ᠮᠥᠩᠭᠦ ᠪᠠᠺᠲ᠋ᠧᠷᠢ ᠤᠰᠠᠳᠬᠠᠬᠤ ᠦᠢᠯᠡᠳᠦᠯ ᠲᠠᠢ
ᠨᠡᠶᠢᠲᠡᠯᠡᠭᠰᠡᠨ ᠴᠠᠭ᠄
2016/5/31
    ᠡᠷᠳᠡ ᠳᠡᠭᠡᠷ᠎ᠡ ᠦᠶ᠎ᠡ ᠠᠴᠠ ᠮᠤᠩᠭᠤᠯᠴᠤᠳ ᠮᠦᠩᠭᠦᠨ ᠡᠳ᠋ᠯᠡᠯ ᠭᠡᠷᠡᠭᠰᠡᠯ᠂ ᠵᠠᠰᠠᠯ ᠵᠢᠮᠰᠡᠭ ᠢ ᠳᠦᠭᠡᠮᠡᠯ  ᠭᠡᠷᠡᠭᠯᠡᠭᠰᠡᠭᠡᠷ ᠢᠷᠡᠭᠰᠡᠨ ᠶᠤᠮ᠃ ᠮᠤᠩᠭᠤᠯᠴᠤᠳ ᠤᠨ ᠦᠷᠭᠡᠨ ᠭᠡᠷᠡᠭᠯᠡᠳᠡᠭ ᠮᠦᠩᠭᠦᠨ ᠡᠳ᠋ᠯᠡᠯ ᠭᠡᠷᠡᠭᠰᠡᠯ ᠳᠤ  ᠭᠤᠤᠯᠳᠠᠭᠤ ᠮᠦᠩᠭᠦᠨ ᠠᠶᠠᠭ᠎ᠠ᠂ ᠮᠦᠩᠭᠦᠨ ᠬᠤᠨᠳᠠᠭ᠎ᠠ᠂ ᠮᠦᠩᠭᠦᠨ ᠳᠠᠪᠠᠭ᠂ ᠮᠦᠩᠭᠦᠨ ᠬᠠᠯᠪᠠᠭ᠎ᠠ᠂ ᠮᠦᠩᠭᠦᠨ  ᠰᠠᠪᠬ᠎ᠠ᠂ ᠮᠦᠩᠭᠦᠨ ᠬᠢᠳᠤᠭ᠎ᠠ ᠭᠡᠭᠦ ᠮᠡᠳᠤᠴᠢᠯᠡᠨ ᠤᠯᠠᠨ ᠪᠠᠶᠢᠳᠠᠭ ᠪᠤᠯ ᠮᠤᠩᠭᠤᠯ ᠵᠠᠰᠠᠯ ᠵᠢᠮᠰᠡᠭ ᠤᠨ ᠬᠤᠪᠢ ᠳᠤ  ᠳᠤᠯᠤᠭᠠᠢ ᠶᠢᠨ ᠵᠠᠰᠠᠯ ᠠᠴᠠ ᠡᠬᠢᠯᠡᠭᠡᠳ ᠮᠦᠩᠭᠦᠨ ᠡᠭᠡᠮᠦᠭ ᠪᠦᠯᠡᠵᠡᠭ᠂ ᠮᠦᠩᠭᠦᠨ ᠰᠤᠨᠳᠤᠷ ᠪᠠᠭᠤᠤ ᠭᠡᠳ ᠪᠠᠰᠠ  ᠤᠯᠠᠨ ᠳᠦᠷᠦᠯ ᠪᠤᠢ᠃ ᠮᠦᠩᠭᠦᠨ ᠤ ᠵᠦᠢᠯᠡᠰ ᠨᠢ ᠭᠦᠮᠤᠨ ᠢ ᠤᠯᠠᠮ ᠡᠷᠬᠢᠮᠰᠦᠭ ᠭᠤᠸ᠎ᠡ ᠬᠠᠷᠠᠭᠳᠠᠭᠤᠯᠬᠤ  ᠮᠦᠷᠳᠡᠭᠡᠨ ᠳᠡᠭᠦᠨ ᠳᠤ ᠪᠠᠺᠲ᠋ᠧᠷᠢ ᠠᠯᠠᠬᠤ᠂ ᠬᠤᠤᠷ ᠳᠠᠨᠢᠬᠤ᠂ ᠶᠠᠰᠤ ᠬᠠᠮᠠᠭᠠᠯᠠᠬᠤ ᠵᠡᠷᠭᠡ ᠪᠠᠶ᠎ᠡ ᠶᠢᠨ ᠡᠷᠡᠭᠦᠯ  ᠮᠡᠨᠳᠤ ᠳᠤ ᠠᠴᠢ ᠳᠤᠰᠠ ᠲᠠᠢ ᠰᠢᠨᠵᠢᠯᠡᠭᠦ ᠤᠬᠠᠭᠠᠨᠴᠢ ᠴᠢᠨᠡᠷ ᠤᠷᠤᠰᠢᠳᠠᠭ᠃         ᠮᠤᠩᠭᠤᠯᠴᠤᠳ ᠮᠦᠩᠭᠦᠨ ᠠᠶᠠᠭᠠᠨ ᠳᠤ ᠴᠡᠭᠡ ᠬᠢᠵᠤ᠂ ᠰᠢᠨ᠎ᠡ ᠰᠤᠷᠭᠤᠭ ᠢ ᠨᠢ ᠪᠠᠳᠤᠯᠠᠳᠠᠭ᠃ ᠡᠨᠡ ᠨᠢ  ᠳᠠᠷᠤᠢ ᠮᠦᠩᠭᠦᠨ ᠳᠤ ᠪᠠᠺᠲ᠋ᠧᠷᠢ  ᠤᠰᠠᠳᠬᠠᠬᠤ ᠦᠢᠯᠡᠳᠤᠯ ᠲᠠᠢ ᠭᠡᠳᠡᠭ ᠢ ᠬᠠᠷᠠᠭᠤᠯᠵᠤ ᠪᠠᠶᠢᠭ᠎ᠠ ᠨᠢᠭᠡ ᠵᠢᠱᠢᠶ᠎ᠡ  ᠶᠤᠮ᠃ ᠲᠤᠰᠬᠠᠢ ᠮᠡᠷᠭᠡᠵᠢᠯᠳᠡᠳ ᠰᠤᠳᠤᠯᠭᠠᠨ ᠢᠶᠠᠷ ᠲᠠᠮᠵᠢᠨ ᠡᠩ ᠤᠨ ᠡᠪᠡᠳᠴᠢᠨ ᠡᠰᠡᠷᠭᠦᠴᠡᠭᠦ ᠡᠯᠧᠮᠧᠨ᠋ᠲ ᠨᠢ  ᠵᠢᠷᠭᠤᠭᠠᠨ ᠵᠦᠢᠯ ᠤᠨ ᠠᠳᠠᠯᠢ ᠪᠤᠰᠤ ᠡᠪᠡᠳᠴᠢᠨ ᠤ ᠡᠭᠦᠰᠪᠤᠷᠢ ᠴᠤᠭᠴᠠ ᠶᠢ ᠤᠰᠠᠳᠬᠠᠵᠤ ᠴᠢᠳᠠᠳᠠᠭ ᠪᠤᠯ ᠮᠦᠩᠭᠦ  ᠠᠭᠤᠯᠤᠭᠰᠠᠨ ᠡᠪᠡᠳᠴᠢᠨ ᠢ ᠡᠰᠡᠷᠭᠦᠴᠡᠭᠦ ᠡᠯᠧᠮᠧᠨ᠋ᠲ ᠨᠢ ᠬᠠᠷᠢᠨ 650 ᠵᠦᠢᠯ ᠠᠴᠠ ᠳᠡᠭᠡᠭᠰᠢᠬᠢ ᠡᠪᠡᠳᠴᠢᠨ ᠤ  ᠡᠭᠦᠰᠪᠤᠷᠢ ᠴᠤᠭᠴᠠ ᠶᠢ ᠤᠰᠠᠳᠬᠠᠳᠠᠭ ᠭᠡᠵᠤ ᠭᠡᠷᠠᠴᠢᠯᠡᠭᠰᠡᠨ ᠶᠤᠮ᠃ ᠡᠶᠢᠨᠭᠦ ᠮᠦᠩᠭᠦᠨ ᠠᠶᠠᠭ᠎ᠠ ᠰᠠᠪᠬ᠎ᠠ ᠶᠢ  ᠦᠷᠭᠦᠯᠵᠢ ᠵᠠᠷᠤᠬᠤ ᠨᠢ ᠬᠤᠳᠤᠭᠤᠳᠤ ᠭᠡᠳᠠᠰᠤ ᠶᠢ ᠠᠷᠢᠭᠤᠳᠬᠠᠨ ᠠᠯᠢᠪᠠ ᠡᠪᠡᠳᠴᠢᠨ ᠡᠭᠦᠰᠭᠡᠭᠴᠢ ᠨᠢᠶᠠᠨ ᠪᠢᠴᠢᠯ  ᠡᠯᠧᠮᠧᠨ᠋ᠲ ᠢ ᠤᠰᠠᠳᠬᠠᠬᠤ ᠦᠢᠯᠡᠳᠤᠯ ᠲᠠᠢ ᠪᠠᠶᠢᠳᠠᠭ᠃ ᠳᠡᠭᠡᠪᠡᠯ ᠮᠦᠩᠭᠦᠨ ᠤ ᠬᠤᠤᠷ ᠢ ᠳᠠᠨᠢᠬᠤ ᠦᠢᠯᠡᠳᠤᠯ ᠤᠨ  ᠳᠠᠯ᠎ᠡ ᠪᠠᠷ ᠪᠢᠳᠠ ᠨᠡᠩ ᠴᠤ ᠠᠨᠳᠠᠬᠤ ᠦᠭᠡᠢ ᠰᠠᠶᠢᠨ ᠮᠡᠳᠡᠳᠡᠭ᠃ ᠡᠷᠳᠡᠨ ᠦᠶ᠎ᠡ ᠠᠴᠠ ᠮᠤᠩᠭᠤᠯᠴᠤᠳ  ᠭᠤᠤᠯᠳᠠᠭᠤ ᠮᠦᠩᠭᠦᠨ ᠠᠶᠠᠭ᠎ᠠ ᠰᠠᠪᠬ᠎ᠠ᠂ ᠮᠦᠩᠭᠦᠨ ᠰᠠᠪᠠ ᠰᠠᠭᠤᠯᠠᠭ᠎ᠠ ᠵᠡᠷᠭᠡ ᠶᠢ ᠭᠡᠷᠡᠭᠯᠡᠵᠤ᠂ ᠢᠳᠡᠭᠡᠨ  ᠤᠮᠳᠠᠭᠠᠨ ᠳᠤ ᠭᠦᠷᠦᠯᠴᠡᠭᠰᠡᠨ ᠮᠦᠩᠭᠦᠨ ᠤ ᠦᠩᠭᠡ ᠬᠤᠪᠢᠷᠠᠪᠠᠯ ᠬᠤᠤᠷ ᠲᠠᠢ ᠭᠡᠵᠤ ᠰᠢᠯᠭᠠᠨ ᠳᠠᠨᠢᠳᠠᠭ ᠠᠵᠢ᠃  ᠳᠠᠭᠠᠤ ᠳᠤᠨᠢ ᠶᠠᠷᠢᠬᠤ ᠳᠤ᠂ ᠭᠤᠪᠢ ᠨᠤᠳᠤᠭ ᠲᠤ ᠤᠷᠤᠰᠢᠨ ᠠᠮᠢᠳᠤᠷᠠᠳᠠᠭ ᠮᠤᠩᠭᠤᠯᠴᠤᠳ ᠤᠰᠤᠨ  ᠭᠠᠩ ᠤᠨ ᠢᠶᠠᠨ ᠢᠷᠤᠭᠠᠷ ᠲᠤ ᠭᠡᠰᠡᠭ ᠮᠦᠩᠭᠦ ᠭᠢᠳᠡᠭ᠃ ᠢᠩᠬᠢᠵᠤ ᠮᠦᠩᠭᠦ ᠬᠢᠭᠰᠡᠨ ᠢᠶᠠᠷ ᠵᠤᠨ ᠤ ᠬᠠᠯᠠᠭᠤᠨ ᠳᠤ  ᠤᠰᠤ ᠨᠢ ᠦᠨᠦᠷ ᠤᠷᠤᠬᠤ ᠦᠭᠡᠢ ᠬᠡᠨ᠎ᠠ᠃         ᠮᠤᠩᠭᠤᠯᠴᠤᠳ ᠮᠦᠩᠭᠦᠨ ᠤ ᠤᠯᠠᠨ ᠳᠠᠪᠠᠭᠤᠯᠢᠭ ᠴᠢᠨᠠᠷ ᠢ ᠠᠯᠢ ᠡᠷᠳᠡ ᠳᠠᠨᠢᠵᠤ ᠮᠡᠳᠡᠷᠡᠨ᠂ ᠠᠮᠢᠳᠤᠷᠠᠯ  ᠠᠬᠤᠢ ᠳᠠᠭᠠᠨ ᠵᠤᠬᠢᠴᠠᠭᠤᠯᠤᠨ ᠭᠡᠷᠡᠭᠯᠡᠵᠤ ᠢᠷᠡᠭᠰᠡᠨ ᠨᠢ ᠪᠢᠳᠠᠨ ᠤ ᠡᠪᠦᠭᠡ ᠳᠡᠭᠡᠳᠤᠰ ᠤᠨ ᠭᠡᠭᠡᠨ ᠮᠡᠷᠭᠡᠨ ᠤᠢ  ᠤᠬᠠᠭᠠᠨ ᠪᠤᠶᠤ᠃ ᠭᠡᠪᠡᠴᠤ ᠡᠨᠡᠭᠦ ᠤᠯᠠᠮᠵᠢᠯᠠᠯ ᠨᠢ ᠠᠯᠭᠤᠷ ᠠᠭᠠᠵᠢᠮ ᠢᠶᠠᠷ ᠭᠡᠭᠡᠭᠳᠡᠨ ᠤᠷᠬᠢᠭᠳᠠᠭᠰᠠᠭᠠᠷ ᠪᠠᠶᠢᠵᠤ᠂  ᠮᠦᠩᠭᠦ ᠶᠢ ᠤᠤᠯ ᠤᠨ ᠰᠢᠬ ᠭᠦᠨᠳᠤᠳᠭᠡᠨ ᠦᠷᠭᠡᠨ ᠢᠶᠠᠷ ᠭᠡᠷᠡᠭᠯᠡᠭᠦ ᠦᠭᠡᠢ ᠪᠤᠯᠵᠡᠢ᠃ ᠡᠶᠢᠮᠤ ᠠᠴᠠ ᠮᠦᠩᠭᠦᠨ ᠤ  ᠦᠢᠯᠡᠳᠤᠯ ᠭᠡᠷᠡᠭᠴᠡᠭᠡ ᠶᠢ ᠰᠢᠨᠵᠢᠯᠡᠭᠦ ᠤᠬᠠᠭᠠᠨ ᠢᠶᠠᠷ ᠰᠤᠳᠤᠯᠤᠨ ᠰᠢᠨᠵᠢᠯᠡᠵᠤ᠂ ᠨᠡᠩ ᠤᠯᠠᠨ ᠭᠦᠮᠤᠰ ᠲᠤ  ᠤᠢᠢᠯᠠᠭᠠᠨ ᠳᠠᠨᠢᠭᠤᠯᠬᠤ ᠭᠡᠷᠡᠭᠳᠡᠢ ᠪᠠᠶᠢᠨ᠎ᠡ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号