ᠰᠢᠨ᠎ᠡ ᠮᠠᠶ᠋ᠢᠬ ᠤᠨ ᠬᠤᠨᠢ ᠬᠠᠶᠢᠴᠢᠯᠠᠬᠤ ᠮᠠᠰᠢᠨ
ᠨᠡᠶᠢᠲᠡᠯᠡᠭᠰᠡᠨ ᠴᠠᠭ᠄
2016/5/31
      ᠱᠠᠩᠬᠠᠢ ᠶᠢᠨ ᠪᠸᠢ ᠶᠣᠸᠠᠠ ᠨᠣᠣᠰᠣ ᠬᠠᠶᠢᠴᠢᠯᠠᠬᠤ ᠬᠢᠵᠠᠭᠠᠷᠳᠣ ᠺᠣᠮᠫᠠᠨᠢ ᠶᠢᠨ ᠥᠢᠯᠡᠳᠪᠥᠷᠢᠯᠡᠭᠰᠡᠡ BYM  — 2 ᠬᠡᠯᠪᠡᠷᠢ ᠶᠢᠨ ᠬᠤᠨᠢ ᠬᠠᠶᠢᠴᠢᠯᠠᠬᠤ ᠮᠠᠰᠢᠨ ᠢ ᠲᠣᠷᠰᠢᠨ ᠬᠡᠷᠡᠭᠯᠡᠭᠰᠡᠡ ᠢᠶᠠᠷ ᠮᠠᠯᠴᠢᠨ ᠲᠥᠮᠡᠡ ᠤ ᠲᠣᠰᠬᠠᠯ  ᠰᠠᠶᠢᠨ ᠪᠣᠯᠵᠤ᠂ ᠥᠷᠭᠡᠡ ᠢᠶᠠᠷ ᠲᠡᠯᠭᠡᠷᠡᠭᠦᠯᠥᠨ ᠬᠡᠷᠡᠭᠯᠡᠬᠦ ᠬᠠᠨᠳᠣᠰᠢ ᠲᠠᠢ ᠪᠣᠯᠣᠭᠰᠠᠠ ᠪᠠᠶᠢᠨ᠎ᠠ᠃ ᠱᠠᠩᠬᠠᠢ ᠶᠢᠨ ᠪᠸᠢ  ᠶᠣᠸᠠᠠ ᠲᠡᠮᠳᠡᠭᠳᠥ ᠬᠤᠨᠢ ᠬᠠᠶᠢᠴᠢᠯᠠᠬᠤ ᠮᠠᠰᠢᠨ ᠤ ᠪᠥᠳᠥᠴᠡ ᠨᠢ ᠬᠠᠶᠢᠴᠢ ᠶᠢᠨ ᠲᠣᠯᠣᠭᠠᠢ ︵剪头︶᠂  ᠵᠥᠭᠡᠯᠡᠡ ᠡᠷᠭᠢᠭᠦᠯᠭᠡ ᠭᠤᠣᠷᠰᠣ ︵软轴︶᠂ ᠴᠠᠬᠢᠯᠭᠠᠠ ᠬᠥᠳᠡᠯᠭᠡᠭᠦᠷ ᠮᠠᠰᠢᠨ ︵电动机 ︶᠂  ᠬᠢᠳᠤᠭ᠎ᠠ ᠪᠢᠯᠡᠭᠦᠳᠡᠬᠦ ᠫᠠᠨᠰᠠ ᠵᠡᠷᠭᠡ ᠪᠠᠷ ᠪᠥᠷᠢᠯᠳᠥᠵᠡᠢ᠃ ᠲᠣᠰ ᠮᠠᠰᠢᠨ ᠢ ᠬᠡᠷᠡᠭᠯᠡᠬᠦ ᠳᠤ ᠲᠥᠭᠦᠮ᠂ ᠵᠠᠷᠣᠵᠣ  ᠰᠣᠷᠬᠤ ᠳᠤ ᠬᠤᠷᠳᠣᠠ᠂ ᠠᠪᠴᠣ ᠶᠠᠪᠣᠬᠤ ᠳᠤ ᠲᠥᠭᠦᠮ ᠪᠠᠶᠢᠳᠠᠭ᠃ 220V ᠶᠢᠨ ᠭᠡᠷ ᠤᠨ ᠬᠡᠷᠡᠭᠰᠡᠯ ᠤᠨ  ᠴᠠᠬᠢᠯᠭᠠᠠ ᠨᠡᠪᠳᠡᠷᠡᠯᠭᠡ ᠥᠭᠡᠢ ᠬᠥᠳᠡᠭᠡ᠂ ᠣᠳᠣᠷ ᠰᠠᠭᠤᠷᠢᠰᠢᠯ ᠳᠤ ᠪᠣᠯ ᠴᠢᠶ᠋ᠢᠥ ᠴᠠᠬᠢᠯᠭᠠᠠ ᠭᠠᠷᠭᠠᠬᠤ ᠮᠠᠰᠢᠨ ᠲᠠᠢ  ᠵᠠᠯᠭᠠᠠ ᠵᠠᠷᠣᠵᠣ ᠪᠣᠯᠣᠨ᠎ᠠ᠃ ᠡᠨᠡ ᠬᠦ ᠮᠠᠰᠢᠨ ᠨᠢ ᠬᠥᠮᠥᠨ ᠤ ᠬᠥᠴᠥ᠂ ᠴᠠᠭ ᠲᠤ ᠪᠥᠷ ᠠᠷᠪᠢᠳᠠᠢ ᠪᠠᠶᠢᠳᠠᠭ ᠲᠣᠯᠠ  ᠣᠳᠣᠬᠠᠠ ᠳᠤ ᠬᠤᠨᠢ ᠢᠮᠠᠭ᠎ᠠ ᠮᠠᠯᠵᠢᠵᠣ ᠪᠠᠶᠢᠭ᠎ᠠ ᠮᠠᠯᠴᠢᠨ ᠡᠷᠥᠬᠡ ᠪᠣᠯᠣᠠ ᠬᠤᠨᠢ ᠲᠡᠵᠢᠭᠡᠬᠦ ᠲᠠᠯᠠᠪᠠᠢ ᠳᠤ  ᠲᠣᠬᠢᠷᠠᠬᠤ ᠲᠣᠯᠠ ᠲᠡᠳᠡᠡ ᠤ ᠲᠠᠭᠠᠰᠢᠶᠠᠯ ᠢ ᠣᠯᠣᠭᠰᠠᠠ ᠪᠠᠶᠢᠨ᠎ᠠ᠃          ᠲᠣᠰ ᠮᠠᠰᠢᠨ ᠢᠶᠠᠷ ᠬᠤᠨᠢ ᠬᠠᠶᠢᠴᠢᠯᠠᠬᠤ ᠳᠤ ᠬᠤᠨᠢ ᠪᠠᠨ ᠬᠡᠳᠥᠨ ᠵᠥᠢᠯ ᠢᠶᠠᠷ ᠪᠠᠶᠢᠷᠢᠰᠢᠭᠤᠯᠬᠤ ᠬᠡᠯᠪᠡᠷᠢ  ᠪᠠᠶᠢᠳᠠᠭ᠃ ᠭᠡᠪᠡᠴᠥ ᠬᠠᠶᠢᠴᠢᠯᠠᠬᠤ ᠳᠤ ᠥᠪᠡᠷ ᠤᠨ ᠭᠠᠷ ᠤᠨ ᠡᠪ ᠢᠶᠠᠨ ᠥᠵᠡᠵᠥ ᠶᠠᠮᠠᠷ ᠬᠡᠯᠪᠡᠷᠢ ᠪᠠᠷ ᠬᠠᠶᠢᠴᠢᠯᠠᠪᠠᠯ  ᠬᠤᠷᠳᠣᠠ ᠪᠥᠭᠡᠳ ᠬᠤᠨᠢᠨ ᠤ ᠪᠡᠶ᠎ᠡ ᠳᠤ ᠥᠡᠳᠥᠷ ᠨᠣᠣᠰᠣ ᠭᠡᠭᠡᠭᠳᠡᠬᠦ ᠥᠭᠡᠢ ᠵᠡᠷᠭᠡ ᠶᠢ ᠥᠡᠳᠥᠰᠥᠯᠡᠵᠥ ᠪᠠᠶᠢᠭᠠᠳ  ᠬᠠᠶᠢᠴᠢᠯᠠᠬᠤ ᠬᠡᠯᠪᠡᠷᠢ ᠪᠠᠨ ᠲᠣᠭᠳᠠᠭᠠᠪᠠᠯ ᠰᠠᠶᠢᠨ ᠪᠠᠶᠢᠳᠠᠬ᠃ ᠮᠠᠰᠢᠨ ᠢᠶᠠᠨ ᠵᠠᠷᠣᠵᠣ ᠪᠠᠷᠠᠭᠰᠠᠠ ᠤ ᠲᠠᠷᠠᠭ᠎ᠠ  ᠠᠷᠴᠢᠨ ᠴᠡᠪᠡᠷᠯᠡᠡ ᠲᠣᠰᠣᠯᠠᠵᠣ᠂ ᠬᠠᠭᠤᠷᠠᠢ ᠭᠠᠵᠠᠷ ᠬᠠᠳᠠᠭᠠᠯᠠᠵᠣ ᠲᠠᠷᠠᠭ᠎ᠠ ᠣᠳᠠᠭ᠎ᠠ ᠬᠡᠷᠡᠭᠯᠡᠬᠦ ᠳᠤ ᠪᠡᠯᠡᠬᠡᠡ  ᠪᠠᠶᠢᠯᠭᠠᠬᠤ ᠬᠡᠷᠡᠭᠳᠡᠢ᠃ ᠲᠡᠭᠡᠬᠦ ᠥᠭᠡᠢ ᠪᠣᠯ ᠵᠢᠪᠡᠷᠡᠬᠦ ᠠᠴᠠ ᠪᠣᠯᠵᠣ ᠮᠠᠰᠢᠨ ᠤ ᠡᠳ᠋ᠯᠡᠴᠡ ᠣᠬᠤᠷ ᠪᠣᠯᠳᠠᠭ᠃         ᠲᠣᠰ ᠮᠠᠰᠢᠨ ᠢᠶᠠᠷ ᠬᠤᠨᠢ ᠬᠠᠶᠢᠴᠢᠯᠠᠬᠤ ᠶᠠᠪᠣᠴᠠ ᠳᠠᠬᠢ ᠠᠩᠬᠠᠷᠬᠤ ᠠᠰᠠᠭᠤᠳᠠᠯ ᠬᠢᠭᠡᠳ ᠲᠠᠪᠠᠭᠤᠯᠢᠬ  ᠲᠠᠯ᠎ᠠ ᠠᠴᠠ ᠲᠣᠪᠴᠢ ᠲᠠᠨᠢᠯᠴᠠᠭᠤᠯᠣᠶ᠎ᠠ᠄         1᠂ ᠲᠣᠰ ᠮᠠᠰᠢᠨ 220V ᠴᠠᠬᠢᠯᠭᠠᠠ ᠢ ᠰᠢᠭᠤᠳ ᠵᠠᠯᠭᠠᠠ ᠬᠡᠷᠡᠭᠯᠡᠵᠥ ᠪᠣᠯᠬᠤ ᠮᠥᠷᠳᠡᠭᠡᠡ ᠪᠠᠰᠠ  ᠴᠠᠬᠢᠯᠭᠠᠠ ᠭᠠᠷᠭᠠᠬᠤ ᠮᠠᠰᠢᠨ ᠳᠤ ᠵᠠᠯᠭᠠᠠ ᠬᠡᠷᠡᠭᠯᠡᠵᠥ ᠪᠣᠯᠣᠨ᠎ᠠ᠃         2᠂ ᠴᠠᠬᠢᠯᠭᠠᠠ ᠬᠠᠶᠢᠴᠢ ᠶᠢᠨ ᠬᠠᠮᠠᠭᠠᠯᠠᠯᠳᠠ ᠶᠢ ᠰᠠᠶᠢᠳᠣᠷ ᠬᠢᠬᠦ ᠬᠡᠷᠡᠭᠳᠡᠢ᠂ ᠬᠡᠷᠡᠭᠯᠡᠵᠥ ᠥᠡᠭᠭᠡᠷᠡᠭᠰᠡᠡ  ᠬᠢᠳᠤᠭ᠎ᠠ ᠪᠠᠨ ᠴᠠᠭ ᠲᠣᠬᠠᠢ ᠳᠤ ᠨᠢ ᠣᠬᠢᠶᠠᠠ ᠴᠡᠪᠡᠷᠯᠡᠵᠥ᠂ ᠪᠢᠯᠡᠭᠦᠳᠡᠭᠰᠡᠡ ᠤ ᠲᠠᠷᠠᠭ᠎ᠠ ᠲᠣᠰᠣᠯᠠᠵᠣ ᠲᠠᠯᠪᠢᠬᠤ  ᠬᠡᠷᠡᠭᠳᠡᠢ᠃         3᠂ ᠬᠠᠶᠢᠴᠢᠯᠠᠬᠤ ᠠᠴᠠ ᠬᠡᠳᠥᠨ ᠡᠳᠥᠷ ᠤᠨ ᠡᠮᠥᠨ᠎ᠡ ᠬᠤᠨᠢ ᠪᠠᠨ ᠰᠠᠶᠢᠳᠣᠷ ᠬᠥᠯᠥᠰᠥᠯᠡᠪᠡᠯ ᠨᠣᠣᠰᠣᠠ ᠤ  ᠲᠣᠰᠣᠯᠢᠬ ᠬᠦ᠋ᠯᠥᠰᠥ ᠨᠢ ᠬᠥᠭᠡᠷᠴᠥ᠂ ᠬᠠᠶᠢᠴᠢᠯᠠᠬᠤ ᠳᠤ ᠬᠢᠯᠪᠠᠷ ᠪᠠᠶᠢᠳᠠᠭ᠃         4᠂ ᠬᠤᠨᠢ ᠬᠠᠶᠢᠴᠢᠯᠠᠬᠤ ᠲᠠᠯᠠᠪᠣᠷ ᠢ ᠴᠡᠪᠡᠷ ᠪᠠᠶᠢᠯᠭᠠᠵᠣ᠂ ᠨᠥᠬᠦᠴᠡᠯ ᠲᠠᠢ ᠪᠣᠯ ᠰᠥᠯᠢᠶᠣᠣ ᠵᠡᠷᠭᠡ ᠡᠳ᠋  ᠲᠡᠪᠢᠰᠪᠡᠯ ᠣᠡᠭᠭᠠᠰᠣᠠ ᠳᠤ ᠡᠪᠡᠰᠥ ᠰᠢᠷᠣᠢ ᠬᠤᠯᠢᠯᠳᠣᠬᠤ ᠠᠴᠠ ᠵᠠᠶᠢᠯᠠᠰᠬᠢᠵᠣ ᠴᠢᠳᠠᠨ᠎ᠠ᠃         5᠂ ᠲᠣᠩᠭᠠᠯᠠᠬ ᠡᠳᠥᠷ ᠢ ᠰᠣᠩᠭᠤᠵᠣ ᠬᠠᠶᠢᠴᠢᠯᠠᠨ᠎ᠠ᠃ ᠬᠠᠶᠢᠴᠢᠯᠠᠬᠤ ᠭᠡᠵᠥ ᠪᠠᠶᠢᠭ᠎ᠠ ᠬᠤᠨᠢᠨ ᠤ ᠪᠡᠶ᠎ᠡ ᠨᠢ  ᠴᠡᠪᠡᠷ᠂ ᠲᠠᠷᠭᠤᠳᠠᠢ ᠪᠣᠯ ᠬᠠᠶᠢᠴᠢᠯᠠᠬᠤ ᠳᠤ ᠬᠢᠯᠪᠠᠷ᠂ ᠬᠠᠶᠢᠴᠢᠨ ᠤ ᠬᠢᠳᠤᠭ᠎ᠠ ᠳᠤ ᠠᠷᠪᠢᠳᠠᠢ ᠪᠠᠶᠢᠳᠠᠭ᠃         6᠂ ᠬᠤᠨᠢ ᠶᠢ ᠭᠡᠳᠥ ᠴᠠᠳᠬᠤᠯᠠᠩ ᠢᠶᠠᠷ ᠬᠠᠶᠢᠴᠢᠯᠠᠬᠤ ᠶᠢ ᠴᠡᠭᠡᠷᠯᠡᠨ᠎ᠡ᠃       7᠂ ᠬᠠᠶᠢᠴᠢᠯᠠᠬᠤ ᠶᠠᠪᠣᠴᠠ ᠳᠤ ᠬᠠᠶᠢᠴᠢ ᠪᠠᠨ ᠬᠤᠨᠢᠨ ᠤ ᠪᠡᠶ᠎ᠡ ᠲᠠᠢ ᠨᠠᠭᠠᠯᠳᠣᠭᠤᠯᠵᠤ ᠥᠰᠥᠨ ᠤ  ᠭᠤᠣᠷᠰᠣ ᠶᠢ 0.5MM ᠥᠯᠡᠳᠡᠭᠡᠪᠡᠯ ᠵᠣᠬᠢᠨ᠎ᠠ᠃ ᠭᠠᠷ ᠠᠯᠳᠠᠵᠣ ᠥᠡᠳᠥᠷ ᠥᠯᠡᠳᠡᠭᠡᠪᠡᠯ ᠬᠤᠶᠠᠳᠠᠬᠢ ᠣᠳᠠᠭ᠎ᠠ  ᠬᠢᠳᠤᠭ᠎ᠠ ᠶᠠᠪᠣᠭᠤᠯᠬᠤ ᠶᠢ ᠴᠡᠭᠡᠷᠯᠡᠨ᠎ᠡ᠃         8᠂ ᠬᠠᠶᠢᠴᠢᠯᠠᠬᠤ ᠳᠤ ᠪᠠᠨ ᠲᠡᠰ ᠲᠠᠷᠠᠭᠠᠯᠠᠯ ᠲᠠᠢ ᠪᠠᠶᠢᠬᠤ ᠬᠡᠷᠡᠭᠳᠡᠢ᠃ ᠡᠨᠡ ᠨᠢ ᠬᠤᠨᠢᠨ ᠨᠣᠣᠰᠣ ᠰᠠᠯᠵᠣ  ᠪᠣᠳᠠᠷᠠᠠ ᠭᠡᠭᠡᠭᠳᠡᠬᠦ ᠠᠴᠠ ᠰᠡᠷᠭᠡᠶᠢᠯᠡᠬᠦ ᠳᠤ ᠲᠣᠰᠠᠳᠠᠢ ᠶᠣᠮ᠃         9᠂ ᠲᠠᠷᠭᠤ ᠬᠥᠴᠥ ᠪᠠᠭᠤᠷᠠᠢ ᠬᠤᠨᠢ ᠶᠢ ᠬᠠᠶᠢᠴᠢᠯᠠᠬᠤ ᠳᠤ ᠪᠠᠨ ᠠᠷᠠᠰᠣ ᠮᠢᠬ᠎ᠠ ᠶᠢ ᠨᠢ ᠭᠡᠮᠳᠥᠭᠡᠬᠦ ᠠᠴᠠ  ᠣᠠᠴᠠᠭᠠᠢ ᠬᠢᠴᠢᠶᠡᠬᠦ ᠬᠡᠷᠡᠭᠳᠡᠢ᠃ ᠬᠡᠷᠪᠡ ᠬᠠᠶᠢᠴᠢᠯᠠᠵᠣ ᠵᠥᠰᠥᠭᠳᠡᠭᠰᠡᠡ ᠪᠣᠯ ᠠᠷᠢᠭᠤᠳᠬᠠᠵᠣ᠂ ᠡᠮ ᠲᠠᠯᠪᠢᠨ  ᠣᠶᠣᠪᠠᠯ ᠵᠣᠬᠢᠨ᠎ᠠ᠃ ᠡᠷ᠎ᠡ ᠬᠤᠨᠢ ᠶᠢ ᠬᠠᠶᠢᠴᠢᠯᠠᠬᠤ ᠳᠤ ᠬᠥᠪᠴᠢᠷᠬᠡᠢ ᠶᠢ ᠨᠢ ᠬᠢᠴᠢᠶᠡᠡ᠂ ᠡᠮ᠎ᠡ ᠬᠤᠨᠢ ᠶᠢ ᠪᠣᠯ  ᠬᠥᠬᠦᠨ ᠤ ᠲᠣᠪᠴᠢ ᠶᠢ ᠬᠠᠶᠢᠴᠢᠯᠠᠵᠣ ᠰᠢᠷᠬᠠᠳᠣᠭᠤᠯᠬᠤ ᠠᠴᠠ ᠣᠠᠴᠠ ᠬᠢᠴᠢᠶᠡᠬᠦ ᠬᠡᠷᠡᠭᠳᠡᠢ᠃         10᠂ ᠴᠠᠬᠢᠯᠭᠠᠠ ᠬᠢᠳᠤᠭ᠎ᠠ ᠶᠢ ᠭᠡᠷᠡᠭᠯᠡᠬᠦ ᠳᠤ ᠪᠠᠨ ᠣᠠᠴᠠ ᠬᠢᠴᠢᠶᠡᠵᠥ᠂ ᠬᠥᠮᠥᠨ ᠮᠠᠯ ᠤᠨ ᠬᠡᠨᠡᠳᠳᠡ ᠶᠢᠨ  ᠰᠢᠷᠬᠠᠳᠣᠯ ᠡᠭᠦᠰᠬᠦ ᠠᠴᠠ ᠰᠡᠷᠭᠡᠶᠢᠯᠡᠨ᠎ᠡ᠃ ᠮᠠᠰᠢᠨ ᠢᠶᠠᠷ ᠬᠤᠨᠢ ᠬᠠᠶᠢᠴᠢᠯᠠᠬᠤ ᠨᠢ ᠬᠥᠳᠡᠯᠮᠥᠷᠢ ᠬᠥᠴᠥᠨ ᠳᠤ  ᠠᠷᠪᠢᠳᠠᠢ ᠮᠥᠷᠳᠡᠭᠡᠡ ᠬᠤᠷᠳᠣᠠ ᠪᠠᠶᠢᠳᠠᠭ᠃         11᠂ ᠬᠠᠶᠢᠴᠢᠯᠠᠭᠰᠠᠠ ᠬᠤᠨᠢ ᠶᠢ ᠭᠡᠷ ᠬᠤᠷᠤᠭ᠎ᠠ ᠠᠴᠠ ᠪᠠᠨ ᠣᠢᠢᠷᠠᠯᠴᠠᠭ᠎ᠠ ᠪᠠᠶᠢᠯᠭᠠᠵᠣ᠂ ᠬᠤᠯᠠ ᠶᠠᠪᠣᠵᠣ  ᠬᠥᠢᠳᠡᠡ ᠪᠣᠷᠣᠭᠠᠠ ᠳᠤ ᠲᠠᠭᠠᠷᠢᠬᠳᠠᠠ ᠬᠡᠨᠡᠳᠳᠡ ᠶᠢᠨ ᠬᠤᠬᠢᠷᠠᠯ ᠭᠠᠷᠬᠤ ᠠᠴᠠ ᠰᠡᠷᠭᠡᠶᠢᠯᠡᠪᠡᠯ ᠵᠣᠬᠢᠨ᠎ᠠ᠃ ᠨᠢᠭᠡ ᠪᠣᠯᠪᠠᠰᠣᠷᠠᠩᠭᠤᠢ ᠬᠠᠶᠢᠴᠢᠯᠠᠭᠴᠢ ᠨᠢᠭᠡ ᠡᠳᠥᠷ ᠲᠤ 70 — 80 ᠲᠣᠯᠣᠭᠠᠢ ᠬᠤᠨᠢ ᠶᠢ ᠬᠠᠶᠢᠴᠢᠯᠠᠵᠣ  ᠲᠡᠶᠢᠯᠳᠡᠭ ᠮᠥᠷᠳᠡᠭᠡᠡ ᠨᠣᠣᠰᠣᠠ ᠤ ᠭᠠᠷᠣᠯᠳᠠ ᠨᠢ ᠶᠡᠷᠥᠩᠬᠡᠢ ᠳᠤ ᠪᠠᠨ 0.5kg ᠥᠡᠳᠥᠷ ᠪᠠᠶᠢᠳᠠᠭ ᠢᠶᠠᠷ ᠪᠠᠷᠠᠬᠤ  ᠥᠭᠡᠢ ᠬᠤᠨᠢᠨ ᠤ ᠲᠠᠷᠭᠤ ᠠᠪᠬᠤ ᠡᠳᠥᠷ ᠢ ᠴᠥ ᠣᠷᠢᠳᠴᠢᠯᠠᠭᠤᠯᠳᠠᠬ ᠶᠣᠮ᠃        
 
ᠢᠷᠡᠯᠲᠡ᠄ ᠣᠷᠳᠤᠰ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号