ᠶᠠᠳᠠᠭᠤ ᠳᠤᠰᠬᠤᠨ ᠢ ᠪᠠᠶᠠᠵᠢᠯ ᠳᠤ ᠭᠦᠳᠦᠯᠦᠭᠰᠡᠨ ᠭᠡᠭᠡᠷ᠎ᠡ ᠶᠢᠨ ᠭᠠᠭ᠋ᠠᠢ ᠳᠡᠵᠢᠭᠡᠭᠦ ᠦᠢᠯᠡᠰ
ᠨᠡᠶᠢᠲᠡᠯᠡᠭᠰᠡᠨ ᠴᠠᠭ᠄
2016/5/31
      ᠶᠠᠳᠠᠭᠤ ᠳᠤᠰᠬᠤᠨ ᠢ ᠪᠠᠶᠠᠵᠢᠯ ᠳᠤ ᠭᠦᠳᠦᠯᠦᠭᠰᠡᠨ ᠭᠡᠭᠡᠷ᠎ᠡ ᠶᠢᠨ ᠭᠠᠭ᠋ᠠᠢ ᠳᠡᠵᠢᠭᠡᠭᠦ ᠦᠢᠯᠡᠰ — ᠵᠤᠤ ᠹᠸᠢ ᠶᠢᠨ ᠭᠡᠭᠡᠷ᠎ᠡ ᠶᠢᠨ ᠭᠠᠭ᠋ᠠᠢ ᠲᠡᠵᠢᠭᠡᠭᠦ ᠤᠨᠴᠠᠯᠢᠭᠳᠤ ᠦᠢᠯᠡ ᠠᠵᠢᠯᠯᠠᠭ᠎ᠠ ᠠᠴᠠ          ᠶᠦᠨᠨᠠᠨ ᠮᠤᠵᠢ ᠶᠢᠨ ᠬᠤᠩ ᠾᠧ ᠵᠸᠤ ᠶᠢᠨ ᠴᠠᠨᠦ᠋ᠩ ᠳᠤᠰᠬᠤᠨ ᠤ ᠤᠯᠠᠩᠭᠢ ᠭᠠᠵᠠᠷ ᠨᠢ ᠪᠦᠷ ᠠᠭᠤᠯᠠᠷᠬᠠᠭ  ᠭᠠᠵᠠᠷ ᠪᠠᠶᠢᠵᠤ᠂ ᠳᠠᠯ᠎ᠠ ᠭᠠᠵᠠᠷ ᠭᠡᠵᠤ ᠪᠠᠷᠤᠭ ᠦᠭᠡᠢ ᠪᠤᠯᠬᠤᠷ ᠳᠠᠷᠢᠶ᠎ᠠ ᠳᠠᠷᠢᠬᠤ ᠳᠤ ᠳᠠᠮᠠᠢ ᠳᠤᠭᠢᠷᠠᠳᠠᠭ ᠦᠭᠡᠢ᠃  ᠳᠤᠰ ᠳᠤᠰᠬᠤᠨ ᠤ 100 ᠭᠠᠷᠤᠢ ᠡᠷᠤᠭᠡ ᠶᠢᠨ ᠠᠮᠢᠳᠤᠷᠠᠯ ᠨᠢ ᠪᠦᠷ ᠭᠦᠴᠢᠷᠳᠡᠯᠳᠠᠢ ᠪᠠᠶᠢᠵᠤ᠂ ᠳᠤᠰᠬᠤᠨ ᠤ  ᠤᠯᠠᠩᠭᠢ ᠡᠷᠡᠭᠳᠠᠶᠢᠴᠤᠳ ᠨᠢ ᠪᠦᠷ ᠭᠠᠳᠠᠬᠰᠢ ᠭᠠᠷᠴᠤ ᠭᠦᠴᠦᠨ ᠤ ᠠᠵᠢᠯ ᠭᠢᠵᠤ ᠠᠮᠢᠳᠤᠷᠠᠯ ᠢᠶᠠᠨ ᠠᠷᠭᠠᠴᠠᠭᠠᠳᠠᠭ  ᠪᠠᠶᠢᠯ᠎ᠠ᠃ ᠭᠡᠳᠡᠯ᠎ᠡ ᠪᠤᠰᠤᠳ ᠭᠠᠵᠠᠷ ᠠᠴᠠ ᠡᠨᠡ ᠳᠤᠰᠬᠤᠨ ᠳᠤ ᠵᠤᠤ ᠹᠸᠢ ᠭᠡᠳᠡᠭ ᠨᠢᠭᠡᠨ ᠪᠠᠷᠢ ᠮᠤᠷᠳᠠᠵᠤ  ᠢᠷᠡᠭᠰᠡᠨ ᠠᠴᠠ ᠬᠤᠶᠢᠰᠢ ᠳᠤᠰ ᠳᠤᠰᠬᠤᠨ ᠳᠤ ᠰᠢᠨ᠎ᠡ ᠨᠢᠭᠡᠨ ᠬᠤᠪᠢᠷᠠᠯᠳᠠ ᠶᠢ ᠠᠪᠴᠢᠷᠠᠬᠰᠠᠨ ᠶᠤᠮ᠃ ᠳᠡᠷᠡ  ᠦᠢᠯᠡᠰ ᠪᠤᠰᠬᠠᠬᠤ ᠪᠠᠷ ᠤᠯᠠᠨ ᠳᠠᠭᠢᠨ ᠴᠢᠷᠮᠠᠶᠢᠬᠰᠠᠨ ᠤ ᠡᠴᠤᠰ ᠲᠤ ᠭᠡᠭᠡᠷ᠎ᠡ ᠶᠢᠨ ᠭᠠᠭ᠋ᠠᠢ ᠳᠡᠵᠢᠭᠡᠭᠦ ᠦᠢᠯᠡᠰ ᠢ  ᠭᠦᠭᠵᠢᠭᠦᠯᠦᠨ ᠦᠪᠡᠷ ᠢᠶᠠᠨ ᠪᠠᠶᠠᠵᠢᠬᠰᠠᠨ ᠢᠶᠠᠷ ᠪᠠᠷᠠᠬᠤ ᠦᠭᠡᠢ ᠳᠤᠰᠬᠤᠨ ᠤ ᠠᠷᠠᠳ ᠢᠶᠠᠨ ᠴᠤ ᠪᠠᠶᠠᠵᠢᠯ ᠤᠨ  ᠵᠠᠮ ᠢᠶᠠᠷ ᠵᠠᠮᠨᠠᠭᠤᠯᠤᠬᠰᠠᠨ ᠪᠠᠶᠢᠨ᠎ᠠ᠃          2008 ᠤᠨ ᠳᠤ ᠵᠤᠤ ᠹᠸᠢ ᠦᠪᠡᠷ ᠤᠨ ᠶᠠᠳᠠᠭᠤ ᠭᠦᠴᠢᠷᠳᠠᠯᠳᠠᠢ ᠠᠮᠢᠳᠤᠷᠠᠯ ᠢᠶᠠᠨ ᠬᠤᠪᠢᠷᠠᠭᠤᠯᠬᠤ ᠪᠠᠷ  ᠵᠤᠷᠢᠭ ᠰᠢᠭᠤᠳᠤᠨ ᠭᠠᠭ᠋ᠠᠢ ᠳᠡᠵᠢᠭᠡᠭᠦ ᠳᠠᠯᠠᠪᠤᠷ ᠪᠠᠶᠢᠭᠤᠯᠵᠤ ᠳᠤᠰ ᠨᠤᠳᠤᠭ ᠤᠨ ᠭᠠᠭ᠋ᠠᠢ ᠪᠤᠯᠬᠤ ᠬᠠᠨᠢ ᠬᠠᠷ᠎ᠠ  ᠭᠠᠭ᠋ᠠᠢ ᠶᠢ 100 ᠶᠢ ᠤᠷᠤᠭᠤᠯᠵᠤ ᠳᠡᠵᠢᠭᠡᠭᠰᠡᠨ ᠪᠠᠶᠢᠨ᠎ᠠ᠃ ᠨᠢᠭᠡ ᠵᠢᠯ ᠤᠨ ᠳᠠᠷᠠᠭ᠎ᠠ ᠳᠡᠷᠡ ᠡᠳᠡᠭᠡᠷ ᠭᠠᠭ᠋ᠠᠢ ᠪᠠᠨ  ᠬᠤᠳᠠᠯᠳᠤᠵᠤ 10 ᠲᠦᠮᠡᠨ ᠲᠦᠭᠦᠷᠢᠭ ᠤᠨ ᠤᠷᠤᠯᠭ᠎ᠠ ᠤᠯᠤᠬᠰᠠᠨ ᠪᠠᠶᠢᠨ᠎ᠠ᠃ ᠵᠢᠯ ᠳᠡᠭᠡᠨ 10 ᠲᠦᠮᠡᠨ  ᠲᠦᠭᠦᠷᠢᠭ ᠤᠨ ᠤᠷᠤᠯᠭ᠎ᠠ ᠤᠯᠤᠨ᠎ᠠ ᠭᠡᠳᠡᠭ ᠴᠢᠨᠢ ᠳᠤᠰ ᠳᠤᠰᠬᠤᠨ ᠳᠤ ᠠᠪᠴᠤ ᠭᠡᠯᠡᠪᠡᠯ ᠶᠤᠰᠤᠳᠠᠢ ᠶᠡᠭᠡ  ᠤᠷᠤᠯᠭ᠎ᠠ ᠭᠡᠵᠤ ᠮᠡᠳᠡ᠃ ᠭᠡᠪᠡᠴᠤ ᠭᠠᠭ᠋ᠠᠢ ᠳᠡᠵᠢᠭᠡᠭᠡᠳ ᠡᠳᠤᠢ ᠶᠡᠭᠡ ᠤᠷᠤᠯᠭ᠎ᠠ ᠤᠯᠤᠬᠰᠠᠨ ᠴᠤ ᠵᠤᠤ ᠹᠸᠢ  ᠬᠠᠷᠢᠨ ᠪᠠᠶᠠᠷᠯᠠᠵᠤ ᠴᠢᠳᠠᠬᠤ ᠦᠭᠡᠢ ᠪᠠᠶᠢᠯ᠎ᠠ᠃ ᠭᠦᠮᠦᠰ ᠳᠡᠭᠦᠨ ᠠᠴᠠ ︽ᠴᠢ ᠳᠡᠳᠤᠢ ᠶᠡᠭᠡ ᠤᠷᠤᠯᠭ᠎ᠠ  ᠤᠯᠴᠢᠬᠠᠭᠠᠳ ᠶᠠᠭᠤᠨ ᠳᠤ ᠪᠠᠶᠠᠷᠯᠠᠬᠤ ᠦᠭᠡᠢ ᠪᠠᠶᠢᠭ᠎ᠠ ᠪᠤᠢ︖︾ ᠭᠡᠭᠦ ᠳᠤ ᠳᠡᠷᠡ ︽ᠪᠢ ᠦᠪᠡᠷ ᠢᠶᠠᠨ ᠦᠢᠯᠡᠰ  ᠪᠤᠰᠬᠠᠨ ᠤᠷᠤᠯᠭ᠎ᠠ ᠡᠭᠦᠳᠴᠤ ᠪᠠᠶᠢᠭ᠎ᠠ ᠨᠢ ᠭᠠᠳᠠᠬᠰᠢ ᠭᠠᠷᠴᠤ ᠠᠵᠢᠯ ᠭᠢᠵᠤ ᠪᠠᠶᠢᠭ᠎ᠠ ᠡᠷ᠎ᠡ ᠨᠦᠭᠦᠷ ᠢᠶᠠᠨ ᠡᠷᠳᠡ  ᠨᠢᠭᠡ ᠡᠳᠤᠷ ᠬᠠᠷᠢᠵᠤ ᠢᠷᠡᠭᠦᠯᠭᠦ ᠶᠢᠨ ᠲᠦᠯᠦᠭᠡ ᠶᠤᠮ᠃ ᠭᠡᠳᠡᠯ᠎ᠡ ᠳᠡᠷᠡ ᠦᠪᠡᠷ ᠤᠨ ᠠᠵᠢᠯ ᠭᠢᠵᠤ ᠪᠠᠶᠢᠭ᠎ᠠ  ᠦᠢᠯᠡᠳᠪᠦᠷᠢ ᠳᠡᠭᠡᠨ ᠪᠠᠰᠠ ᠪᠠᠭ᠎ᠠ ᠵᠡᠷᠭᠡ ᠳᠤᠰᠢᠶᠠᠯ ᠲᠠᠢ ᠪᠤᠯᠤᠬᠰᠠᠨ ᠠᠴᠠ ᠳᠡᠭᠦᠨ ᠤ ᠵᠢᠯ ᠳᠡᠭᠡᠨ ᠤᠯᠬᠤ  ᠤᠷᠤᠯᠭ᠎ᠠ ᠨᠢ ᠨᠠᠳᠠ ᠠᠴᠠ ᠢᠯᠡᠭᠦᠦ ᠪᠤᠯᠤᠬᠰᠠᠨ ᠪᠤᠯᠬᠤᠷ ᠳᠡᠷᠡ ᠪᠠᠰᠠ ᠬᠠᠷᠢᠵᠤ ᠢᠷᠡᠬᠦ ᠳᠤᠷ᠎ᠠ ᠦᠭᠡᠢ ᠪᠠᠶᠢᠬᠰᠠᠭᠠᠷ  ︾ ᠭᠡᠳᠡᠭ ᠪᠠᠶᠢᠯ᠎ᠠ᠃ ︽ᠡᠷ᠎ᠡ ᠨᠦᠭᠦᠷ ᠢᠶᠠᠨ ᠡᠷᠳᠡ ᠨᠢᠭᠡ ᠡᠳᠤᠷ ᠨᠤᠳᠤᠭ ᠪᠤᠴᠠᠭᠤᠯᠵᠤ ᠨᠢᠭᠡ ᠭᠡᠷ  ᠪᠦᠯᠢ ᠪᠠᠷ ᠢᠶᠠᠨ ᠵᠤᠯ ᠵᠢᠷᠭᠠᠯ ᠲᠠᠢ ᠠᠮᠢᠳᠤᠷᠠᠶ᠎ᠠ ᠭᠡᠪᠡᠯ ᠡᠷᠭᠡᠪᠰᠢ ᠳᠡᠭᠦᠨ ᠠᠴᠠ ᠢᠯᠡᠭᠦᠦ ᠤᠷᠤᠯᠭ᠎ᠠ ᠤᠯᠬᠤ  ᠭᠡᠷᠡᠭᠳᠠᠢ︾ ᠭᠡᠳᠡᠭ ᠪᠤᠯ ᠵᠤᠤ ᠹᠸᠢ ᠶᠢᠨ ᠪᠤᠳᠤᠯ᠃ ᠢᠡᠭᠭᠢᠭᠡᠳ ᠳᠡᠷᠡ ᠭᠠᠭ᠋ᠠᠢ ᠳᠡᠵᠢᠭᠡᠭᠦ ᠦᠢᠯᠡᠰ ᠠᠴᠠ ᠪᠠᠨ ᠨᠡᠩ  ᠶᠡᠭᠡ ᠠᠰᠢᠬ ᠤᠷᠤᠯᠭ᠎ᠠ ᠤᠯᠬᠤ ᠶᠢᠨ ᠲᠦᠯᠦᠭᠡ ᠰᠤᠷᠤᠯᠴᠠᠯᠭ᠎ᠠ ᠪᠤᠯᠪᠠᠰᠤᠷᠠᠯ ᠳᠤ ᠢᠯᠡᠭᠦᠭᠡᠨ ᠤᠷᠤᠯᠴᠠᠬᠤ  ᠵᠡᠷᠭᠡ ᠪᠠᠷ ᠦᠪᠡᠷ ᠤᠨ ᠮᠡᠳᠡᠯᠭᠡ ᠪᠠᠨ ᠨᠡᠮᠡᠭᠳᠡᠭᠦᠯᠭᠦ ᠪᠡ ᠵᠠᠬ᠎ᠠ ᠳᠡᠯᠭᠡᠭᠦᠷ ᠤᠨ ᠰᠤᠷᠠᠭ ᠵᠠᠩᠭᠢ ᠶᠢ ᠤᠯᠳᠠᠭ ᠪᠠᠶᠢᠯ᠎ᠠ᠃  ᠨᠢᠭᠡ ᠤᠳᠠᠭ᠎ᠠ ᠳᠡᠷᠡ ᠰᠤᠷᠤᠯᠴᠠᠯᠭ᠎ᠠ ᠳᠤ ᠤᠷᠤᠯᠴᠠᠬᠤ ᠪᠠᠷ ᠳᠠᠮᠵᠢᠨ ᠭᠡᠭᠡᠷ᠎ᠡ ᠶᠢᠨ ᠭᠠᠭ᠋ᠠᠢ ᠳᠡᠵᠢᠭᠡᠪᠡᠯ ᠤᠯᠬᠤ  ᠠᠰᠢᠬ ᠤᠷᠤᠯᠭ᠎ᠠ ᠨᠢ ᠡᠩ ᠤᠨ ᠭᠠᠭ᠋ᠠᠢ ᠳᠡᠵᠢᠭᠡᠭᠰᠡᠨ ᠠᠴᠠ 10 ᠳᠠᠭᠢᠨ ᠢᠯᠡᠭᠦᠦ ᠪᠠᠶᠢᠳᠠᠭ ᠭᠡᠰᠡᠨ ᠢ ᠮᠡᠳᠡᠭᠰᠡᠨ ᠤ  ᠳᠠᠷᠠᠭ᠎ᠠ ᠭᠡᠭᠡᠷ᠎ᠡ ᠶᠢᠨ ᠭᠠᠭ᠋ᠠᠢ ᠳᠡᠵᠢᠭᠡᠭᠦ ᠪᠠᠷ ᠵᠤᠷᠢᠭ ᠰᠢᠭᠤᠳᠴᠤ᠂ ᠪᠤᠰᠤᠳ ᠭᠠᠵᠠᠷ ᠢᠶᠠᠷ ᠭᠦᠷᠴᠤ ᠭᠡᠭᠡᠷ᠎ᠡ ᠶᠢᠨ  ᠭᠠᠭ᠋ᠠᠢ ᠳᠡᠵᠢᠭᠡᠵᠤ ᠪᠠᠶᠢᠭ᠎ᠠ ᠪᠠᠶᠢᠳᠠᠯ ᠢ ᠦᠵᠡᠭᠰᠡᠨ ᠤ ᠪᠠᠨ ᠳᠠᠷᠠᠭ᠎ᠠ 26 ᠮᠦ ᠭᠠᠵᠠᠷ ᠳᠠᠭᠠᠭᠠᠴᠢᠯᠠᠨ ᠠᠪᠴᠤ᠂  ᠭᠠᠳᠠᠨ᠎ᠠ ᠠᠴᠠ 160 ᠭᠠᠷᠤᠢ ᠭᠡᠭᠡᠷ᠎ᠡ ᠶᠢᠨ ᠭᠠᠭ᠋ᠠᠢ ᠤᠷᠤᠭᠤᠯᠵᠤ ᠠᠪᠴᠢᠷᠠᠬᠰᠠᠨ ᠪᠠᠶᠢᠨ᠎ᠠ᠃ ᠳᠡᠭᠦᠨ ᠤ ᠡᠷ᠎ᠡ  ᠨᠦᠭᠦᠷ ᠨᠢ ᠨᠢᠭᠡ ᠤᠳᠠᠭ᠎ᠠ ᠭᠡᠷ ᠲᠡᠭᠡᠨ ᠬᠠᠷᠢᠵᠤ ᠢᠷᠡᠭᠡᠳ ᠭᠡᠭᠡᠷ᠎ᠡ ᠶᠢᠨ ᠭᠠᠭ᠋ᠠᠢ ᠵᠡᠷᠯᠢᠭ ᠪᠠᠶᠢᠵᠤ᠂  ᠬᠤᠭᠤᠷᠤᠨᠳᠤ ᠪᠠᠨ ᠵᠤᠳᠤᠯᠳᠤᠵᠤ ᠨᠤᠴᠤᠯᠳᠤᠬᠤ ᠨᠢ ᠴᠤ ᠭᠡᠴᠡᠭᠦᠦ ᠪᠠᠶᠢᠳᠠᠭ ᠪᠤᠯᠬᠤᠷ ᠨᠢᠭᠡ ᠡᠮᠡᠭᠳᠠᠢ ᠭᠦᠮᠦᠨ  ᠳᠡᠭᠦᠨ ᠢ ᠳᠡᠵᠢᠭᠡᠨ᠎ᠡ ᠭᠡᠳᠡᠭ ᠮᠦᠨ ᠭᠡᠴᠡᠭᠦᠦ ᠭᠡᠮᠡᠨ ᠪᠤᠳᠤᠭᠠᠳ ᠨᠤᠳᠤᠭ ᠲᠠᠭᠠᠨ ᠦᠯᠡᠳᠡᠵᠤ ᠪᠦᠰᠡᠭᠦᠢ ᠲᠠᠢ ᠪᠠᠨ  ᠬᠤᠶᠠᠭᠤᠯᠠ ᠭᠡᠭᠡᠷ᠎ᠡ ᠶᠢᠨ ᠭᠠᠭ᠋ᠠᠢ ᠳᠡᠵᠢᠭᠡᠭᠦ ᠪᠠᠷ ᠵᠤᠷᠢᠭ ᠰᠢᠭᠤᠳᠴᠠᠢ᠃ ᠨᠦᠭᠦᠷ ᠨᠢ ᠳᠡᠭᠦᠨ ᠢ ᠬᠠᠪᠰᠤᠷᠬᠤ ᠪᠠᠷ  ᠪᠤᠯᠤᠬᠰᠠᠨ ᠳᠤ ᠵᠤᠤ ᠹᠸᠢ ᠶᠢᠨ ᠢᠳᠡᠭᠡᠯ ᠵᠤᠷᠢᠭ ᠤᠯᠠᠮ ᠭᠦᠪᠴᠢᠯᠡᠭᠳᠡᠨ ᠳᠡᠷᠡ ᠭᠠᠭ᠋ᠠᠢ ᠳᠡᠵᠢᠭᠡᠭᠦ ᠳᠠᠯᠠᠪᠤᠷ ᠢᠶᠠᠨ  ᠨᠦᠭᠦᠷ ᠲᠡᠭᠡᠨ ᠳᠤᠰᠢᠶᠠᠵᠤ ᠦᠭᠭᠦᠭᠰᠡᠨ ᠤ ᠳᠠᠷᠠᠭ᠎ᠠ ᠦᠪᠡᠷ ᠢᠶᠠᠨ ᠳᠠᠷᠢᠶᠠᠴᠢᠨ ᠠᠶᠢᠯ ᠢᠶᠠᠷ ᠳᠤᠭᠤᠷᠢᠵᠤ ᠬᠤᠪᠤᠷ  ᠴᠤᠬᠠᠭ ᠭᠡᠭᠡᠷ᠎ᠡ ᠶᠢᠨ ᠭᠠᠭ᠋ᠠᠢ ᠡᠷᠢᠵᠤ ᠶᠠᠪᠤᠵᠠᠢ᠃ ᠭᠤᠷᠪᠠᠨ ᠰᠠᠷ᠎ᠠ ᠭᠠᠷᠤᠢ ᠡᠷᠢᠵᠤ ᠪᠠᠶᠢᠭᠠᠳ ᠳᠡᠷᠡ ᠶᠦᠨᠨᠠᠨ  ᠮᠤᠵᠢ ᠶᠢᠨ ᠨᠢᠭᠡᠨ ᠪᠤᠶᠢᠳᠠ ᠳᠤᠰᠬᠤᠨ ᠠᠴᠠ ︽ᠳ᠋ᠢᠶᠠᠨ ᠨᠠᠨ ᠵᠢᠵᠢᠭ ᠴᠢᠭᠢᠳᠤ ᠭᠠᠭ᠋ᠠᠢ︾ ᠭᠡᠳᠡᠰᠤ ᠨᠢ ᠪᠦᠳᠦᠭᠦᠨ  ᠴᠢᠭᠢ ᠨᠢ ᠪᠠᠭ᠎ᠠ ᠭᠡᠭᠡᠷ᠎ᠡ ᠶᠢᠨ ᠭᠠᠭ᠋ᠠᠢ ᠶᠢ ᠤᠯᠵᠤ ᠠᠪᠤᠬᠰᠠᠨ ᠪᠠᠶᠢᠯ᠎ᠠ᠃ ᠳᠡᠷᠡ ᠡᠶᠢᠮᠤ ᠭᠠᠭ᠋ᠠᠢ ᠶᠢ ᠲᠦᠷᠪᠡ ᠶᠢ  ᠤᠯᠵᠤ ᠠᠪᠤᠭᠠᠳ ᠦᠪᠡᠷ ᠤᠨ ᠭᠠᠭ᠋ᠠᠢ ᠲᠠᠢ ᠪᠠᠨ ᠡᠷᠯᠢᠰᠡᠵᠢᠭᠦᠯᠦᠭᠰᠡᠨ ᠪᠠᠶᠢᠨ᠎ᠠ᠃ 2012 ᠤᠨ ᠤ 2 ᠳ᠋ᠤᠭᠠᠷ  ᠰᠠᠷ᠎ᠠ ᠳᠤ ᠠᠩᠬᠠᠨ ᠤ ᠪᠦᠯᠦᠭ ᠡᠷᠯᠢᠰᠡ ᠲᠤᠷᠤᠢ ᠨᠢ ᠭᠠᠷᠤᠬᠰᠠᠨ ᠳᠤ ᠳᠡᠷᠡ ᠶᠡᠭᠡᠳᠡ ᠪᠠᠶᠠᠷᠯᠠᠵᠠᠢ᠃ ᠳᠡᠷᠡ  ᠭᠠᠭ᠋ᠠᠢ ᠶᠢᠨ ᠰᠦᠷᠦᠭ ᠤᠨ ᠢᠶᠠᠨ ᠵᠡᠷᠯᠢᠭ ᠴᠢᠨᠠᠷ ᠢ ᠪᠠᠳᠤᠯᠠᠬᠤ ᠶᠢᠨ ᠲᠦᠯᠦᠭᠡ ᠡᠳᠤᠷ ᠨᠢ ᠭᠡᠭᠡᠷ᠎ᠡ ᠠᠪᠠᠴᠢᠵᠤ  ᠬᠠᠷᠢᠭᠤᠯᠤᠨ ᠤᠷᠤᠢ ᠨᠢ ᠠᠪᠴᠢᠷᠠᠵᠤ ᠬᠤᠷᠢᠳᠠᠭ᠃ ᠭᠡᠳᠡᠯ᠎ᠡ ᠡᠨᠡ ᠦᠶ᠎ᠡ ᠳᠤ ᠬᠠᠷᠢᠨ ᠬᠠᠴᠢᠨ ᠰᠤᠨᠢᠨ ᠤᠴᠢᠷ  ᠭᠠᠷᠴᠤ᠂ ᠲᠤᠷᠤᠢ ᠨᠢ ᠶᠠᠮᠠᠷ ᠴᠤ ᠤᠴᠢᠷ ᠰᠢᠯᠳᠠᠭᠠᠨ ᠦᠭᠡᠢ ᠪᠠᠷ ᠠᠯᠠᠭ᠎ᠠ ᠪᠤᠯᠴᠢᠬᠠᠪᠠ᠃ ᠪᠢᠴᠢᠬᠠᠨ ᠳᠤᠷᠤᠢ  ᠶᠠᠭᠠᠭᠢᠭᠠᠳ ᠠᠯᠠᠭ᠎ᠠ ᠪᠤᠯᠴᠢᠬᠠᠪᠠ︖ ᠳᠡᠷᠡ ᠡᠭᠦᠨ ᠤ ᠰᠢᠯᠳᠠᠭᠠᠨ ᠢ ᠤᠯᠬᠤ ᠶᠢᠨ ᠳᠤᠰᠠᠳᠠ 4 ᠳ᠋ᠤᠭᠡᠷ ᠰᠠᠷ᠎ᠠ ᠳᠤ  ᠨᠢᠭᠡᠨ ᠮᠡᠭᠡᠵᠢ ᠨᠢ ᠵᠤᠯᠵᠠᠭᠠᠯᠠᠬᠰᠠᠨ ᠤ ᠳᠠᠷᠠᠭ᠎ᠠ ᠳᠡᠷᠡ ᠠᠭᠤᠯᠠᠨ ᠳᠤ ᠭᠠᠭ᠋ᠠᠢ ᠪᠠᠨ ᠬᠠᠷᠢᠭᠤᠯᠵᠤ ᠶᠠᠪᠤᠬᠤ  ᠳᠤᠮᠳᠠ ᠪᠠᠨ ᠰᠡᠮᠡᠭᠡᠷ ᠭᠡᠳᠡᠵᠤ ᠪᠠᠶᠢᠭᠠᠳ ᠦᠷ᠎ᠡ ᠶᠢᠨ ᠭᠠᠭ᠋ᠠᠢ ᠨᠢ ᠵᠤᠯᠵᠠᠭ᠎ᠠ ᠪᠠᠨ ᠪᠠᠷᠢᠵᠤ ᠢᠳᠡᠵᠤ ᠪᠠᠶᠢᠬᠤ ᠶᠢ  ᠤᠯᠵᠤ ᠮᠡᠳᠡᠵᠠᠢ᠃ ᠳᠡᠭᠡᠭᠡᠳ ᠳᠡᠷᠡ ᠵᠤᠯᠵᠠᠭ᠎ᠠ ᠪᠠᠨ ᠬᠤᠴᠤᠷᠭᠠᠨ ᠨᠡᠯᠢᠶᠡᠳ ᠳᠤᠮᠤ ᠪᠤᠯᠤᠬᠰᠠᠨ ᠤ ᠳᠠᠷᠠᠭ᠎ᠠ ᠰᠠᠶ᠋ᠢ  ᠪᠦᠳᠦᠭᠦᠨ ᠭᠠᠭ᠋ᠠᠢ ᠲᠠᠢ ᠴᠤᠭ ᠭᠡᠭᠡᠷ᠎ᠡ ᠬᠠᠷᠢᠭᠤᠯᠳᠠᠭ ᠪᠤᠯᠤᠬᠰᠠᠨ ᠠᠴᠠ ᠳᠠᠭᠢᠵᠤ ᠲᠤᠷᠤᠢ ᠪᠠᠨ ᠪᠠᠷᠢᠵᠤ ᠢᠳᠡᠭᠦ  ᠦᠵᠡᠭᠳᠡᠯ ᠭᠠᠷᠤᠬᠰᠠᠨ ᠦᠭᠡᠢ ᠪᠢᠯᠡ᠃          2013 ᠤᠨ ᠳᠤ ᠳᠡᠷᠡ ᠡᠷᠯᠢᠰᠡᠵᠢᠭᠦᠯᠦᠭᠰᠡᠨ ᠭᠠᠭ᠋ᠠᠢ ᠪᠠᠨ ᠪᠤᠷᠤᠯᠠᠭᠤᠯᠬᠤ ᠳᠤ ᠤᠯᠠᠨ ᠠᠷᠪᠢᠨ  ᠬᠤᠳᠠᠯᠳᠤᠭᠠᠴᠢᠳ ᠢᠷᠡᠵᠤ᠂ ᠳᠡᠳᠡᠨ ᠲᠠᠢ ᠭᠡᠷ᠎ᠡ ᠳᠤᠬᠳᠠᠨ ᠬᠤᠳᠠᠯᠳᠤᠵᠤ ᠠᠪᠤᠬᠰᠠᠨ ᠠᠴᠠ ᠳᠡᠷᠡ ᠡᠨᠡ ᠵᠢᠯ 80  ᠲᠦᠮᠡᠨ ᠲᠦᠭᠦᠷᠢᠭ ᠤᠨ ᠤᠷᠤᠯᠭ᠎ᠠ ᠤᠯᠤᠬᠰᠠᠨ ᠪᠠᠶᠢᠨ᠎ᠠ᠃ ᠳᠡᠭᠦᠨ ᠤ ᠡᠷᠯᠢᠰᠡᠵᠢᠭᠦᠯᠦᠭᠰᠡᠨ ᠭᠠᠭ᠋ᠠᠢ ᠶᠢᠨ ᠮᠢᠬ᠎ᠠ ᠨᠢ  ᠰᠠᠶᠢᠬᠠᠨ ᠠᠯᠠᠬᠯᠠᠬᠰᠠᠨ ᠪᠠᠶᠢᠳᠠᠭ ᠪᠤᠯᠬᠤᠷ ᠭᠠᠭ᠋ᠠᠢ ᠶᠢᠨ ᠮᠢᠬ᠎ᠠ ᠰᠢᠷᠠᠵᠤ ᠢᠳᠡᠭᠦ ᠳᠤᠷᠠᠳᠠᠢ ᠶᠦᠨᠨᠡᠨ ᠤᠷᠤᠨ ᠤ  ᠭᠦᠮᠦᠰ ᠤᠨ ᠦᠨᠦᠷ ᠠᠮᠳᠠ ᠳᠤ ᠶᠠᠬ ᠳᠠᠭᠠᠷᠠᠬᠰᠠᠨ ᠪᠠᠶᠢᠯ᠎ᠠ᠃ ᠳᠡᠷᠡ ᠭᠠᠭ᠋ᠠᠢ ᠳᠡᠵᠢᠭᠡᠭᠦ ᠪᠠᠶᠠᠵᠢᠯ ᠤᠨ ᠵᠠᠮ ᠢ  ᠨᠡᠭᠡᠭᠡᠭᠰᠡᠨ ᠤ ᠪᠠᠨ ᠳᠠᠷᠠᠭ᠎ᠠ ᠳᠤᠰᠬᠤᠨ ᠤ ᠪᠠᠨ ᠠᠷᠠᠳ ᠢ ᠳᠠᠶᠢᠴᠢᠯᠠᠨ ᠳᠠᠭᠠᠭᠤᠯᠵᠤ ᠬᠤᠷᠰᠢᠶᠠᠵᠢᠯ ᠪᠠᠶᠢᠭᠤᠯᠤᠨ  ᠬᠠᠮᠳᠤ ᠪᠠᠷ ᠪᠠᠶᠠᠵᠢᠯ ᠤᠨ ᠵᠠᠮ ᠢ ᠵᠠᠮᠨᠠᠵᠤ ᠶᠠᠪᠤᠨ᠎ᠠ᠃             ︵︽ᠲᠦᠪ ᠲᠧᠯᠸᠢᠰ ᠤᠨ ᠲᠤᠤᠷ ᠰᠦᠯᠵᠢᠶ᠎ᠡ︾ ᠠᠴᠠ ᠢᠷᠭᠤᠢ ᠤᠷᠴᠢᠭᠤᠯᠤᠨ ᠠᠪᠤᠪᠠ︶    
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号