᠰᠠᠨ ᠠᠴᠠ ᠪᠠᠨ ᠴᠢᠩ ᠣᠯᠣᠰ  ᠎ ᠤᠨ ᠲᠡᠭᠷᠢ ᠶᠢᠨ ᠰᠠᠴᠡᠨ ᠤ ᠵᠢᠷᠭᠤᠳᠣᠭᠠᠷ ᠵᠢᠯ ︵1632 ᠣᠨ︶᠎ ᠳᠤ ᠬᠤᠶᠢᠳᠣ ᠠᠯᠳᠠᠨ ᠣᠯᠣᠰ ᠲᠠᠢ ᠨᠡᠶᠢᠯᠡᠵᠦ᠂  ᠲᠣᠰ ᠭᠠᠵᠠᠷ ᠲᠤ ᠢᠷᠡᠭᠡᠳ ᠴᠠᠬᠠᠷ ᠠᠶᠢᠮᠠᠭ ᠲᠤ ᠬᠠᠷᠢᠶᠠᠯᠠᠭᠳᠠᠭᠰᠠᠨ ᠪᠠᠶᠢᠨ᠎ᠠ᠃             ᠣᠩᠨᠢᠭᠤᠳ ᠬᠤᠰᠢᠭᠤᠨ ᠳᠤ ᠬᠠᠭᠤᠴᠢᠨ ᠴᠢᠯᠠᠭᠤᠨ ᠪᠠᠭᠠᠵᠢ ᠶᠢᠨ ᠦᠶ᠎ᠡ ᠳᠠᠬᠢ ᠪᠠᠯᠠᠷ ᠡᠷᠳᠡᠨ ᠤ ᠬᠦᠮᠦᠰ ᠎ ᠤᠨ  ᠰᠦᠷᠦᠭᠯᠡᠨ ᠰᠠᠭᠤᠵᠣ ᠪᠠᠶᠢᠭᠰᠠᠨ ᠠᠭᠤᠢ ᠪᠠᠶᠢᠳᠠᠭ᠃ ᠬᠠᠨ ᠣᠯᠣᠰ ᠤᠨ ᠡᠬᠢᠨ ᠠᠴᠠ ᠰᠦᠢ ᠣᠯᠣᠰ ᠬᠦᠷᠳᠡᠯ᠎ᠡ  ᠣᠷᠢᠳ ᠬᠤᠵᠢᠳ ᠳ᠋ᠦᠩᠬᠤ᠂ ᠡᠾᠦ᠋ᠩᠨᠤ᠂ ᠦᠬᠤᠸᠠᠨ᠂ ᠰᠢᠪᠡᠭᠡ᠂ ᠺᠦᠮᠣᠰᠢ᠂ ᠬᠢᠳᠡᠨ ᠵᠡᠷᠬᠡ ᠣᠮᠠᠷᠠᠳᠣ ᠶᠢᠨ  ᠨᠡᠬᠦᠳᠡᠯᠯᠡᠨ ᠮᠠᠯᠵᠢᠳᠠᠭ ᠦᠨᠳᠦᠰᠦᠳᠡᠨ ᠠᠶᠢᠮᠠᠭ ᠰᠠᠭᠤᠷᠢᠰᠢᠵᠣ ᠪᠠᠶᠢᠭᠰᠠᠨ ᠪᠠᠶᠢᠵᠠᠢ᠃ ᠴᠢᠩ ᠣᠯᠣᠰ ᠠᠴᠠ ᠶᠠᠷᠢᠪᠠᠯ᠂  ᠬᠠᠯᠬ᠎ᠠ ᠶᠢᠨ ᠰᠠᠴᠡᠨ ᠬᠠᠭᠠᠨ᠂ ᠲᠦᠰᠢᠶᠡᠳᠦ ᠬᠠᠭᠠᠨ ᠬᠢᠬᠡᠳ ᠵᠠᠰᠠᠬᠳᠣ ᠬᠠᠭᠠᠨ ᠤ ᠭᠤᠷᠪᠠᠨ ᠶᠡᠭᠡ ᠠᠶᠢᠮᠠᠭ ᠪᠦᠯᠦᠭ ᠢ  ᠨᠡᠶᠢᠯᠡᠬᠦᠯᠦᠬᠡᠳ ᠠᠷᠣ ᠮᠣᠩᠭᠤᠯ ᠭᠡᠳᠡᠭ ᠶᠣᠮ᠃ ᠡᠳᠡᠭᠡᠷ ᠠᠶᠢᠮᠠᠭ ᠤᠳ ᠨᠢ ᠬᠠᠩᠭᠠᠢ ᠠᠭᠤᠯᠠ ᠠᠴᠠ ᠣᠮᠠᠷᠠᠰᠢ  ᠡᠷᠬᠦᠨ᠎ᠠ ᠭᠤᠣᠯ᠂ ᠰᠡᠯᠡᠩᠬᠡ ᠮᠦᠷᠡᠨ ᠤ ᠪᠠᠷᠠᠭᠤᠨ ᠳᠠᠬᠢ ᠦᠷᠬᠡᠨ ᠠᠭᠤᠳᠠᠮ ᠭᠤᠪᠢ ᠨᠣᠳᠤᠭ ᠢᠶᠠᠷ ᠨᠡᠬᠦᠳᠡᠯᠯᠡᠨ  ᠮᠠᠯᠵᠢᠵᠣ ᠪᠠᠶᠢᠭᠰᠠᠨ ᠠᠴᠠ ᠪᠠᠨ ᠴᠢᠩ ᠣᠯᠣᠰ ᠤᠨ ᠲᠡᠭᠷᠢ ᠶᠢᠨ ᠰᠠᠴᠡᠨ ᠤ ᠵᠢᠷᠭᠤᠳᠣᠭᠠᠷ ᠵᠢᠯ ︵1632 ᠣᠨ︶᠎ ᠳᠤ  ᠬᠤᠶᠢᠳᠣ ᠠᠯᠳᠠᠨ ᠣᠯᠣᠰ ᠲᠠᠢ ᠨᠡᠶᠢᠯᠡᠵᠦ᠂ ᠲᠣᠰ ᠭᠠᠵᠠᠷ ᠲᠤ ᠢᠷᠡᠭᠡᠳ ᠴᠠᠬᠠᠷ ᠠᠶᠢᠮᠠᠭ ᠲᠤ ᠬᠠᠷᠢᠶᠠᠯᠠᠭᠳᠠᠭᠰᠠᠨ  ᠪᠠᠶᠢᠨ᠎ᠠ᠃ ᠲᠡᠭᠷᠢ ᠶᠢᠨ ᠰᠡᠴᠡᠨ ᠬᠠᠭᠠᠨ ᠤ ᠨᠠᠢᠮᠠᠳᠣᠭᠠᠷ ᠵᠢᠯ ︵1634 ᠣᠨ︶᠎ ᠳᠤ ᠠᠶᠢᠮᠠᠭ ᠪᠦᠯᠦᠭ ᠤᠳ ᠤᠨ  ᠮᠠᠯᠵᠢᠯ ᠤᠨ ᠭᠠᠵᠠᠷ ᠢ ᠬᠤᠪᠢᠶᠠᠨ ᠲᠤᠭᠳᠠᠭᠠᠬᠤ ᠦᠶ᠎ᠡ ᠳᠤ ᠡᠨᠡ ᠬᠦ ᠬᠡᠰᠡᠭ ᠭᠠᠵᠠᠷ ᠢ ᠣᠩᠨᠢᠭᠤᠳ ᠠᠶᠢᠮᠠᠭ ᠲᠤ  ᠬᠤᠪᠢᠶᠠᠨ ᠦᠭᠬᠦᠬᠡᠳ ᠲᠣᠰ ᠠᠶᠢᠮᠠᠭ ᠢ ᠣᠩᠨᠢᠭᠤᠳ ᠤᠨ ᠵᠡᠬᠦᠨ ᠪᠠᠷᠠᠭᠤᠨ ᠭᠠᠷ ᠤᠨ ᠬᠤᠶᠡᠷ ᠬᠤᠰᠢᠭᠤ ᠬᠤᠪᠢᠶᠠᠨ  ᠵᠣᠣ ᠣᠳᠠ ᠠᠶᠢᠮᠠᠭ ᠲᠤ ᠬᠠᠷᠢᠶᠠᠯᠠᠭᠤᠯᠤᠭᠰᠡᠨ ᠪᠠᠶᠢᠨ᠎ᠠ ᠃ ᠵᠡᠬᠦᠨ ᠭᠠᠷ ᠤᠨ ᠬᠤᠰᠢᠭᠤ ᠶᠢᠨ ᠬᠡᠪᠴᠢᠶ᠎ᠡ ᠨᠢ ᠣᠳᠣ ᠶᠢᠨ  ᠣᠩᠨᠢᠭᠤᠳ ᠬᠤᠰᠢᠭᠤ ᠶᠢᠨ ᠬᠦᠷᠢᠶ᠎ᠡ ᠬᠡᠪᠴᠢᠶ᠎ᠡ ᠎ ᠲᠠᠢ ᠶᠡᠭᠡ ᠲᠦᠯᠦᠪ ᠠᠳᠠᠯᠢ ᠪᠠᠶᠢᠨ᠎ᠠ᠃ ᠴᠢᠩ ᠣᠯᠣᠰ ᠤᠨ ᠨᠠᠶᠢᠷᠠᠯᠳᠣ  ᠲᠦᠪ ᠤᠨ ᠲᠣᠯᠣᠳᠣᠭᠠᠷ ᠵᠢᠯ ᠳᠤ ᠪᠠ ᠭᠸᠣ ᠲᠢᠩᠬᠢᠮ ᠳᠤ ᠬᠠᠷᠢᠶᠠᠯᠠᠭᠳᠠᠵᠣ᠂ ᠴᠢᠩ ᠣᠯᠣᠰ ᠤᠨ ᠲᠡᠭᠷᠢ ᠲᠡᠳᠭᠦᠭᠴᠢ  ᠎ ᠶᠢᠨ ᠭᠤᠴᠢ ᠶᠢᠰᠦᠳᠦᠬᠡᠷ ᠵᠢᠯ ᠳᠤ ᠣᠯᠠᠭᠠᠨᠬᠠᠳᠠ ᠲᠢᠩᠬᠢᠮ ᠳᠤ ᠬᠠᠮᠢᠶᠠᠷᠣᠬᠳᠠᠵᠣ᠂ ᠴᠢᠩ ᠣᠯᠣᠰ ᠤᠨ ᠪᠠᠳᠠᠷᠠᠭᠤᠯᠳᠣ  ᠲᠦᠷᠦ ᠶᠢᠨ ᠭᠤᠴᠢᠨ ᠲᠦᠷᠪᠡᠳᠦᠬᠡᠷ ᠵᠢᠯ ᠳᠤ ᠣᠯᠠᠭᠠᠨᠬᠠᠳᠠ ᠶᠢᠨ ᠰᠢᠭᠤᠳ ᠬᠠᠷᠢᠶ᠎ᠠ ᠵᠸᠣ ᠪᠠᠶᠢᠵᠠᠢ᠃ ᠲᠣᠮᠳᠠᠳᠣ  ᠢᠷᠬᠡᠨ ᠣᠯᠣᠰ ᠤᠨ ᠡᠬᠢᠨ ᠤ ᠦᠶ᠎ᠡ ᠳᠤ ᠵᠡᠬᠦᠨ ᠪᠦᠯᠦᠭ ᠤᠨ ᠮᠣᠩᠭᠤᠯ ᠦᠨᠳᠦᠰᠦᠳᠡᠨ ᠲᠦᠪᠯᠡᠷᠡᠨ ᠰᠠᠭᠤᠷᠢᠰᠢᠵᠣ  ᠪᠠᠶᠢᠭᠰᠠᠨ ᠣᠷᠣᠨ ᠎ ᠢ ᠣᠩᠨᠢᠭᠤᠳ ᠵᠡᠬᠦᠨ ᠭᠠᠷ ᠤᠨ ᠬᠤᠰᠢᠭᠤ ᠬᠡᠵᠦ᠂ ᠪᠠᠷᠠᠭᠤᠨ ᠬᠡᠰᠡᠭ ᠤᠨ ᠬᠢᠳᠡᠳ ᠦᠨᠳᠦᠰᠦᠳᠡᠨ  ᠎ ᠤ ᠲᠦᠪᠯᠡᠷᠡᠨ ᠰᠠᠭᠤᠷᠢᠰᠢᠵᠣ ᠪᠠᠶᠢᠭᠰᠠᠨ ᠣᠷᠣᠨ ᠢ ᠣᠣᠯ ᠤᠨ ᠣᠯᠠᠭᠠᠨᠬᠠᠳᠠ ᠰᠢᠶᠠᠨ ᠳᠤ ᠬᠤᠪᠢᠶᠠᠵᠣ᠂ ᠵᠢᠷᠭᠤᠳᠣᠭᠠᠷ  ᠨᠣᠳᠤᠭ ᠎ ᠲᠤ ᠬᠠᠮᠢᠶᠠᠷᠣᠭᠳᠠᠵᠣ ᠪᠠᠶᠢᠭᠰᠠᠨ ᠶᠣᠮ᠃ ᠲᠣᠮᠳᠠᠳᠣ ᠢᠷᠬᠡᠨ ᠣᠯᠣᠰ ᠤᠨ ᠬᠤᠷᠢᠳᠣᠭᠠᠷ ᠵᠢᠯ ︵1931︶  ᠎ ᠳᠤ ᠪᠣᠷᠣᠬᠤᠳᠠ ᠳᠤ ᠴᠢᠣᠸᠠᠨ ᠨᠢᠩ ᠪᠠᠶᠢᠷᠢᠯᠠᠭᠤᠯᠣᠯᠳᠠ ᠶᠢᠨ ᠲᠣᠪᠴᠢᠶ᠎ᠠ ᠶᠢ ᠪᠠᠶᠢᠭᠤᠯᠣᠭᠠᠳ ᠮᠦᠨ ᠵᠢᠯ ᠳᠤ ᠨᠢ  ᠴᠢᠦᠸᠠᠨ ᠨᠢᠩ ᠰᠢᠶᠠᠨ ᠬᠡᠵᠦ ᠦᠬᠡᠷᠡᠴᠢᠯᠡᠪᠡ᠃ ᠲᠣᠮᠳᠠᠳᠣ ᠢᠷᠬᠡᠨ ᠣᠯᠣᠰ ᠤᠨ ᠬᠤᠷᠢᠨ ᠨᠢᠬᠡᠳᠦᠬᠡᠷ ᠵᠢᠯ ︵1932  ᠣᠨ︶᠎ ᠳᠤ ᠴᠢᠣᠸᠠᠨ ᠨᠢᠩ ᠰᠢᠶᠠᠨ ᠢ ᠬᠠᠰᠣᠵᠣ ᠣᠯᠠᠭᠠᠨᠬᠠᠳᠠ ᠶᠢᠨ ᠵᠢᠷᠭᠤᠳᠣᠭᠠᠷ ᠨᠣᠳᠤᠭ ᠪᠣᠯᠭᠠᠵᠠᠢ᠃ 1933  ᠣᠨ ᠳᠤ ᠶᠠᠫᠣᠨ ᠡᠵᠡᠷᠬᠡᠭ ᠲᠦᠷᠢᠮᠡᠬᠡᠶᠢᠳᠡᠨ ᠤ ᠬᠠᠭᠤᠷᠮᠠᠭ ᠮᠠᠨᠵᠣ ᠶᠢᠨ ᠵᠠᠰᠠᠭ ᠨᠣᠶᠠᠷᠬᠠᠵᠣ ᠪᠠᠶᠢᠭᠰᠠᠨ ᠦᠶ᠎ᠡ ᠳᠤ  ᠣᠩᠨᠢᠭᠤᠳ ᠵᠡᠬᠦᠨ ᠬᠤᠰᠢᠭᠤ ᠪᠠᠶᠢᠵᠣ᠂ ᠬᠠᠭᠤᠷᠮᠠᠭ ᠬᠤᠰᠢᠭᠤᠨ ᠵᠠᠬᠢᠷᠭ᠎ᠠ ᠨᠢ ᠪᠣᠷᠣᠬᠤᠳᠠ ᠳᠤ ᠪᠠᠶᠢᠪᠠ᠃ 1945  ᠣᠨ ᠤ 8 ᠰᠠᠷ᠎ᠠ ᠳᠤ ᠴᠢᠯᠦᠬᠡᠯᠡᠭᠳᠡᠭᠡᠳ᠂ ᠣᠩᠨᠢᠭᠤᠳ ᠬᠤᠰᠢᠭᠤᠨ ᠤ ᠠᠷᠠᠳ ᠤᠨ ᠵᠠᠰᠠᠭ ᠎ ᠤᠨ ᠣᠷᠳᠣᠨ ᠢ  ᠪᠠᠶᠢᠭᠤᠯᠵᠣ᠂ ᠿᠧᠾᠧ ᠮᠣᠵᠢ ᠳᠤ ᠬᠠᠷᠢᠶᠠᠯᠠᠭᠤᠯᠵᠠᠢ᠃ 1946 ᠣᠨ ᠠᠴᠠ 1947 ᠣᠨ ᠤ ᠬᠤᠭᠤᠷᠣᠨᠳᠣ  ᠪᠣᠷᠣᠬᠤᠳᠠ ᠨᠢ ᠡᠾᠧᠪᠸᠢ᠂ ᠴᠠᠬᠠᠷ᠂ ᠿᠧᠾᠧ᠂ ᠯᠢᠶᠣᠣᠨᠢᠩ ᠤᠨ ᠴᠡᠷᠢᠭ ᠤᠨ ᠲᠣᠭᠤᠷᠢᠭ ᠤᠨ ᠬᠤᠷᠢᠨ ᠬᠤᠶᠠᠳᠣᠭᠠᠷ  ᠬᠤᠪᠢᠶᠠᠷᠢ ᠲᠣᠭᠤᠷᠢᠭ ᠤᠨ ᠰᠠᠭᠤᠭ᠎ᠠ ᠭᠠᠵᠠᠷ ᠪᠠᠶᠢᠭᠰᠠᠨ ᠶᠣᠮ᠃ 1946 ᠣᠨ ᠳᠤ ᠬᠤᠰᠢᠭᠤ ᠰᠢᠶᠠᠨ ᠬᠤᠪᠢᠶᠠᠵᠣ᠂  ᠪᠣᠷᠣᠬᠤᠳᠠ ᠠᠴᠠ ᠪᠠᠷᠠᠭᠤᠨᠰᠢ ᠬᠡᠰᠡᠭ ᠭᠠᠵᠠᠷ ᠢ ᠪᠣᠷᠣᠬᠤᠳᠠ ᠰᠢᠶᠠᠨ ᠬᠡᠵᠦ᠂ ᠵᠡᠬᠦᠨᠰᠢ ᠬᠡᠰᠡᠭ ᠭᠠᠵᠠᠷ ᠲᠤ ︵ᠣᠳᠣᠬᠢ  ᠠᠣᠬᠠᠨ ᠬᠤᠰᠢᠭᠤᠨ ᠤ ᠯᠣᠤᠬ᠎ᠠ ᠶᠢᠨ ᠭᠤᠣᠯ ᠤᠨ ᠪᠠᠷᠠᠭᠤᠨ ᠬᠠᠪᠢ ᠶᠢ ᠲᠠᠭᠠᠭᠰᠠᠨ ᠬᠡᠰᠡᠭ ᠭᠠᠵᠠᠷ ᠣᠷᠣᠨ ᠢ  ᠪᠠᠭᠳᠠᠭᠠᠭᠰᠠᠨ︶ 1947 ᠣᠨ ᠤ ᠬᠠᠪᠣᠷ ᠣᠩᠨᠢᠭᠤᠳ ᠠᠣᠬᠠᠨ ᠤ ᠬᠤᠯᠪᠣᠭᠠᠳᠣ ᠬᠤᠰᠢᠭᠤ ᠶᠢ ᠪᠠᠶᠢᠭᠤᠯᠵᠣ᠂ ᠵᠠᠰᠠᠭ  ᠎ ᠤᠨ ᠣᠷᠳᠣᠨ ᠢᠶᠠᠨ ᠢᠳᠠᠭᠤᠨ ᠭᠤᠣ ᠳᠤ ᠪᠠᠶᠢᠷᠢᠯᠠᠭᠤᠯᠵᠠᠢ᠃ ᠰᠡᠬᠦᠯᠡᠷ ᠨᠢ ᠣᠳᠠᠨ ᠲᠣᠬᠤᠢ ︵ᠣᠭ ᠨᠡᠷ᠎ᠡ ᠨᠢ  ᠬᠠᠭᠤᠴᠢᠨ ᠬᠤᠷᠢᠶ᠎ᠠ︶᠎ ᠳᠤ ᠨᠡᠬᠦᠵᠦ᠂ 1949 ᠣᠨ ᠳᠤ ᠣᠩᠨᠢᠭᠤᠳ ᠠᠣᠬᠠᠨ ᠤ ᠬᠤᠯᠪᠣᠭᠠᠳᠣ ᠬᠤᠰᠢᠭᠤ ᠶᠢ  ᠣᠩᠨᠢᠭᠤᠳ ᠬᠤᠰᠢᠭᠤ ᠪᠣᠯᠭᠠᠵᠠᠢ᠃ 1954 ᠣᠨ ᠤ 4 ᠰᠠᠷ᠎ᠠ ᠳᠤ ᠣᠩᠨᠢᠭᠤᠳ ᠤᠨ ᠮᠣᠩᠭᠤᠯ ᠦᠨᠳᠦᠰᠦᠳᠡᠨ ᠤ  ᠦᠪᠡᠷᠳᠡᠭᠡᠨ ᠵᠠᠰᠠᠬᠤ ᠬᠤᠰᠢᠭᠤ ᠶᠢ ᠪᠠᠶᠢᠭᠤᠯᠪᠠ᠃ 1956 ᠣᠨ ᠤ 1 ᠰᠠᠷ᠎ᠠ ᠳᠤ ᠿᠧᠾᠧ ᠮᠣᠵᠢ ᠶᠢ ᠬᠠᠰᠣᠵᠣ᠂  ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠳᠤ ᠬᠠᠮᠢᠶᠠᠷᠤᠭᠤᠯᠵᠦ ᠣᠩᠨᠢᠭᠤᠳ ᠬᠤᠰᠢᠭᠤᠨ ᠤ ᠠᠷᠠᠳ ᠤᠨ  ᠵᠦᠪᠯᠡᠯ ᠪᠣᠯᠭᠠᠵᠠᠢ᠃ ᠮᠦᠨ ᠵᠢᠯ ᠤᠨ ᠬᠢᠨᠢ 6 ᠳ᠋ᠣᠭᠠᠷ ᠰᠠᠷ᠎ᠠ ᠳᠤ ᠪᠣᠷᠣᠬᠤᠳᠠ ᠰᠢᠶᠠᠨ ᠢ ᠬᠠᠰᠣᠵᠣ᠂ ᠣᠩᠨᠢᠭᠤᠳ  ᠬᠤᠰᠢᠭᠤ ᠳᠤ ᠨᠡᠶᠢᠯᠡᠬᠦᠯᠦᠨ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠢᠶᠠᠨ ᠪᠣᠷᠣᠬᠤᠳᠠ ᠪᠠᠯᠭᠠᠰᠣᠨ ᠳᠤ  ᠪᠠᠶᠢᠷᠢᠯᠠᠭᠤᠯᠵᠠᠢ᠃ 1968 ᠣᠨ ᠳᠤ ᠣᠩᠨᠢᠭᠤᠳ ᠬᠤᠰᠢᠭᠤᠨ ᠤ ᠬᠤᠪᠢᠰᠬᠠᠯ ᠤᠨ ᠵᠦᠪᠯᠡᠯ ᠬᠡᠵᠦ ᠦᠬᠡᠷᠡᠴᠢᠯᠡᠪᠡ᠃  1969 ᠣᠨ ᠎ ᠳᠤ ᠣᠩᠨᠢᠭᠤᠳ ᠬᠤᠰᠢᠭᠤ ᠨᠢ ᠵᠣᠣ ᠣᠳᠠ ᠠᠶᠢᠮᠠᠭ ᠢ ᠲᠠᠭᠠᠵᠣ᠂ ᠯᠢᠶᠣᠣᠨᠢᠩ ᠮᠣᠵᠢ ᠳᠤ  ᠬᠠᠷᠢᠶᠠᠯᠠᠭᠳᠠᠵᠣ᠂ 1979 ᠣᠨ ᠳᠤ ᠲᠠᠬᠢᠨ ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠳᠤ ᠬᠠᠷᠢᠶᠠᠯᠠᠭᠳᠠᠨ  ᠂ ᠣᠩᠨᠢᠭᠤᠳ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠢ ᠪᠠᠶᠢᠭᠤᠯᠪᠠ᠃  
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号