ᠠᠷᠪᠠᠨ ᠨᠠᠢᠮᠠᠳᠤᠭᠠᠷ ᠬᠤᠭᠤᠴᠠᠭᠠᠨ ᠤ ᠤᠯᠠᠨ ᠤᠯᠤᠰ ᠤᠨ ᠮᠠᠰᠢᠨ ᠬᠦᠮᠤᠨ ᠤ ᠤᠯᠢᠮᠫᠢᠺ ᠤᠨ ᠲᠤᠮᠳᠠᠲᠤ  ᠤᠯᠤᠰ ᠲᠠᠬᠢ ᠢᠯᠡ ᠤᠷᠤᠯᠳᠤᠭᠠᠨ 7 ᠰᠠᠷ᠎ᠠ ᠳᠤ  ᠵᠢᠨᠢᠩ ᠳᠤ ᠶᠠᠪᠤᠭᠲᠠᠨ᠎ᠠ
ᠨᠡᠶᠢᠲᠡᠯᠡᠭᠰᠡᠨ ᠴᠠᠭ᠄
2016/5/31
     ᠤᠢᠢᠷ᠎ᠠ ᠳᠤ᠂ ︽2016 ᠤᠨ ᠤ ᠠᠷᠪᠠᠨ ᠨᠠᠢᠮᠠᠳᠤᠭᠠᠷ ᠬᠤᠭᠤᠴᠠᠭᠠᠨ ᠤ ᠤᠯᠠᠨ ᠤᠯᠤᠰ ᠤᠨ ᠮᠠᠰᠢᠨ  ᠬᠦᠮᠤᠨ ᠤ ᠤᠯᠢᠮᠫᠢᠺ ᠤᠨ ᠲᠤᠮᠳᠠᠲᠤ ᠤᠯᠤᠰ ᠲᠠᠬᠢ ᠢᠯᠡ ᠤᠷᠤᠯᠳᠤᠭᠠᠨ︾ ᠢ ᠲᠠᠭᠠᠭᠠᠴᠢᠯᠠᠨ ᠡᠷᠬᠢᠯᠡᠬᠦ ᠡᠷᠬᠡ  ᠤᠯᠭᠤᠬᠤ ᠶᠤᠰᠤᠯᠠᠯ ᠤᠯᠠᠭᠠᠨᠴᠠᠪ ᠬᠤᠲᠠ ᠶᠢᠨ ᠵᠢᠨᠢᠩ ᠲᠤᠭᠤᠷᠢᠭ ᠲᠤ ᠶᠠᠪᠤᠭᠳᠠᠪᠠ᠃                  ᠲᠤᠰ ᠤᠳᠠᠭᠠᠨ ᠤ ᠤᠷᠤᠯᠳᠤᠭᠠᠨ 7 ᠰᠠᠷ ᠎ᠠ ᠶᠢᠨ 25 ᠤ ᠡᠳᠤᠷ ᠠᠴᠠ ᠡᠬᠢᠯᠡᠵᠤ᠂  6 ᠡᠳᠤᠷ  ᠦᠷᠬᠦᠯᠵᠢᠯᠠᠬᠦ ᠪᠤᠯᠤᠨ᠎ᠠ᠃ ᠲᠤᠬᠠᠢ ᠶᠢᠨ ᠦᠶ ᠎ᠠ ᠳᠤ᠂  ᠹᠢᠯᠢᠫᠢᠨ᠂  ᠢᠨᠳᠤᠨᠧᠰᠢᠶ ᠎ᠠ᠂  ᠰᠢᠩᠭᠠᠪᠤᠷ ᠵᠡᠷᠭᠡ  ᠤᠯᠤᠰ ᠤᠨ ᠲᠠᠮᠢᠷᠴᠢᠳ ᠪᠠ ᠤᠯᠤᠰ ᠤᠨ ᠲᠤᠲᠤᠭᠠᠲᠤ ᠶᠢᠨ 70 ᠭᠠᠷᠤᠢ ᠲᠤᠮᠳᠠᠳᠤ ᠪᠠᠭ᠎ᠠ ᠰᠤᠷᠭᠠᠭᠤᠯᠢ ᠶᠢᠨ  ᠮᠠᠰᠢᠨ ᠬᠦᠮᠦᠨ ᠵᠢᠯᠤᠭᠤᠳᠬᠤ 1000 ᠭᠠᠷᠤᠢ ᠰᠢᠯᠢᠳᠡᠭ ᠲᠡᠮᠢᠷᠴᠢᠨ ᠤᠯᠠᠭᠠᠨᠴᠠᠪ ᠬᠤᠲᠠ ᠳᠤ ᠴᠤᠭᠯᠠᠷᠠᠨ  ᠤᠷᠤᠯᠳᠤᠭᠠᠠ ᠳᠤ ᠤᠷᠤᠯᠴᠠᠬᠤ ᠪᠤᠯᠤᠨ᠎ᠠ᠃                  ᠤᠯᠠᠨ ᠤᠯᠤᠰ ᠤᠨ ᠮᠠᠰᠢᠨ ᠬᠦᠮᠤᠨ ᠤ ᠤᠯᠢᠮᠫᠢᠺ ᠤᠨ ᠤᠷᠤᠯᠳᠤᠭᠠᠠ ᠤ ᠲᠤᠮᠳᠠᠲᠤ ᠤᠯᠤᠰ ᠲᠠᠬᠢ ᠢᠯᠡ  ᠤᠷᠤᠯᠳᠤᠭᠠᠨ ᠪᠤᠯ᠂ ᠤᠯᠠᠨ ᠤᠯᠤᠰ ᠤᠨ ᠮᠠᠰᠢᠨ ᠬᠦᠮᠤᠨ ᠤ ᠤᠯᠢᠮᠫᠢᠺ ᠤᠨ ᠲᠤᠮᠳᠠᠲᠤ ᠤᠯᠤᠰ ᠲᠠᠬᠢ  ᠤᠷᠤᠯᠳᠤᠭᠠᠨ ᠤ ᠲᠡᠯᠠᠪᠤᠷ ᠪᠠᠶᠢᠵᠤ᠂ ᠲᠤᠮᠳᠠᠲᠤ ᠤᠯᠤᠰ ᠵᠢᠴᠢ ᠪᠦᠬᠦ᠋ᠢᠯᠡ ᠠᠽᠢᠶ ᠎ᠠ ᠲᠢᠪ ᠲᠤ  ᠴᠤ  ᠨᠦᠯᠦᠭᠡ   ᠶᠡᠭᠡ ᠲᠠᠢ ᠮᠠᠰᠢᠨ  ᠬᠦᠮᠤᠨ ᠤ ᠤᠷᠤᠯᠳᠤᠭᠠᠨ ᠪᠤᠯᠤᠨ᠎ᠠ᠃ ᠲᠤᠰ ᠤᠷᠤᠯᠳᠤᠭᠠᠠ ᠵᠢᠯ ᠳᠤ ᠨᠢᠭᠡ ᠤᠳᠠᠭ᠎ᠠ  ᠶᠠᠪᠤᠭᠳᠠᠳᠠᠭ᠂ ᠤᠳᠤ ᠪᠤᠯᠲᠠᠯ ᠎ᠠ ᠪᠦᠬᠦ ᠤᠯᠤᠰ ᠤᠨ ᠤᠯᠠᠨ ᠶᠡᠭᠡ ᠬᠤᠲᠠ ᠳᠤ 17 ᠬᠤᠭᠤᠴᠠᠭ᠎ᠠ ᠡᠷᠬᠢᠯᠡᠡ  ᠶᠠᠪᠤᠭᠳᠠᠵᠥ ᠦᠡᠭᠬᠡᠷᠡᠪᠠ᠃  ᠲᠤᠰ ᠤᠳᠠᠭ᠎ᠠ ᠶᠢᠨ ᠤᠷᠤᠯᠳᠤᠭᠠᠨ ᠨᠢ ︽ᠮᠠᠰᠢᠨ ᠬᠦᠮᠤᠨ ᠪᠠ ᠲᠠᠯ ᠎ᠠ ᠨᠤᠲᠤᠭ ᠤᠨ  ᠠᠮᠢᠳᠤᠷᠠᠯ︾ ᠢᠶᠠᠷ ᠭᠤᠤᠯ ᠰᠠᠳᠤᠪ ᠪᠤᠯᠭᠠᠵᠥ᠂ ᠲᠠᠮᠢᠷᠴᠢᠳ ᠤᠷᠤᠯᠳᠤᠭᠠᠨ ᠳᠤ ᠪᠡᠯᠡᠳᠭᠡᠬᠦ ᠬᠤᠭᠤᠴᠠᠭᠠᠨ ᠳᠠᠭᠠᠨ  ᠮᠠᠯᠵᠢᠬᠤ ᠰᠤᠶᠤᠯ ᠤᠨ ᠲᠡᠤᠬᠡ ᠪᠡ ᠤᠳᠤᠬᠢ ᠪᠠᠶᠢᠳᠠᠯ ᠢ  ᠤᠢᠢᠯᠠᠭᠠᠭᠤᠯᠬᠤ ᠪᠠᠷ ᠵᠤᠷᠢᠯᠭ᠎ᠠ ᠪᠤᠯᠭᠠᠭᠰᠠᠨ ᠪᠠᠶᠢᠨ᠎ᠠ᠃      
 
ᠢᠷᠡᠯᠲᠡ᠄ ᠠᠷᠠᠳ ᠤᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号