ᠤᠡᠭᠨᠢᠭᠤᠳ ᠮᠤᠩᠭᠤᠯᠴᠤᠳ  ᠤᠨ ᠬᠦᠳᠡᠬᠡᠬᠢ ᠠᠮᠢᠳᠤᠷᠠᠯ ᠤᠨ ᠬᠤᠪᠢᠷᠠᠯ ᠬᠦᠭᠵᠢᠯ  ᠤᠨ ᠲᠤᠪᠴᠢᠯᠠᠯ
ᠨᠡᠶᠢᠲᠡᠯᠡᠭᠰᠡᠨ ᠴᠠᠭ᠄
2016/4/8
      ᠰᠢᠨ᠎ᠡ ᠳᠣᠮᠳᠠᠳᠣ ᠣᠯᠣᠰ ᠪᠠᠶᠢᠭᠤᠯᠣᠭᠳᠠᠬᠤ ᠠᠴᠠ ᠡᠮᠥᠨ᠎ᠡ ᠨᠣᠳᠤᠭ ᠪᠡᠯᠴᠢᠭᠡᠷ ᠰᠠᠬᠤᠯᠢᠭ ᠵᠣᠵᠠᠭᠠᠨ᠂ ᠠᠭᠤᠯᠨ  ᠨᠢᠷᠣᠭᠤ ᠣᠢ ᠮᠣᠳᠣ ᠪᠡᠷᠭᠡ ᠪᠠᠷᠳᠠᠭ᠎ᠠ ᠲᠠᠢ ᠠᠮᠢᠳᠠᠨ ᠣᠷᠭᠤᠮᠠᠯ ᠠᠷᠢᠶᠠᠳᠠᠨ ᠴᠢᠨᠣ ᠊᠎ᠡ ᠡᠯᠪᠡᠭ ᠪᠠᠶᠢᠪᠠ᠃ ᠨᠡᠶᠢᠭᠡᠮ ᠤᠨ  ᠪᠠᠶᠢᠭᠤᠯᠣᠯ ᠳᠤ ᠪᠠᠶᠠᠨ ᠶᠠᠳᠠᠭᠤ ᠬᠤᠶᠠᠷ ᠳᠥᠷᠥᠯ ᠳᠤ ᠬᠤᠪᠢᠶᠠᠭᠳᠠᠨ᠂ ᠪᠠᠶᠠᠨ ᠠᠶᠢᠯ ᠳᠤ ᠮᠣᠩᠭᠤᠯ ᠭᠡᠷ᠂ ᠥᠭᠡᠷ  ᠬᠠᠰᠠᠭ᠂ ᠮᠣᠷᠢ ᠣᠨᠤᠭ᠎ᠠ ᠵᠡᠷᠭᠡ ᠡᠳ᠋ᠯᠡᠯ ᠬᠡᠷᠡᠭᠰᠡᠯ ᠡᠯᠪᠡᠭ ᠳᠡᠯᠪᠡᠭ ᠪᠠᠶᠢᠵᠥ᠂ ᠪᠠᠶᠠᠳ ᠤᠨ ᠬᠡᠥᠭᠡᠳ ᠰᠣᠶᠣᠯ ᠥᠵᠡᠬᠦ  ᠬᠤᠪᠢ ᠵᠠᠶᠠᠭ᠎ᠠ ᠲᠠᠢ ᠪᠠᠶᠢᠵᠥ᠂ ᠥᠪᠴᠢ ᠪᠡᠶ᠎ᠡ ᠳᠣᠷᠭ᠎ᠠ ᠳᠣᠷᠳᠣᠩ ᠮᠣᠩᠭᠤᠯ ᠳᠡᠷᠯᠢᠭ ᠡᠮᠥᠰᠴᠣ ᠂ ᠥᠷᠬᠦᠯᠵᠢ ᠮᠢᠬ᠎ᠠ  ᠱᠥᠯᠥ ᠣᠤᠭᠤᠵᠥ ᠢᠳᠡᠨ᠂ ᠶᠠᠳᠠᠭᠤ ᠵᠠᠷᠣᠴᠠ ᠶᠢᠨ ᠬᠡᠥᠬᠡᠳ ᠶᠠᠭᠤ ᠴᠦ ᠦᠭᠡᠢ ᠬᠤᠭᠤᠰᠣᠨ ᠮᠥᠷᠳᠡᠭᠡᠨ ᠬᠢᠬᠦ ᠠᠵᠢᠯ  ᠎ ᠨᠢ ᠠᠷᠪᠢᠨ ᠢᠳᠡᠵᠥ ᠡᠮᠥᠰᠬᠦ ᠵᠥᠢᠯ ᠦᠭᠡᠢ ᠪᠠᠶᠠᠳ ᠤᠨ ᠥᠬᠡᠷ ᠮᠠᠯ ᠤᠨ ᠬᠠᠰᠢᠶᠠᠨ ᠳᠤ ᠬᠤᠨᠣᠭᠯᠠᠵᠥ᠂ ᠪᠠᠶᠠᠳ ᠢ  ᠡᠰᠡᠷᠬᠦᠴᠡᠨ ᠬᠤᠣᠷ ᠠᠮᠣᠰᠠᠬᠤ ᠪᠤᠶᠣ ᠠᠯᠠᠭᠳᠠᠬᠤ᠂ ᠳᠣᠳᠠᠭᠠᠨ ᠵᠠᠶᠢᠯᠠᠵᠥ ᠥᠯᠪᠡᠷᠡᠵᠥ ᠥᠬᠦᠬᠦ ᠪᠠ ᠬᠥᠯᠳᠡᠵᠥ ᠥᠬᠦᠬᠦ  ᠥᠵᠡᠭᠳᠡᠯ ᠨᠡᠶᠢᠳᠡᠮ ᠪᠠᠶᠢᠪᠠ᠃ ᠳᠣᠬᠠᠢ ᠶᠢᠨ ᠥᠶ᠎ᠡ ᠶᠢᠨ ᠬᠥᠳᠡᠯᠬᠡᠭᠡᠨ ᠪᠤᠶᠣ ᠥᠷᠨᠢᠯᠳᠡ ᠠᠴᠠ ᠠᠵᠢᠭᠯᠠᠬᠤ ᠳᠤ  ᠳᠡᠭᠡᠷᠡᠮ ᠬᠤᠯᠠᠭᠠᠶᠢᠴᠢ ᠶᠢᠨ ᠪᠥᠯᠥᠭ᠂ ᠬᠠᠷ᠎ᠠ ᠴᠡᠷᠢᠭ᠂ ᠴᠡᠷᠢᠭ ᠤᠨ ᠡᠷᠬᠡᠳᠡᠨ ᠤ ᠴᠡᠷᠢᠭ ︵ᠵᠠᠩ ᠰᠥᠸᠧ ᠯᠢᠨ︶᠂  ᠠᠷᠠᠳ ᠤᠨ ᠴᠢᠯᠥᠬᠡᠯᠡᠬᠦ ᠴᠡᠷᠢᠭ ︵ᠡᠪ ᠬᠠᠮᠳᠣ ᠨᠠᠮ ᠎ ᠤᠨ ᠴᠡᠷᠢᠭ︶᠂ ᠣᠷᠣᠰ ᠤᠨ ᠴᠡᠷᠢᠭ᠂ ᠶᠠᠫᠣᠨ ᠴᠡᠷᠢᠭ᠂  ᠬᠤᠰᠢᠭᠤᠨ ᠸᠠᠩ ᠤᠨ ᠴᠡᠷᠢᠭ᠂ ᠨᠣᠳᠤᠭ ᠤᠨ ᠴᠡᠷᠢᠭ ᠁ ᠴᠥᠮ ᠠᠷᠠᠳ ᠠᠴᠠ ᠴᠡᠷᠢᠭ ᠳᠠᠳᠠᠪᠤᠷᠢᠯᠠᠵᠥ ᠵᠠᠷᠢᠮ  ᠳᠡᠷᠰᠯᠠᠬᠦᠥ ᠪᠥᠯᠥᠭᠳᠡᠨ ᠨᠢ ᠰᠢᠭᠤᠳ ᠠᠶᠣᠯᠭᠠᠨ ᠰᠥᠷᠳᠡᠬᠦᠯᠵᠥ᠂ ᠪᠤᠯᠢᠶᠠᠨ ᠳᠡᠭᠡᠷᠡᠮᠳᠠᠵᠥ ᠪᠠᠶᠢᠪᠠ᠃ ᠳᠣᠬᠠᠢ ᠶᠢᠨ  ᠥᠶ᠎ᠡ ᠶᠢᠨ ᠵᠠᠮ ᠬᠠᠷᠢᠯᠴᠠᠭ᠎ᠠ ᠳᠥᠢᠯ ᠤᠨ ᠪᠡᠷᠬᠡ ᠪᠠᠷᠳᠠᠭ᠎ᠠ ᠲᠠᠢ᠂ ᠪᠤᠶᠢᠳᠠ ᠪᠥᠭᠯᠡᠬᠦᠥ ᠪᠠᠶᠢᠵᠥ ᠣᠯᠠᠩᠬᠢ ᠨᠢ ᠳᠡᠷᠭᠡ  ᠪᠤᠶᠣ ᠮᠣᠷᠢ ᠣᠨᠤᠭ᠎ᠠ ᠬᠡᠷᠡᠭᠯᠡᠨ᠂ ᠶᠠᠪᠠᠭᠠᠨ ᠢᠶᠠᠷ ᠶᠠᠪᠤᠳᠠᠭ᠃ ᠳᠣᠬᠠᠢ ᠶᠢᠨ ᠥᠶ᠎ᠡ ᠳᠤ ᠡᠮᠨᠡᠯᠭᠡ ᠶᠢᠨ ᠮᠡᠷᠭᠡᠵᠢᠯ  ᠪᠠᠷᠣᠭᠳᠠᠢ ᠪᠠᠶᠠᠨ ᠬᠥᠮᠥᠰ ᠨᠣᠳᠤᠭ ᠎ ᠤᠨ ᠡᠮᠴᠢ ᠶᠢ ᠬᠡᠷᠡᠭᠯᠡᠵᠥ ᠪᠠᠶᠢᠳᠠᠭ ᠮᠥᠷᠳᠡᠭᠡᠨ ᠬᠢᠵᠢᠭ ᠳᠠᠬᠤᠯ ᠳᠡᠯᠭᠡᠷᠡᠪᠡᠯ  ᠵᠠᠶᠢᠯᠠᠬᠤ ᠪᠤᠶᠣ ᠣᠯᠠᠩᠬᠢ ᠨᠢ ᠠᠮᠢ ᠎ ᠪᠠᠨ ᠠᠯᠳᠠᠳᠠᠭ ᠪᠢᠯᠨ᠃             ᠴᠢᠯᠥᠭᠡᠯᠡᠭᠳᠡᠭᠰᠡᠨ ᠤ ᠰᠡᠬᠦᠯᠡᠷ ᠮᠣᠩᠭᠤᠯ ᠣᠷᠣᠨ ᠤ ᠨᠣᠳᠤᠭ ᠪᠡᠯᠴᠢᠭᠡᠷ ᠢᠭ᠌ᠴᠢ ᠰᠠᠬᠤᠯᠢᠭ ᠪᠠᠶᠢᠵᠥ ᠠᠷᠢᠶᠠᠳᠠᠨ  ᠵᠢᠬᠦᠷᠳᠡᠨ ᠡᠯᠪᠡᠭ ᠳᠡᠯᠪᠡᠭ ᠪᠠᠶᠢᠵᠥ ᠪᠠᠶᠢᠯ᠎ᠠ᠃ ᠣᠷᠣᠨ ᠰᠠᠭᠤᠴᠠ ᠨᠡᠯᠢᠶᠡᠳ ᠬᠤᠪᠢᠷᠠᠯᠳᠠ ᠲᠠᠢ ᠪᠤᠯᠵᠥ ᠮᠣᠩᠭᠤᠯ ᠭᠡᠷ  ᠪᠤᠶᠣ ᠪᠤᠷᠭᠠᠰᠣᠨ ᠥᠪᠤᠩ ᠭᠡᠷ ᠲᠠᠢ ᠮᠠᠯᠴᠢᠨ ᠠᠷᠠᠳ ᠡᠷᠭᠡ ᠴᠢᠯᠥᠭᠡᠳᠡᠢ ᠠᠮᠢᠳᠣᠷᠠᠯ ᠢ ᠡᠳ᠋ᠯᠡᠨ ᠪᠠᠶᠠᠨ ᠶᠠᠳᠠᠭᠤ ᠬᠤᠶᠠᠷ  ᠭᠠᠷᠯᠠᠭᠰᠠᠨ ᠨᠡᠶᠢᠭᠡᠮ ᠤᠨ ᠪᠠᠶᠢᠳᠠᠯ ᠣᠰᠠᠳᠴᠣ᠂ ᠠᠶᠢᠯ ᠪᠥᠬᠦᠨ ᠪᠠᠶᠢᠳᠠᠯ ᠳᠤ ᠎ ᠪᠠᠨ ᠵᠣᠬᠢᠴᠠᠭᠰᠠᠨ ᠥᠭᠡᠷ ᠬᠠᠰᠠᠭ᠂  ᠮᠣᠷᠢ ᠣᠨᠤᠭ᠎ᠠ ᠲᠠᠢ ᠪᠤᠯᠵᠥ᠂ ᠶᠠᠳᠠᠭᠤ ᠪᠠᠶᠠᠨ ᠤ ᠬᠤᠶᠢᠴᠢᠰ ᠭᠡᠵᠤ ᠢᠯᠭᠠᠯ ᠦᠭᠡᠢ ᠰᠣᠷᠭᠠᠨ ᠬᠥᠮᠥᠵᠢᠯ ᠬᠥᠷᠳᠡᠬᠦ  ᠪᠤᠯᠵᠥ᠂ ᠡᠬᠡᠯ ᠠᠷᠠᠳ ᠴᠦ ᠭᠡᠰᠡᠨ ᠣᠷᠣᠢ ᠶᠢᠨ ᠰᠣᠷᠭᠠᠭᠤᠯᠢ ᠳᠤ ᠪᠢᠴᠢᠭ ᠥᠵᠡᠬᠦ ᠪᠤᠯᠵᠥ ᠬᠤᠪᠢᠷᠠᠪᠠ᠃ ᠳᠠᠪᠢᠭᠠᠳ  ᠣᠨ ᠤ ᠡᠬᠢᠨ ᠤ ᠬᠡᠳᠣᠨ ᠵᠢᠯ ᠤᠨ ᠴᠢᠷᠮᠠᠶᠢᠯᠭ᠎ᠠ ᠪᠠᠷ ᠮᠠᠯᠴᠢᠨ ᠠᠷᠠᠳ ᠎ ᠤᠨ ᠢᠳᠡᠬᠦ ᠡᠮᠥᠰᠬᠦ ᠨᠡᠯᠢᠶᠡᠳ ᠳᠡᠭᠡᠭᠰᠢᠯᠡᠯᠳᠡ  ᠎ ᠲᠠᠢ ᠪᠤᠯᠣᠭᠰᠠᠨ ᠪᠤᠯᠪᠠᠴᠣ᠂ ᠨᠢᠭᠡ ᠪᠥᠯᠥᠭ ᠬᠤᠪᠢᠰᠬᠠᠯᠳᠣ ᠳᠠᠶᠢᠨ ᠎ ᠳᠤ ᠣᠷᠣᠯᠴᠠᠭᠰᠠᠨ ᠴᠡᠷᠢᠭ ᠰᠣᠯᠣᠩᠭᠤᠰ ᠲᠤ  ᠳᠣᠰᠠᠯᠠᠬᠤ ᠪᠠᠷ ᠶᠠᠪᠤᠭᠰᠠᠨ ᠪᠠ ᠳᠠᠪᠢᠭᠠᠳ ᠣᠨ ᠤ ᠰᠡᠬᠦᠯᠴᠢ ᠪᠤᠯᠬᠤ ᠳᠤ ᠢᠳᠡᠬᠦ ᠡᠮᠥᠰᠬᠦ ᠬᠥᠷᠥᠯᠴᠡᠬᠦ ᠦᠭᠡᠢ ᠪᠤᠯᠵᠥ  ᠵᠥᠳᠡᠬᠦᠷᠢᠳᠠᠢ ᠠᠮᠢᠳᠣᠷᠠᠨ ᠬᠡᠭᠡᠷ᠎ᠡ ᠶᠢᠨ ᠵᠡᠷᠯᠢᠭ ᠵᠢᠮᠢᠰ ᠨᠣᠭᠤᠭ᠎ᠠ ᠵᠡᠷᠭᠡ ᠪᠠᠷ ᠥᠯ ᠬᠤᠭᠤᠯᠨ ᠪᠤᠯᠭᠠᠵᠥ ᠥᠯᠥᠰᠴᠣ  ᠥᠯᠪᠡᠷᠡᠬᠦ ᠥᠵᠡᠭᠳᠡᠯ ᠢᠯᠡᠷᠡᠪᠠ᠃ ᠳᠣᠬᠠᠢ ᠶᠢᠨ ᠥᠶ᠎ᠡ ᠶᠢᠨ ᠶᠡᠭᠡ ᠬᠥᠳᠡᠯᠭᠡᠭᠡᠨ ᠪᠤᠶᠣ ᠥᠷᠨᠢᠯᠳᠡ ᠶᠢ ᠠᠵᠢᠭᠯᠠᠪᠠᠯ  ᠣᠷᠣᠨ ᠨᠣᠳᠤᠭ ᠴᠢᠯᠥᠭᠡᠯᠡᠭᠳᠡᠮᠡᠭᠴᠡ ᠡᠷᠥᠬᠡ ᠎ ᠶᠢᠨ ᠴᠡᠷᠢᠭ ᠤᠨ ᠪᠤᠯᠪᠠᠰᠣᠷᠠᠯ ᠬᠢᠬᠦ ᠬᠢᠯᠢ ᠬᠢᠵᠠᠭᠠᠷ ᠢ ᠰᠡᠷᠬᠡᠶᠢᠯᠡᠬᠦ ᠳᠤ  ᠪᠡᠯᠡᠳᠭᠡᠯ ᠬᠥᠴᠥᠨ ᠪᠤᠯᠭᠠᠬᠤ᠂ ᠮᠠᠯᠵᠢᠯ ᠎ ᠤᠨ ᠬᠤᠪᠢᠰᠬᠠᠯ ᠢ ᠥᠷᠨᠢᠬᠦᠯᠵᠥ ᠶᠠᠳᠠᠭᠤ ᠪᠠᠶᠠᠨ ᠢ ᠳᠡᠭᠰᠢᠯᠡᠬᠦ᠂ ᠠᠷᠠᠳ ᠤᠨ  ᠨᠢᠭᠡᠳᠣᠯ ᠢ ᠪᠡᠶᠡᠯᠡᠬᠦᠯᠬᠦ᠂ ᠶᠡᠭᠡ ᠥᠰᠣᠷᠥᠩᠬᠦᠢ ᠳᠠᠪᠰᠢᠯᠳᠠ ᠶᠢ ᠪᠠᠶᠡᠯᠡᠬᠦᠯᠬᠦ ᠁ ᠵᠡᠷᠭᠡ ᠪᠠᠷ ᠶᠠᠪᠤᠭᠳᠠᠵᠠᠢ᠃ ᠳᠡᠷᠡᠬᠦ  ᠥᠶᠡᠰ ᠮᠣᠩᠭᠤᠯ ᠣᠷᠣᠨ ᠎ ᠤ ᠥᠨᠳᠣᠰᠣᠳᠡᠨ ᠤ ᠵᠠᠩ ᠥᠢᠯᠨ ᠥᠨᠳᠣᠰᠣᠨ ᠳᠤ ᠪᠠᠨ ᠣᠤᠯ ᠬᠡᠪ ᠢᠶᠠᠷ ᠬᠠᠳᠠᠭᠠᠯᠠᠭᠳᠠᠵᠥ  ᠪᠠᠶᠢᠵᠠᠢ᠃             1966 — 1976 ᠣᠨ ᠤ ᠰᠣᠶᠣᠯ ᠤᠨ ᠬᠤᠪᠢᠰᠬᠠᠯ ᠤᠨ ᠥᠶ᠎ᠡ ᠶᠢᠨ ᠡᠬᠢᠨ ᠤ ᠬᠤᠭᠤᠴᠠᠭ᠎ᠠ ᠪᠤᠯᠬᠤ  ᠎ ᠳᠤ ᠣᠩᠨᠢᠭᠤᠳ ᠬᠤᠰᠢᠭᠤᠨ ᠤ ᠮᠣᠩᠭᠤᠯ ᠭᠠᠵᠠᠷ ᠲᠤ ᠮᠣᠩᠭᠤᠯ ᠭᠡᠷ ᠢᠳᠡᠭ ᠠᠯᠬᠤᠮ ᠢᠶᠠᠷ ᠪᠠᠭᠠᠰᠴᠣ ᠥᠪᠤᠩ ᠭᠡᠷ᠂  ᠪᠤᠷᠭᠠᠰᠣᠨ ᠭᠡᠷ᠂ ᠵᠢᠮ ᠤᠨ ᠪᠠᠶᠢᠰᠢᠩ ᠭᠡᠷ᠂ ᠰᠢᠪᠠᠷ ᠪᠠᠶᠢᠰᠢᠩ ᠭᠡᠷ ᠢᠶᠠᠷ ᠣᠷᠣᠨ ᠰᠠᠭᠤᠴᠠ ᠪᠤᠯᠭᠠᠵᠥ ᠪᠠᠶᠢᠪᠠ᠃  ᠡᠳ᠋ᠯᠡᠯ ᠬᠡᠷᠡᠭᠰᠡᠯ ᠤᠨ ᠳᠠᠯ᠎ᠠ ᠳᠤ ᠥᠭᠡᠷ ᠳᠡᠷᠭᠡ᠂ ᠮᠣᠷᠢᠨ ᠳᠡᠷᠭᠡ᠂ ᠮᠣᠷᠢ ᠣᠨᠤᠭ᠎ᠠ᠂ ᠨᠡᠶᠢᠳᠡ ᠶᠢᠨ ᠬᠡᠩᠭᠡᠷᠭᠡ᠂  ᠪᠥᠷᠢᠶ᠎ᠡ᠂ ᠳᠣᠩ ᠲᠠᠢ ᠪᠤᠯᠵᠥ᠂ ᠬᠤᠪᠢ ᠬᠥᠮᠥᠨ᠂ ᠭᠡᠷ ᠲᠤ ᠪᠠᠨ ᠰᠠᠭᠰᠣ ᠳᠠᠯᠪᠢᠵᠥ ᠪᠠᠶᠢᠭᠰᠠᠨ ᠠᠴᠠ ᠪᠠᠨ ᠬᠤᠷᠭᠤ  ᠠᠪᠳᠠᠷ᠎ᠠ᠂ ᠶᠡᠭᠡ ᠳᠣᠯᠢ ᠲᠠᠢ᠂ ᠴᠥᠭᠡᠨ ᠳᠣᠭᠠᠨ ᠤ ᠬᠢᠨ ᠭᠠᠷ ᠴᠠᠭ᠂ ᠷᠠᠳᠢᠣ᠋ ᠎ ᠲᠠᠢ ᠪᠤᠯᠵᠥ᠂ ᠭᠠᠳᠠᠨ᠎ᠠ ᠪᠠᠨ ᠵᠢᠶᠣᠣᠫᠢ  ᠪᠤᠯᠤ ᠲᠠᠢ ᠳᠡᠷᠭᠡ ᠲᠠᠢ ᠪᠤᠯᠪᠠ᠃ ᠠᠶᠢᠯ ᠪᠥᠬᠦᠨ ᠳᠦᠯᠡᠭᠡ ᠪᠤᠷᠭᠠᠰᠤᠨ ᠬᠠᠰᠢᠶ᠎ᠡ ᠰᠠᠷᠠᠪᠴᠢ ᠠᠴᠠ ᠪᠠᠨ ᠵᠢᠮ ᠪᠤᠶᠣ  ᠰᠢᠷᠥᠢ ᠶᠢᠨ ᠬᠡᠷᠡᠮ ᠬᠠᠰᠢᠶ᠎ᠠ ᠲᠠᠢ ᠪᠤᠯᠪᠠ᠃ ᠰᠣᠶᠣᠯ ᠬᠥᠮᠥᠵᠢᠯ ᠤᠨ ᠳᠠᠯ᠎ᠠ ᠳᠤ ᠣᠷᠣᠢ ᠶᠢᠨ ᠰᠣᠷᠭᠠᠭᠤᠯᠢ ᠶᠢᠨ  ᠪᠢᠴᠢᠭ ᠵᠢᠭᠠᠳᠠᠭ ᠪᠠᠶᠢᠳᠠᠯ ᠢ ᠵᠣᠭᠰᠣᠭᠠᠵᠥ᠂ ᠠᠶᠢᠯ ᠤᠨ ᠰᠣᠷᠭᠠᠭᠤᠯᠢ ᠪᠥᠬᠦᠨ ᠬᠠᠭᠠᠰ ᠡᠳᠣᠷ ᠬᠢᠴᠢᠶᠡᠯᠯᠡᠵᠥ ᠬᠠᠭᠠᠰ  ᠡᠳᠣᠷ ᠬᠥᠳᠡᠯᠮᠥᠷᠢᠯᠡᠬᠦ ᠪᠤᠯᠭᠠᠵᠥ᠂ ᠴᠥᠬᠡᠨ ᠬᠥᠮᠥᠨ ᠠᠩᠬ᠎ᠠ ᠳᠣᠮᠳᠠᠳᠣ ᠪᠤᠶᠣ ᠥᠨᠳᠣᠷ ᠳᠣᠮᠳᠠᠳᠣ ᠳᠤ ᠰᠣᠷᠣᠯᠴᠠᠬᠤ  ᠪᠤᠯᠵᠠᠢ᠂ ᠨᠡᠩ ᠰᠡᠬᠦᠯᠳᠡᠵᠥ ᠰᠣᠷᠭᠠᠭᠤᠯᠢ ᠪᠥᠭᠦᠨ ᠡᠬᠦᠳᠡ ᠪᠠᠨ ᠬᠠᠭᠠᠵᠥ ᠪᠤᠷᠣᠭᠤᠰᠢᠶᠠᠨ ᠰᠢᠬᠦᠮᠵᠢᠯᠡᠯ ᠤᠨ ᠳᠣᠰᠬᠠᠢ  ᠳᠠᠯᠠᠪᠤᠷ ᠪᠤᠯᠵᠥ ᠬᠤᠪᠢᠷᠠᠪᠠ᠃ ᠮᠠᠯᠴᠢᠨ‌ᠠᠷᠠᠳ ᠎ ᠤᠨ ᠰᠣᠶᠣᠯ ᠬᠥᠷᠳᠡᠳᠡᠭ ᠣᠷᠣᠢ ᠶᠢᠨ ᠰᠣᠷᠭᠠᠭᠤᠯᠢ ᠶᠢ ᠣᠰᠠᠳᠬᠠᠪᠠ᠂  ᠢᠳᠡᠬᠦ ᠡᠮᠥᠰᠬᠦ ᠳᠠᠯ᠎ᠠ ᠳᠤ ᠮᠣᠩᠭᠤᠯ ᠳᠡᠷᠯᠢᠭ ᠢ ᠣᠭᠳᠣᠯᠣᠨ ᠣᠭᠳᠣᠷ ᠬᠤᠪᠴᠠᠰᠣ ᠪᠤᠯᠭᠠᠬᠤ᠂ ᠣᠷᠳᠣ ᠬᠡᠵᠢᠭᠡ ᠶᠢ  ᠳᠠᠭᠠᠷᠢᠵᠥ ᠣᠭᠳᠣᠯᠬᠤ᠂ ᠥᠨᠳᠣᠰᠣᠳᠡᠨ ᠤ ᠵᠠᠩ ᠳᠠᠳᠬᠠᠯ ᠢ ᠴᠠᠭᠠᠵᠠᠯᠠᠬᠤ ᠪᠤᠯᠪᠠ᠃ ᠡᠪᠤᠯ ᠤᠨ ᠣᠯᠠᠷᠢᠯ ᠤᠨ ᠴᠠᠭ  ᠎ ᠲᠤ ᠣᠯᠠᠩᠬᠢ ᠮᠠᠯᠴᠢᠨ ᠠᠷᠠᠳ ᠭᠠᠳᠠᠷ ᠦᠭᠡᠢ ᠬᠤᠨᠢ ᠢᠮᠠᠭᠠᠨ ᠠᠷᠠᠰᠣᠨ ᠳᠡᠪᠡᠯ ᠡᠮᠣᠰᠴᠣ ᠳᠣᠯᠠᠭᠠᠨ ᠴᠠᠭ ᠬᠥᠷᠴᠣ  ᠢᠷᠡᠬᠦ ᠲᠠᠢ ᠵᠣᠯᠭᠠᠳᠠᠭ᠃ ᠳᠣᠬᠠᠢ ᠶᠢᠨ ᠥᠶ᠎ᠡ ᠶᠢᠨ ᠶᠡᠭᠡ ᠬᠥᠳᠡᠯᠭᠡᠭᠡᠨ ᠥᠷᠨᠢᠯᠳᠡ ᠨᠢ ᠥᠨᠳᠣᠰᠣᠨ ᠱᠠᠳᠣᠨ ᠳᠤ  ᠰᠣᠶᠣᠯ ᠎ ᠤᠨ ᠶᠡᠭᠡ ᠬᠤᠪᠢᠰᠬᠠᠯ ᠤᠨ ᠣᠳᠣᠷᠢᠳᠬᠤ ᠪᠠᠭ ᠠᠯᠢᠪᠠ ᠶᠢ ᠣᠳᠣᠷᠢᠳᠴᠣ᠂ ᠥᠪᠤᠷ ᠠᠷᠠᠳ ᠤᠨ ᠨᠠᠮ ᠢ  ᠮᠠᠯᠳᠠᠨ ᠭᠠᠷᠭᠠᠬᠤ᠂ ᠪᠠᠶᠠᠯᠢᠭ ᠠᠮᠢᠳᠣᠷᠠᠯ ᠲᠠᠢ ᠠᠶᠢᠯ ᠤᠨ ᠣᠯᠠᠮᠵᠢᠯᠠᠯᠳᠣ ᠡᠳ᠋ᠯᠡᠯ ᠢ ᠪᠤᠯᠢᠶᠠᠨ ᠬᠤᠷᠢᠶᠠᠬᠤ᠂  ᠡᠰᠡᠷᠬᠦᠴᠡᠭᠰᠡᠳ ᠢ ᠪᠠᠷᠢᠪᠴᠢᠯᠠᠨ ᠳᠡᠮᠡᠴᠡᠬᠦ᠂ ᠡᠷᠳᠡᠨ ᠤ ᠸᠠᠩ ᠬᠥᠩ ᠤᠨ ᠢᠷᠡᠯ ᠭᠠᠷᠣᠯ ᠲᠠᠢ ᠠᠶᠢᠯ ᠡᠷᠦᠬᠡ ᠶᠢᠨ  ᠬᠥᠮᠥᠨ ᠪᠤᠶᠣ ᠥᠨᠳᠣᠷ ᠰᠣᠶᠣᠯ ᠲᠠᠢ ᠬᠥᠮᠥᠰ ᠠᠴᠠ ᠬᠡᠷᠡᠭ ᠨᠡᠬᠡᠮᠵᠢᠯᠡᠬᠦ ᠡᠷᠳᠡᠨ ᠤ ᠳᠡᠥᠬᠡ ᠱᠠᠰᠳᠢᠷ ᠭᠡᠷ ᠤᠨ ᠳᠡᠥᠬᠡ᠂ ᠪᠢᠴᠢᠭ ᠨᠣᠮ ᠢ ᠭᠠᠯᠳᠠᠬᠤ᠂ ᠰᠥᠮ᠎ᠡ ᠬᠡᠶᠢᠳ ᠵᠡᠷᠭᠡ ᠡᠷᠳᠡᠨ ᠤ ᠪᠠᠷᠢᠯᠭ᠎ᠠ ᠶᠢ ᠡᠪᠳᠡᠬᠦ ᠵᠡᠷᠭᠡ ᠪᠠᠷ ᠰᠣᠶᠣᠯ ᠤᠨ  ᠬᠤᠪᠢᠰᠬᠠᠯ ᠨᠢ ᠰᠦᠷ ᠳᠠᠯᠠᠶᠢᠴᠠ ᠲᠠᠢ ᠶᠠᠪᠤᠭᠳᠠᠵᠥ᠂ ᠰᠡᠬᠦᠯᠳᠡᠵᠥ ᠢᠷᠡᠭᠡᠳ ᠵᠢᠭᠠᠬᠠᠨ ᠵᠥᠭᠰᠢᠷᠡᠭᠰᠡᠨ ᠪᠤᠯᠪᠠᠴᠣ ᠡᠨᠡᠬᠦ  ᠬᠤᠭᠤᠴᠠᠭᠠᠨ ᠳᠤ ᠣᠷᠣᠨ ᠨᠣᠳᠤᠭ ᠤᠨ ᠵᠠᠷᠢᠮ ᠠᠷᠠᠳ᠂ ᠺᠠᠳᠠᠷ ᠠᠮᠢ ᠨᠠᠰᠣ ᠪᠠᠨ ᠠᠯᠳᠠᠵᠥ ᠣᠷᠣᠨ ᠨᠣᠳᠤᠭ ᠤᠨ  ᠥᠨᠳᠣᠰᠣᠳᠡᠨ ᠤ ᠵᠠᠩ ᠥᠢᠯᠨ ᠨᠢᠭᠡᠮᠥᠰᠣᠨ ᠬᠠᠶᠠᠭᠳᠠᠪᠠ᠃ ᠡᠨᠡᠬᠦ ᠬᠤᠭᠤᠴᠠᠭᠠᠨ ᠎ ᠳᠤ ᠳᠠᠶᠢᠨ ᠤ ᠪᠡᠯᠡᠳᠭᠡᠯ ᠢ ᠬᠢᠵᠥ  ᠬᠥᠳᠡᠭᠡ ᠳᠣᠰᠬᠤᠨ ᠳᠤ ᠨᠥᠭᠡᠨ ᠵᠠᠮ ᠮᠠᠯᠳᠠᠬᠤ ᠵᠡᠷᠭᠡ ᠠᠵᠢᠯᠯᠠᠭᠠᠨ ᠥᠷᠨᠢᠵᠥ ᠪᠠᠶᠢᠭᠰᠠᠨ ᠪᠠ ᠬᠥᠳᠡᠭᠡ ᠳᠣᠰᠬᠤᠨ ᠤ  ᠵᠠᠮ ᠬᠠᠷᠢᠯᠴᠠᠭ᠎ᠠ ᠳᠤ ᠠᠶᠠᠨᠴᠢᠨ ᠤ ᠮᠠᠰᠢᠨ ᠳᠡᠷᠭᠡ ᠡᠬᠡᠯᠵᠢ ᠬᠡᠷᠢᠶ᠎ᠠ ᠪᠠᠷ ᠨᠡᠪᠳᠡᠷᠡᠬᠦ ᠪᠠᠶᠢᠳᠠᠯ ᠠᠩᠬ᠎ᠠ ᠪᠤᠢ ᠪᠤᠯᠪᠠ᠃              ᠰᠣᠶᠣᠯ ᠤᠨ ᠶᠡᠭᠡ ᠬᠤᠪᠢᠰᠬᠠᠯ ᠤᠨ ᠳᠠᠷᠠᠭ᠎ᠠ ᠰᠣᠶᠣᠯ ᠤᠨ ᠶᠡᠭᠡ ᠬᠤᠪᠢᠰᠬᠠᠯ ᠤᠨ ᠳᠣᠮᠳᠠ ᠬᠢᠯᠢᠰᠳᠡᠭᠰᠡᠨ  ᠪᠥᠬᠦᠨ ᠢ ᠴᠠᠭᠠᠳᠬᠠᠬᠤ ᠵᠢᠴᠢ ᠥᠬᠡᠷᠡᠴᠢᠯᠡᠯᠳᠡ ᠬᠢᠵᠥ ᠴᠢᠯᠥᠭᠡᠳᠡᠢ ᠶᠠᠪᠤᠯᠴᠠᠬᠤ ᠡᠬᠢᠯᠡᠭᠰᠡᠨ ᠠᠴᠠ ᠣᠩᠨᠢᠭᠤᠳ  ᠬᠤᠰᠢᠭᠤᠨ ᠤ ᠬᠥᠳᠡᠭᠡᠬᠢ ᠠᠮᠢᠳᠣᠷᠠᠯ ᠳᠤ ᠥᠨᠳᠣᠰᠣᠨ ᠬᠤᠪᠢᠷᠠᠯᠳᠠ ᠭᠠᠷᠴᠣ ᠬᠠᠶᠠᠭᠳᠠᠯ ᠪᠤᠯᠤᠭᠰᠠᠨ ᠰᠣᠷᠭᠠᠭᠤᠯᠢ ᠎ ᠶᠢ  ᠳᠠᠬᠢᠨ ᠰᠡᠷᠬᠦᠭᠡᠵᠥ ᠪᠠᠶᠢᠭᠤᠯᠬᠤ ᠪᠤᠶᠣ ᠥᠷᠭᠡᠳᠭᠡᠨ ᠨᠡᠮᠡᠨ ᠪᠠᠶᠢᠭᠤᠯᠬᠤ᠂ ᠥᠨᠳᠣᠰᠣᠳᠡᠨ ᠤ ᠵᠠᠩ ᠳᠠᠳᠬᠠᠯ ᠵᠡᠷᠭᠡ ᠨᠢ  ᠢᠳᠡᠭ ᠠᠯᠬᠤᠮ ᠢᠶᠠᠷ ᠰᠡᠷᠬᠦᠵᠥ᠂ ᠰᠥᠮ᠎ᠡ ᠬᠡᠶᠢᠳ ᠢ ᠵᠠᠰᠠᠨ ᠰᠡᠯᠪᠢᠬᠦ᠂ ᠣᠪᠤᠭ᠎ᠠ ᠰᠡᠷᠬᠦᠬᠡᠭᠦ᠂ ᠬᠤᠷᠠᠯ ᠨᠠᠭᠠᠳᠣᠮ  ᠨᠠᠶᠢᠷ ᠣᠯᠠᠰᠢᠷᠠᠵᠥ ᠥᠢᠯᠡᠳᠪᠤᠷᠢᠯᠠᠯ ᠠᠮᠢᠳᠣᠷᠠᠯ ᠠᠮᠢᠯᠠᠯ ᠤᠨ ᠬᠥᠴᠥᠨ ᠲᠠᠢ ᠪᠤᠯᠪᠠ᠃ ᠵᠠᠮ ᠬᠠᠷᠢᠯᠴᠠᠭ᠎ᠠ ᠢᠳᠡᠭ  ᠠᠯᠬᠤᠮ ᠢᠶᠠᠷ ᠰᠠᠶᠢᠵᠢᠷᠠᠵᠥ ᠰᠢᠷᠥᠢ ᠶᠢᠨ ᠵᠠᠮ ᠠᠴᠠ ᠪᠠᠨ ᠡᠯᠡᠰᠣ ᠴᠢᠯᠠᠭᠤᠨ ᠵᠠᠮ ᠪᠤᠯᠵᠥ ᠳᠡᠪᠢᠰᠥᠭᠳᠡᠵᠥ ᠡᠭᠡᠯᠵᠢ ᠶᠢᠨ  ᠳᠡᠷᠭᠡ ᠨᠡᠮᠡᠭᠳᠡᠯ ᠲᠠᠢ ᠪᠤᠯᠪᠠ᠃ ᠮᠠᠯᠴᠢᠨ ᠠᠷᠠᠳ ᠤᠨ ᠣᠷᠣᠨ ᠰᠠᠭᠤᠴᠠ ᠶᠢᠨ ᠳᠠᠯ᠎ᠠ ᠎ ᠳᠤ ᠨᠡᠶᠢᠳᠡᠮ ᠳᠤ ᠪᠠᠨ ᠪᠠᠶᠢᠰᠢᠩ  ᠭᠡᠷ ᠲᠤ ᠰᠠᠭᠤᠵᠥ ᠭᠡᠷ ᠤᠨ ᠳᠡᠭᠡᠪᠤᠷ ᠢᠶᠠᠨ ᠬᠤᠯᠣᠰᠣᠯᠠᠵᠥ ᠪᠠᠶᠢᠭᠰᠠᠨ ᠠᠴᠠ ᠎ ᠪᠠᠨ ᠸᠠᠭᠠᠷᠯᠠᠬᠤ ᠪᠤᠯᠵᠥ᠂ ᠫᠡᠢ ᠪᠤᠶᠣ ᠵᠢᠮ  ᠎ ᠢᠶᠠᠷ ᠪᠠᠷᠢᠯᠭ᠎ᠠ ᠶᠢᠨ ᠮᠠᠲ᠋ᠧᠷᠢᠶᠡᠯ ᠪᠤᠯᠭᠠᠵᠥ ᠪᠠᠶᠢᠭᠰᠠᠨ ᠠᠴᠠ ᠪᠠᠨ ᠴᠢᠯᠠᠭᠤ ᠳᠣᠭᠤᠰᠬ᠎ᠠ ᠪᠠᠷ ᠮᠠᠲ᠋ᠧᠷᠢᠶᠠᠯ ᠪᠤᠯᠭᠠᠬᠤ  ᠪᠤᠯᠵᠥ᠂ ᠴᠠᠭᠠᠰᠣ ᠪᠠᠷ ᠨᠠᠭᠠᠳᠠᠭ ᠴᠣᠩᠬᠤ ᠪᠠᠶᠢᠭᠰᠠᠨ ᠠᠴᠠ ᠪᠠᠨ ᠨᠢᠳᠡᠭ ᠠᠯᠬᠤᠮ ᠢᠶᠠᠷ ᠨᠢᠭᠡ ᠰᠢᠯ ᠲᠠᠢ᠂ ᠭᠤᠷᠪᠠᠨ  ᠰᠢᠯ ᠲᠠᠢ᠂ ᠪᠥᠬᠦᠨ ᠢᠶᠠᠷ ᠢᠶᠠᠨ ᠰᠢᠯ ᠲᠠᠢ ᠴᠣᠩᠬᠤ ᠪᠤᠯᠤᠭᠰᠠᠨ ᠁ ᠬᠡᠷᠡᠭᠰᠡᠬᠦ ᠮᠠᠲ᠋ᠧᠷᠢᠶᠠᠯ ᠤᠨ ᠬᠤᠪᠢ ᠳᠤ  ᠮᠣᠳᠣᠨ ᠴᠣᠩᠬᠤ ᠠᠴᠠ ᠪᠠᠨ ᠨᠠᠷᠠᠰᠣᠨ ᠮᠣᠳᠣᠨ ᠴᠣᠩᠬᠤ ᠪᠤᠯᠵᠥ᠂ ᠳᠠᠬᠢᠨ ᠳᠡᠮᠣᠷ ᠴᠣᠩᠬᠤ ᠁ ᠪᠤᠯᠪᠠ᠃  ᠨᠣᠳᠤᠭ ᠪᠡᠯᠴᠢᠭᠡᠷ ᠬᠡᠰᠡᠭ ᠬᠡᠮᠵᠢᠶ᠎ᠡ ᠪᠠᠷ ᠬᠠᠭᠠᠯᠪᠤᠷᠢᠯᠠᠭᠳᠠᠵᠥ ᠳᠠᠷᠢᠶᠠᠯᠠᠭᠰᠠᠨ ᠪᠠ ᠡᠳ᠋ᠯᠡᠯ ᠬᠡᠷᠡᠭᠰᠡᠯ ᠤᠨ ᠳᠠᠯ᠎ᠠ ᠳᠤ  ᠪᠤᠰᠤᠭ᠎ᠠ ᠪᠤᠶᠣ ᠬᠡᠪᠳᠡᠭᠡ ᠠᠪᠳᠠᠷ᠎ᠠ ᠨᠡᠶᠢᠳᠡᠮ ᠣᠯᠠᠰᠢᠷᠠᠵᠥ ᠷᠠᠳᠢᠣ᠋ ᠠᠴᠠ ᠪᠠᠨ᠂ ᠪᠤᠳᠤᠭ ᠦᠭᠡᠢ ᠵᠢᠷᠣᠭᠳᠣ ᠷᠠᠳᠢᠣ᠋᠂  ᠳᠣᠭᠤᠢ ᠳᠡᠷᠭᠡ ᠴᠦ ᠢᠳᠡᠭ ᠠᠯᠬᠤᠮ ᠢᠶᠠᠷ ᠨᠡᠮᠡᠭᠳᠡᠨ᠂ ᠵᠢᠶᠣᠣᠫᠢ ᠪᠤᠯᠤ ᠲᠠᠢ ᠮᠣᠷᠢᠨ ᠳᠡᠷᠭᠡ᠂ ᠡᠯᠵᠢᠭᠡᠨ ᠳᠡᠷᠭᠡ  ᠴᠢᠬᠤᠯᠨ ᠬᠡᠷᠡᠭᠯᠡᠭᠡᠨ ᠤ ᠵᠥᠢᠯ ᠪᠤᠯᠵᠥ ᠪᠠᠶᠢᠭᠰᠠᠨ ᠠᠴᠠ ᠪᠠᠨ ᠳᠡᠷᠢᠶᠠᠯᠠᠩ ᠤᠨ ᠮᠠᠰᠢᠨ ᠴᠦ ᠨᠡᠮᠡᠭᠳᠡᠬᠦ ᠬᠠᠨᠳᠣᠰᠢ ᠲᠠᠢ  ᠪᠤᠯᠪᠠ᠃ ᠠᠶᠢᠯ ᠤᠨ ᠬᠥᠷᠢᠶ᠎ᠡ ᠬᠠᠰᠢᠶ᠎ᠠ ᠴᠦ ᠳᠥᠯᠡᠭᠡ ᠪᠤᠷᠭᠠᠰᠣᠨ ᠠᠴᠠ ᠪᠠᠨ ᠴᠢᠯᠠᠭᠤ ᠳᠣᠭᠤᠰᠬᠠᠨ ᠪᠥᠳᠣᠴᠠ ᠲᠠᠢ  ᠪᠤᠯᠵᠥ ᠰᠠᠶᠢᠵᠢᠷᠠᠪᠠ᠃ ᠰᠣᠷᠭᠠᠨ ᠬᠥᠮᠥᠵᠢᠯ ᠤᠨ ᠳᠠᠯ᠎ᠠ ᠳᠤ ᠥᠨᠳᠣᠰᠣᠨ ᠱᠠᠳᠣᠨ ᠳᠤ ᠠᠷᠠᠳ ᠠᠴᠠ ᠡᠷᠬᠢᠯᠡᠭᠰᠡᠨ  ᠰᠣᠷᠭᠠᠭᠤᠯᠢ ᠶᠢ ᠶᠡᠬᠡᠪᠡᠷ ᠪᠠᠶᠢᠭᠤᠯᠵᠥ᠂ ᠮᠠᠯᠴᠢᠨ ᠠᠷᠠᠳ ᠤᠨ ᠬᠡᠥᠭᠡᠳ ᠪᠢᠴᠢᠭ ᠥᠵᠡᠬᠦ ᠶᠢ ᠠᠩᠬᠠᠷᠣᠨ ᠡᠬᠢᠯᠡᠵᠥ᠂  ᠣᠯᠠᠩᠬᠢ ᠨᠢ ᠥᠨᠳᠣᠷ ᠳᠣᠮᠳᠠᠳᠣ ᠳᠤ ᠰᠣᠷᠣᠯᠴᠠᠨ᠂ ᠶᠡᠭᠡ ᠵᠢᠩᠬᠢᠨᠢ᠂ ᠶᠡᠭᠡ ᠳᠣᠰᠬᠠᠢ ᠪᠤᠯᠤᠨ ᠳᠣᠮᠳᠠᠳᠣ ᠳᠣᠰᠬᠠᠢ ᠳᠤ  ᠡᠯᠰᠡᠭᠳᠡᠨ ᠰᠣᠷᠣᠯᠴᠠᠬᠤ ᠪᠤᠯᠪᠠ᠃ ᠮᠠᠯᠴᠢᠨ ᠠᠷᠠᠳ ᠤᠨ ᠡᠮᠥᠰᠴᠣ ᠵᠡᠬᠦᠬᠦ ᠰᠠᠶᠢᠵᠢᠷᠠᠨ ᠴᠥᠬᠡᠨ ᠳᠣᠭᠠᠨ ᠤ ᠨᠢᠽᠢ ᠤᠨ  ᠬᠤᠪᠴᠠᠰᠣ᠂ ᠴᠡᠷᠢᠭ ᠤᠨ ᠬᠤᠪᠴᠠᠰᠣ ᠬᠡᠷᠡᠭᠯᠠᠵᠥ᠂ ᠬᠡᠯᠪᠡᠷᠢ ᠶᠢᠨ ᠬᠤᠪᠢ ᠳᠤ ᠯᠠᠪᠠ ᠪᠥᠷᠢᠶᠡᠨ ᠥᠮᠥᠳᠣ᠂ ᠁  ᠵᠡᠷᠭᠡ ᠪᠤᠢ ᠪᠤᠯᠪᠠ᠃ ᠡᠮ ᠡᠮᠨᠡᠯᠭᠡ ᠡᠷᠡᠬᠦᠯ ᠬᠠᠮᠠᠭᠠᠯᠠᠯ ᠤᠨ ᠳᠠᠯ᠎ᠠ ᠳᠤ ᠨᠣᠳᠤᠭ ᠎ ᠤᠨ ᠡᠮᠴᠢ ᠭᠤᠤᠯ ᠪᠤᠯᠵᠥ ᠪᠠᠶᠢᠰᠠᠨ  ᠎ ᠠᠴᠠ ᠪᠠᠨ ᠨᠣᠳᠤᠭ ᠣᠷᠣᠨ ᠤ ᠡᠷᠡᠬᠦᠯ ᠬᠠᠮᠠᠭᠠᠯᠠᠯ ᠤᠨ ᠬᠤᠷᠢᠶ᠎ᠠ ᠭᠤᠤᠯ ᠪᠠᠶᠢᠷᠢ ᠶᠢ ᠡᠵᠡᠯᠡᠬᠦ ᠪᠤᠯᠪᠠ᠃ ᠨᠠᠶᠠᠭᠠᠳ ᠣᠨ  ᠪᠤᠯᠬᠤ ᠳᠤ ᠬᠥᠳᠡᠭᠡ ᠳᠣᠰᠬᠤᠨ ᠳᠤ ᠶᠡᠭᠡ ᠰᠣᠷᠭᠠᠭᠤᠯᠢ ᠶᠢᠨ ᠳᠣᠰᠬᠠᠢ ᠠᠩᠬᠢ ᠪᠤᠶᠣ ᠳᠣᠰᠬᠠᠢ ᠮᠡᠷᠭᠡᠵᠢᠯ ᠰᠣᠷᠣᠭᠰᠠᠨ  ᠪᠠᠭᠰᠢ ᠶᠢᠨ ᠰᠣᠷᠭᠠᠭᠤᠯᠢ ᠳᠡᠬᠦᠰᠥᠭᠰᠡᠨ ᠬᠥᠮᠥᠰ ᠬᠥᠷᠥᠯᠴᠡᠨ ᠢᠷᠡᠵᠥ ᠰᠠᠷ᠎ᠠ ᠪᠥᠷᠢ ᠳᠥᠴᠢᠭᠡᠳ ᠳᠥᠬᠦᠷᠢᠭ ᠤᠨ  ᠴᠠᠯᠢᠩ ᠢᠶᠠᠷ ᠠᠵᠢᠯᠯᠠᠬᠤ ᠪᠤᠯᠪᠠ᠃             ᠬᠥᠳᠡᠭᠡ ᠳᠣᠰᠬᠤᠨ ᠳᠤ ᠳᠠᠭᠠᠭᠠᠴᠢᠯᠠᠯ ᠤᠨ ᠳᠥᠷᠢᠮ ᠢ ᠬᠡᠷᠡᠭᠵᠢᠬᠦᠯᠥᠭᠰᠡᠨ ᠤ ᠰᠡᠬᠦᠯᠡᠷ ᠨᠡᠩ ᠬᠤᠪᠢᠷᠠᠯᠳᠠ ᠎ ᠲᠠᠢ  ᠪᠤᠯᠵᠥ᠂ ᠨᠡᠶᠢᠳᠡ ᠶᠢ ᠥᠨᠳᠣᠰᠣᠨ ᠳᠤ ᠪᠠᠨ ᠦᠭᠡᠢ ᠪᠤᠯᠭᠠᠵᠥ ᠮᠠᠯ ᠳᠠᠷᠢᠶ᠎ᠠ ᠶᠢ ᠡᠷᠥᠭᠡ ᠳᠤ ᠬᠤᠪᠢᠶᠠᠭᠰᠠᠨ ᠎ ᠠᠴᠠ  ᠠᠷᠠᠳ ᠤᠨ ᠠᠮᠢᠳᠣᠷᠠᠯ ᠢᠳᠡᠭ ᠠᠯᠬᠤᠮ ᠢᠶᠠᠷ ᠰᠠᠶᠢᠵᠢᠷᠠᠵᠥ ᠡᠬᠢᠯᠡᠪᠡ᠃ ᠣᠷᠣᠨ ᠰᠠᠭᠤᠴᠠ ᠶᠢᠨ ᠳᠠᠯ᠎ᠠ ᠳᠤ ᠸᠠᠭᠠᠷ  ᠳᠣᠭᠤᠰᠬᠠᠨ ᠭᠡᠷ ᠥᠷᠬᠦᠯᠵᠢᠯᠡᠨ ᠨᠡᠮᠡᠭᠳᠡᠵᠥ᠂ ᠨᠡᠩ ᠢᠯᠡᠩᠭᠤᠶ᠎ᠠ ᠶᠢᠷᠠᠭᠡᠳ ᠣᠨ ᠪᠤᠯᠬᠤ ᠳᠤ ᠠᠯᠣᠰ ᠡᠵᠡᠮᠰᠢᠯᠳᠣ  ᠳ᠋ᠢᠶᠠᠩᠬᠤᠸᠠ ᠨᠡᠪᠳᠡᠷᠡᠵᠥ᠂ ᠭᠠᠷ ᠣᠳᠠᠰᠣ᠂ ᠪᠤᠳᠤᠭ ᠲᠠᠢ ᠵᠢᠷᠣᠭᠳᠣ ᠷᠠᠳᠢᠣ᠋ ᠣᠯᠠᠨ ᠪᠤᠯᠵᠥ᠂BP ᠳᠠᠭᠤᠳᠠᠭᠤᠷ ᠮᠠᠰᠢᠨ  ᠂ ᠮᠣᠲ᠋ᠣᠷ ᠳᠡᠷᠭᠡ᠂ ᠪᠠᠭ᠎ᠠ ᠮᠠᠰᠢᠨ᠂ ᠳᠠᠷᠢᠶᠠᠯᠠᠩ ᠤᠨ ᠮᠠᠰᠢᠨ ᠵᠡᠷᠭᠡ ᠡᠳ᠋ᠯᠡᠯ ᠬᠡᠷᠡᠭᠰᠡᠯ ᠢᠳᠡᠭ ᠢᠳᠡᠭ ᠢᠶᠠᠷ ᠡᠯᠪᠡᠭᠰᠢᠪᠠ᠃ ᠨᠡᠯᠢᠶᠡᠳ ᠮᠠᠯᠴᠢᠨ ᠠᠶᠢᠯ ᠸᠠᠭᠠᠷ ᠳᠣᠭᠤᠰᠬᠠᠨ ᠬᠡᠷᠡᠮ ᠬᠠᠰᠢᠶ᠎ᠡ᠂ ᠭᠤᠶᠣ ᠬᠡᠬᠡᠨᠴᠡᠷ ᠡᠬᠦᠳᠡ ᠬᠠᠭᠠᠯᠭ᠎ᠠ ᠲᠠᠢ ᠪᠤᠯᠪᠠ᠃  ᠰᠣᠶᠣᠯ ᠰᠣᠷᠭᠠᠨ ᠬᠥᠮᠥᠵᠢᠯ ᠤᠨ ᠳᠠᠯ᠎ᠠ ᠳᠤ ᠳᠠᠨᠢᠯᠳᠠ ᠬᠤᠪᠢᠷᠠᠯᠳᠠ ᠎ ᠲᠠᠢ ᠪᠤᠯᠵᠥ ᠭᠠᠴᠠᠭᠠᠨ ᠰᠣᠷᠭᠠᠭᠤᠯᠢ ᠶᠢ  ᠨᠡᠶᠢᠯᠡᠬᠦᠯᠵᠥ ᠨᠥᠬᠦᠴᠡᠯ ᠢ ᠰᠠᠶᠢᠵᠢᠷᠠᠭᠤᠯᠬᠤ ᠪᠠᠷ ᠭᠤᠤᠯᠳᠠᠯᠭ᠎ᠠ ᠪᠤᠯᠭᠠᠭᠰᠠᠨ ᠪᠠ ᠶᠡᠭᠡ ᠵᠢᠩᠬᠢᠨᠢ ᠪᠤᠶᠣ ᠶᠡᠭᠡ ᠳᠣᠰᠬᠠᠢ  ᠎ ᠶᠢ ᠬᠥᠭᠡᠭᠡᠴᠡᠯᠳᠣᠵᠥ ᠪᠠᠶᠢᠭᠰᠠᠨ ᠠᠴᠠ ᠪᠠᠨ ᠶᠡᠭᠡ ᠵᠢᠩᠬᠢᠨᠢ ᠎ ᠶᠢ ᠭᠤᠤᠯᠴᠢᠯᠠᠬᠤ ᠪᠤᠯᠤᠭᠰᠠᠨ ᠪᠠᠶᠢᠨ᠎ᠠ᠃ ᠢᠳᠡᠬᠦ ᠡᠮᠣᠰᠬᠦ  ᠳᠠᠯ᠎ᠠ ᠪᠠᠷ ᠴᠦ ᠭᠡᠰᠡᠨ ᠪᠥᠰ ᠤᠨ ᠪᠢᠯᠧᠲ᠂ ᠪᠤᠳᠠᠭᠠᠨ ᠪᠢᠯᠧᠲ ᠣᠰᠠᠳᠴᠣ᠂ ᠬᠡᠮᠵᠢᠶ᠎ᠡ ᠲᠠᠢ ᠪᠤᠳᠠᠭ᠎ᠠ ᠬᠤᠪᠢᠶᠠᠷᠢᠯᠠᠬᠤ  ᠵᠡᠷᠭᠡ ᠪᠠᠶᠢᠳᠠᠯ ᠳᠤ ᠬᠤᠪᠢᠷᠠᠯᠳᠠ ᠭᠠᠷᠴᠣ ᠡᠮᠥᠰᠴᠣ ᠵᠡᠬᠦᠬᠦ ᠣᠯᠠᠮ ᠰᠠᠶᠢᠵᠢᠷᠠᠪᠠ᠃ ᠨᠣᠳᠤᠭ ᠪᠡᠯᠴᠢᠭᠡᠷ ᠤᠨ ᠳᠠᠯ᠎ᠠ ᠳᠤ  ᠠᠪᠴᠣ ᠥᠵᠡᠪᠡᠯ᠂ ᠳᠠᠷᠢᠶᠠᠯᠠᠩ ᠠᠷᠪᠢᠳᠴᠣ ᠪᠠᠶᠢᠬᠤ ᠶᠢ ᠳᠠᠭᠠᠯᠳᠣᠨ ᠨᠣᠳᠤᠭ ᠪᠡᠯᠴᠢᠭᠡᠷ ᠳᠠᠴᠢᠷᠰᠢᠬᠤ᠂ ᠭᠠᠩ  ᠬᠠᠭᠤᠷᠠᠢ ᠠᠭᠤᠷ ᠠᠮᠢᠰᠬᠤᠯ ᠳᠡᠶᠢᠯᠥᠩᠬᠡᠢ ᠪᠤᠯᠵᠥ ᠮᠠᠯ ᠤᠨ ᠳᠤᠭ᠎ᠠ ᠳᠣᠯᠣᠭᠠᠢ ᠪᠠᠭᠠᠰᠴᠣ᠂ ᠳᠠᠪᠤᠨ ᠬᠤᠰᠢᠭᠤ ᠮᠠᠯ  ᠪᠥᠷᠢᠨ ᠪᠤᠰᠣ ᠪᠤᠯᠵᠥ ᠡᠬᠢᠯᠡᠪᠡ᠃ ᠶᠡᠭᠡ ᠥᠷᠨᠢᠯᠳᠡ ᠬᠥᠳᠡᠯᠭᠡᠭᠡᠨ ᠪᠤᠯᠣᠭᠰᠠᠨ ᠳᠠᠯ᠎ᠠ ᠪᠠᠷ ᠥᠵᠡᠭᠰᠡᠨ ᠴᠦ ᠠᠵᠢᠯᠰᠠᠭ  ᠮᠠᠯᠴᠢᠳ ᠪᠠᠶᠠᠵᠢᠵᠥ ᠡᠬᠢᠯᠡᠭᠰᠡᠨ ᠪᠠ ᠡᠯ᠎ᠡ ᠵᠥᠢᠯ ᠤᠨ ᠭᠠᠶᠢᠯᠢ ᠳᠠᠳᠠᠪᠤᠷᠢ ᠣᠯᠠᠰᠢᠷᠠᠵᠥ᠂ ᠭᠠᠴᠠᠭ᠎ᠠ ᠰᠣᠮᠣ ᠨᠡᠶᠢᠯᠡᠬᠦᠯᠬᠦ  ᠪᠤᠶᠣ ᠰᠠᠯᠭᠠᠬᠤ᠂ ᠣᠯᠣᠰ ᠠᠷᠠᠳ ᠤᠨ ᠶᠠᠳᠠᠭᠤ ᠬᠤᠴᠣᠷᠣᠩᠭᠤᠢ ᠶᠢ ᠥᠭᠡᠷᠡᠴᠢᠯᠡᠬᠦ ᠪᠠᠷ ᠳᠥᠯᠥᠪᠯᠡᠯᠭᠡᠳᠡᠢ ᠪᠠᠷ ᠬᠡᠥᠬᠡᠳ  ᠠᠪᠬᠤ ᠠᠵᠢᠯ ᠢᠳᠡ ᠬᠥᠴᠥᠨ ᠲᠠᠢ ᠶᠠᠪᠤᠭᠳᠠᠬᠤ ᠪᠤᠯᠪᠠ᠃ ᠮᠠᠯᠴᠢᠨ ᠠᠷᠠᠳ ᠤᠨ ᠵᠠᠩ ᠥᠢᠯᠨ ᠪᠥᠬᠦ ᠳᠠᠯ᠎ᠠ ᠪᠠᠷ  ᠠᠮᠢᠯᠠᠯ ᠢᠶᠠᠨ ᠣᠯᠣᠭᠰᠠᠨ ᠪᠠ ᠵᠠᠮ ᠬᠠᠷᠢᠯᠴᠠᠭᠠᠨ ᠤ ᠳᠠᠯ᠎ᠠ ᠳᠤ ᠳᠣᠰᠣᠨ ᠵᠠᠮ ᠪᠤᠯᠵᠥ ᠢᠳᠡᠭ ᠠᠯᠬᠤᠮ ᠎ ᠢᠶᠠᠷ ᠬᠤᠪᠢ  ᠪᠤᠯᠤᠨ ᠨᠡᠶᠢᠳᠡ ᠶᠢᠨ ᠮᠠᠰᠢᠨ ᠳᠡᠷᠭᠡ ᠣᠯᠠᠰᠢᠷᠠᠪᠠ᠃ ᠮᠥᠨ ᠴᠦ ᠣᠩᠨᠢᠭᠤᠳ ᠮᠣᠩᠭᠤᠯᠴᠣᠳ ᠤᠨ ᠬᠤᠰᠢᠭᠤᠨ ᠳᠥᠪ  ᠎ ᠲᠤ ᠪᠠᠨ ᠬᠥᠷᠬᠦ ᠳᠤ ᠬᠡᠳᠣ ᠬᠤᠨᠣᠵᠥ ᠬᠡᠳᠣᠨ ᠬᠤᠰᠢᠭᠤ ᠠᠶᠢᠮᠠᠭ ᠢᠶᠠᠷ ᠳᠠᠮᠵᠢᠨ ᠬᠦᠷᠳᠡᠭ ᠳᠡᠥᠬᠡᠨ ᠪᠠᠶᠢᠳᠠᠯ ᠢᠶᠠᠨ  ᠥᠬᠡᠷᠡᠴᠢᠯᠡᠵᠥ ᠰᠢᠨ᠎ᠡ ᠪᠠᠶᠢᠳᠠᠯ ᠢ ᠪᠤᠢ ᠪᠤᠯᠭᠠᠵᠠᠢ᠃            2000 ᠣᠨ ᠪᠤᠯᠣᠭᠠᠳ ᠢᠷᠡᠬᠦ ᠳᠤ ᠣᠩᠨᠢᠭᠤᠳ ᠮᠣᠩᠭᠤᠯᠴᠣᠳ ᠤᠨ ᠬᠥᠳᠡᠭᠡ ᠶᠢᠨ ᠠᠮᠢᠳᠣᠷᠠᠯ ᠳᠤ ᠠᠯᠢᠪᠠ  ᠎ ᠶᠢ ᠰᠢᠨᠡᠳᠭᠡᠬᠦ᠂ ᠬᠤᠳᠠ ᠣᠷᠣᠵᠥ ᠠᠰᠠᠷ ᠰᠠᠭᠤᠴᠠ ᠠᠪᠬᠤ᠂ ᠨᠡᠷᠡᠳᠣ ᠰᠡᠥᠭᠡ ᠳᠡᠷᠭᠡ᠂ ᠳᠡᠷᠢᠶᠠᠯᠠᠩ ᠤᠨ ᠣᠯᠠᠨ  ᠳᠥᠷᠥᠯ ᠤᠨ ᠮᠠᠰᠢᠨ᠂ ᠺᠣᠮᠫᠸᠥ᠋ᠲᠷ ᠮᠠᠰᠢᠨ᠂ ᠨᠡᠷᠡᠳᠣ ᠪᠥᠳᠣᠭᠡᠭᠳᠡᠬᠦᠨ᠂ ᠨᠡᠷᠡᠳᠣ ᠬᠤᠪᠴᠠᠰᠣ ᠬᠤᠨᠠᠷ᠂ ᠥᠨᠳᠣᠷ  ᠰᠢᠮ᠎ᠡ ᠳᠡᠵᠢᠭᠡᠯᠳᠣ ᠢᠳᠡᠭᠡᠨ ᠣᠮᠳᠠᠭᠠᠨ ᠢ ᠡᠷᠬᠢᠮᠯᠡᠬᠦ ᠪᠤᠯᠪᠠ᠃ ᠰᠣᠶᠣᠯ ᠰᠣᠷᠭᠠᠨ ᠬᠥᠮᠥᠵᠢᠯ ᠤᠨ ᠳᠠᠯ᠎ᠠ ᠎ ᠳᠤ  ᠰᠣᠳᠣᠯᠬᠤ ᠰᠣᠷᠣᠭᠴᠢ ᠪᠤᠶᠣ ᠶᠡᠭᠡ ᠵᠢᠩᠬᠢᠨᠢ᠂ ᠨᠡᠩ ᠴᠢᠨᠠᠭᠰᠢᠯᠠᠪᠠᠯ ᠨᠡᠷᠡᠳᠣ ᠰᠣᠷᠭᠠᠭᠤᠯᠢ ᠳᠤ ᠰᠣᠷᠣᠯᠴᠠᠬᠤ᠂  ᠡᠰᠡᠬᠦᠯ᠎ᠡ ᠬᠥᠭᠵᠢᠭᠰᠡᠨ ᠣᠯᠣᠰ ᠬᠥᠷᠣᠨ ᠳᠤ ᠬᠥᠷᠴᠣ ᠰᠣᠷᠣᠯᠴᠠᠬᠤ ᠬᠠᠨᠳᠣᠰᠢ ᠲᠠᠢ ᠪᠤᠯᠪᠠ᠃ ᠬᠤᠪᠢᠰᠬᠠᠯ ᠤᠨ  ᠬᠥᠳᠡᠯᠭᠡᠭᠡᠨ ᠥᠷᠨᠢᠯᠳᠡ ᠠᠴᠠ ᠥᠵᠡᠭᠰᠡᠨ ᠴᠦ ᠮᠠᠯᠴᠢᠨ ᠠᠷᠠᠳ ᠤᠨ ᠭᠠᠶᠢᠯᠢ ᠳᠠᠳᠠᠪᠤᠷᠢ ᠶᠢ ᠦᠭᠡᠢ ᠪᠤᠯᠭᠠᠵᠥ᠂  ᠨᠣᠳᠤᠭ ᠪᠡᠯᠴᠢᠭᠡᠷ ᠢ ᠬᠠᠶᠢᠷᠠᠯᠠᠬᠤ ᠡᠬᠦᠳᠡᠨ ᠠᠴᠠ ᠮᠠᠯ ᠢ ᠬᠠᠰᠢᠶᠠᠯᠠᠵᠥ ᠮᠠᠯᠵᠢᠬᠤ᠂ ᠨᠣᠳᠤᠭ ᠤᠨ ᠮᠠᠯ ᠤᠨ ᠡᠬᠦᠯᠳᠡᠷ ᠢ  ᠪᠤᠰᠣᠳ ᠣᠷᠣᠨ ᠤ ᠮᠠᠯ ᠤᠨ ᠡᠬᠦᠯᠳᠡᠷ ᠢᠶᠠᠷ ᠰᠣᠯᠢᠵᠥ ᠥᠭᠡᠷᠡᠴᠢᠯᠡᠬᠦ᠂ ᠡᠯ᠎ᠡ ᠵᠥᠢᠯ ᠤᠨ ᠨᠥᠬᠦᠪᠤᠷᠢ ᠮᠥᠩᠬᠦ ᠣᠯᠭᠤᠬᠤ  ᠂ ᠰᠣᠮᠣ ᠨᠡᠶᠢᠯᠡᠬᠦᠯᠬᠦ ᠪᠠ ᠰᠣᠷᠭᠠᠭᠤᠯᠢ ᠨᠡᠶᠢᠯᠡᠬᠦᠯᠬᠦ ᠶᠢ ᠡᠷᠬᠢᠮᠯᠡᠬᠦ᠂ ᠣᠷᠣᠨ ᠨᠣᠳᠤᠭ ᠢ ᠨᠡᠭᠡᠭᠡᠨ ᠠᠰᠢᠭᠯᠠᠬᠤ  ᠳᠠᠷᠢᠶᠠᠯᠠᠬᠤ ᠮᠠᠯᠵᠢᠬᠤ ᠣᠶᠢᠵᠢᠭᠤᠯᠬᠤ᠂ ᠰᠣᠷᠣᠭᠴᠢᠳ ᠲᠤ ᠨᠥᠬᠦᠪᠤᠷᠢ ᠣᠯᠭᠤᠬᠤ ᠁ ᠵᠡᠷᠬᠡ ᠪᠠᠷ ᠶᠠᠪᠤᠭᠳᠠᠵᠥ  ᠪᠠᠶᠢᠪᠠ᠃ ᠣᠩᠨᠢᠭᠤᠳ ᠮᠣᠩᠭᠤᠯᠴᠣᠳ ᠤᠨ ᠵᠠᠩ ᠥᠢᠯᠨ ᠣᠯᠠᠮ ᠰᠠᠶᠢᠨ ᠰᠡᠷᠬᠦᠵᠥ᠂ ᠮᠣᠩᠭᠤᠯ ᠬᠡᠥᠭᠡᠳ ᠮᠣᠩᠭᠤᠯ  ᠬᠤᠪᠴᠠᠰᠣ ᠪᠠᠨ ᠡᠮᠣᠰᠬᠦ᠂ ᠮᠣᠩᠭᠤᠯ ᠵᠠᠯᠠᠭᠤᠴᠣᠳ ᠬᠤᠷᠢᠮ ᠨᠠᠶᠢᠷ ᠲᠤ ᠮᠣᠩᠭᠤᠯ ᠬᠤᠪᠴᠠᠰᠣ ᠵᠠᠰᠠᠯ ᠢᠶᠠᠨ ᠡᠮᠣᠰᠬᠦ᠂  ᠨᠠᠰᠣᠳᠡᠳ ᠠᠬᠠᠮᠠᠳ ᠴᠢᠬᠤᠯᠨ ᠪᠦᠬᠦᠢ ᠪᠠᠶᠠᠷ ᠨᠠᠶᠢᠷ ᠲᠤ ᠮᠣᠩᠭᠤᠯ ᠵᠠᠰᠠᠯ ᠎ ᠢᠶᠠᠨ ᠡᠳ᠋ᠯᠡᠬᠦ ᠪᠤᠶᠣ ᠮᠣᠩᠭᠤᠯ ᠰᠣᠷᠣᠭᠴᠢᠳ  ᠮᠣᠩᠭᠤᠯ ᠬᠤᠪᠴᠠᠰᠣ ᠪᠠᠨ ᠡᠳ᠋ᠯᠡᠵᠥ ᠡᠬᠢᠯᠡᠭᠰᠡᠨ ᠪᠠ ᠠᠯᠪᠠᠨ ᠨᠡᠶᠢᠳᠡ ᠶᠢᠨ ᠭᠠᠵᠠᠷ ᠲᠤ ᠮᠣᠩᠭᠤᠯ ᠵᠠᠩᠰᠢᠯ ᠢᠶᠠᠷ ᠢᠶᠠᠨ  ᠬᠡᠶᠢᠴᠢᠨ ᠵᠣᠴᠢᠨ ᠢᠶᠠᠨ ᠣᠭᠳᠣᠵᠥ᠂ ᠳᠠᠶᠢᠯᠠᠵᠥ᠂ ᠮᠣᠷᠳᠠᠭᠤᠯᠬᠤ ᠪᠤᠯᠤᠭᠰᠠᠨ ᠪᠠᠶᠢᠳᠠᠭ᠃ ᠬᠠᠷᠠᠮᠰᠠᠯᠳᠠᠢ ᠨᠢ ᠨᠣᠳᠤᠭ  ᠪᠡᠯᠴᠢᠭᠡᠷ ᠪᠠᠭᠠᠰᠴᠣ᠂ ᠳᠠᠷᠢᠶᠠᠯᠠᠬᠤ ᠣᠯᠠᠰᠢᠷᠠᠨ ᠂ ᠮᠠᠯ ᠤᠨ ᠳᠤᠭ᠎ᠠ ᠳᠣᠯᠣᠭᠠᠢ ᠴᠥᠬᠡᠷᠡᠵᠥ ᠰᠥ ᠰᠠᠭᠠᠯᠢ ᠶᠢᠨ ᠢᠳᠡᠭᠡᠨ  ᠎ ᠨᠢ ᠬᠤᠳᠠᠯᠳᠤᠭ᠎ᠠ ᠶᠢ ᠳᠥᠰᠢᠭᠯᠡᠬᠦ ᠪᠤᠯᠪᠠ᠃            ᠳᠡᠦᠬᠡ ᠶᠢᠨ ᠬᠤᠪᠢᠷᠠᠯᠳᠠ ᠬᠦᠭᠵᠢᠯᠳᠡ ᠶᠢᠨ ᠳᠣᠮᠳᠠ ᠣᠩᠨᠢᠭᠤᠳ ᠮᠣᠩᠭᠤᠯᠴᠣᠳ ᠨᠢ ᠦᠪᠡᠷ ᠤᠨ ᠣᠷᠣᠰᠢᠨ  ᠳᠣᠭᠳᠠᠨᠢᠬᠤ ᠵᠠᠮ ᠢᠶᠠᠨ ᠵᠦᠪ ᠢᠶᠠᠷ ᠰᠣᠩᠭᠤᠵᠥ ᠪᠤᠰᠣᠳ ᠦᠨᠳᠣᠰᠣᠳᠡᠨ ᠶᠠᠰᠣᠳᠠᠨ ᠬᠢᠬᠡᠳ ᠭᠠᠵᠠᠷ ᠣᠷᠣᠨ ᠠᠴᠠ  ᠬᠤᠴᠣᠷᠣᠯ ᠦᠭᠡᠢ ᠶᠠᠪᠤᠵᠥ᠂ ᠬᠦᠳᠡᠭᠡ ᠳᠣᠰᠬᠤᠨ ᠢ ᠬᠤᠳᠠᠴᠢᠯᠠᠬᠤ ᠳᠤ ᠦᠪᠡᠷ ᠤᠨ ᠦᠬᠡ ᠬᠡᠯᠨ ᠦᠰᠦᠭ ᠪᠢᠴᠢᠭ  ᠰᠣᠶᠣᠯ ᠳᠡᠦᠭᠡ ᠵᠠᠩ ᠵᠠᠩᠰᠢᠯ ᠢᠶᠠᠷ ᠢᠶᠠᠨ ᠪᠤᠰᠣᠳ ᠦᠨᠳᠣᠰᠣᠳᠡᠨ ᠬᠢᠭᠡᠳ ᠪᠤᠰᠣᠳ ᠭᠠᠵᠠᠷ ᠎ ᠠᠴᠠ ᠢᠯᠭᠠᠭᠳᠠᠬᠤ  ᠦᠪᠡᠷᠮᠢᠴᠡ ᠣᠨᠴᠠᠯᠢᠭ ᠲᠠᠢ ᠪᠠᠷ ᠬᠦᠭᠵᠢᠵᠥ ᠳᠠᠶᠢᠯᠬᠦ ᠨᠢ ᠯᠠᠪᠳᠠᠢ ᠶᠤᠮ︕
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号