ᠳᠣᠭᠤᠯᠠᠩ ᠬᠦᠮᠦᠨ ᠪᠠ ᠡᠪᠤᠭᠡᠨ ᠪᠣᠷᠬᠠᠨ
ᠨᠡᠶᠢᠲᠡᠯᠡᠭᠰᠡᠨ ᠴᠠᠭ᠄
2016/7/18
          ᠨᠢᠭᠡ ᠳᠣᠭᠤᠯᠠᠩ ᠬᠦᠮᠦᠨ ᠳᠣᠭᠤᠯᠠᠩ ᠲᠡᠭᠡᠯᠡᠩ ᠭᠡᠭᠰᠡᠭᠡᠷ ᠵᠠᠮ ᠬᠦᠭᠡᠭᠡᠵᠦ ᠪᠠᠶᠢᠵᠠᠢ ᠭᠡᠨ᠎ᠡ᠃ ᠶᠠᠪᠤᠭᠰᠠᠭᠠᠷ ᠪᠠᠶᠢᠵᠦ ᠦᠯᠦᠰᠦᠭᠡᠳ ᠠᠯᠬᠤᠵᠤ ᠳᠡᠶᠢᠯᠬᠦ ᠦᠭᠡᠢ ᠵᠣᠪᠠᠵᠤ ᠪᠠᠶᠢᠳᠠᠯ᠎ᠠ ᠡᠮᠤᠨ᠎ᠡ ᠠᠴᠠ ᠨᠢ ᠤᠷᠲᠤ ᠴᠠᠮᠴᠠ ᠡᠮᠤᠰᠴᠤ ᠦᠨᠳᠤᠷ ᠲᠠᠶᠠᠭ ᠲᠤᠯᠤᠭᠰᠠᠨ ᠡᠪᠤᠭᠡᠨ ᠪᠣᠷᠬᠠᠨ ᠬᠦᠷᠴᠤ ᠢᠷᠡᠪᠡ᠃ ᠡᠨᠡ ᠳᠣᠭᠤᠯᠠᠩ ᠬᠦᠮᠦᠨ ᠲᠡᠭᠦᠨ ᠢ ᠡᠪᠤᠭᠡᠨ ᠪᠣᠷᠬᠠᠨ ᠭᠡᠵᠦ ᠲᠠᠨᠢᠭᠰᠠᠨ ᠦᠭᠡᠢ  ︽ᠠᠪᠤ ᠡ︾ ᠭᠡᠵᠦ ᠳᠠᠭᠤᠳᠠᠨ ᠡᠪᠦᠳᠦᠭ ᠳᠠᠷᠤᠨ ᠰᠦᠭᠦᠳᠤᠭᠡᠳ  ᠄ ︽ᠢᠳᠡᠬᠦ ᠶᠠᠭᠤᠮ᠎ᠠ ᠪᠠᠶᠢᠪᠠᠯ ᠵᠢᠭᠠᠬᠠᠨ ᠦᠭᠴᠦ ᠦᠯ ᠭᠤᠣᠯ ᠵᠣᠯᠭᠠᠭᠤᠯᠬᠤ ᠪᠣᠯᠪᠠᠥ︾ ᠭᠡᠵᠦ ᠭᠤᠶᠤᠵᠠᠢ᠃ ᠡᠪᠤᠭᠡᠨ ᠪᠣᠷᠬᠠᠨ ᠲᠡᠭᠦᠨ ᠤ ᠡᠨᠡ ᠪᠠᠶᠢᠳᠠᠯ ᠢ ᠦᠵᠡᠭᠡᠳ  ᠮᠠᠰᠢᠲᠠ ᠦᠷᠤ ᠡᠪᠡᠳᠴᠦ᠂ ᠬᠤᠷᠤᠭᠤ ᠪᠠᠷ ᠢᠶᠠᠨ ᠬᠠᠵᠠᠭᠤᠳᠡᠬᠢ ᠡᠪᠡᠰᠤ ᠮᠣᠳᠤ ᠶᠢ ᠵᠢᠭᠠᠭᠰᠠᠨ ᠴᠢᠨᠢ ᠬᠠᠷᠠᠵᠤ ᠪᠠᠶᠢᠳᠠᠯ᠎ᠠ ᠬᠠᠪ ᠬᠠᠯᠠᠭᠤᠨ ᠵᠠᠭᠤᠰᠢ ᠬᠤᠭᠤᠯᠠ ᠪᠣᠯᠤᠨ ᠬᠤᠪᠢᠯᠤᠭᠰᠠᠨ ᠲᠤᠯᠠ ᠲᠡᠷᠡ ᠳᠣᠭᠤᠯᠠᠩ ᠬᠦᠮᠦᠨ ᠴᠠᠳᠲᠠᠯ᠎ᠠ ᠪᠠᠨ ᠢᠳᠡᠭᠰᠡᠨ ᠭᠡᠨ᠎ᠡ᠃        ᠳᠣᠭᠤᠯᠠᠩ ᠬᠦᠮᠦᠨ ︽ᠡᠨᠡ ᠡᠪᠤᠭᠡᠨ ᠴᠢᠨᠢ ᠰᠦᠷᠡᠬᠡᠢ ᠡᠷᠳᠡᠮ ᠲᠠᠢ ᠡᠪᠤᠭᠡᠨ ᠶᠤᠮ ᠪᠠᠶᠢᠨ᠎ᠠ︾ ᠭᠡᠵᠦ ᠪᠣᠳᠤᠭᠠᠳ᠄ ︽ᠡᠪᠤᠭᠡᠨ ᠠᠪᠤ ᠡ᠂ ᠲᠠ ᠮᠢᠨᠤ ᠮᠠᠭᠤ ᠬᠦᠯ ᠢ ᠵᠠᠰᠠᠭᠠᠳ ᠦᠭᠭᠦᠨ᠎ᠡ ᠤᠤ︖︾ ᠭᠡᠵᠦ ᠭᠤᠶᠤᠭᠰᠠᠨ ᠎ ᠲᠤ ᠡᠪᠤᠭᠡᠨ ᠪᠣᠷᠬᠠᠨ ᠲᠡᠭᠦᠨ ᠤ ᠬᠦᠯ ᠢ ᠵᠢᠭᠠᠮᠠᠭᠴᠠ ᠬᠦᠯ ᠨᠢ ᠳᠣᠣᠷ᠎ᠠ ᠪᠠᠨ ᠡᠷᠡᠭᠦᠯ ᠪᠣᠯᠵᠠᠢ᠃ ᠲᠡᠭᠡᠭᠡᠳ ᠲᠡᠷᠡ ᠬᠤᠶᠠᠭᠤᠯᠠ ᠬᠠᠮᠲᠤ ᠵᠠᠮᠨᠠᠵᠤ᠂ ᠶᠠᠪᠤᠭᠰᠠᠭᠠᠷ ᠪᠠᠶᠢᠭᠠᠳ ᠰᠠᠯᠬᠤ ᠪᠣᠯᠤᠭᠰᠠᠨ ᠲᠤ ᠡᠪᠤᠭᠡᠨ ᠪᠣᠷᠬᠠᠨ ᠨᠢᠭᠡ ᠬᠡᠰᠡᠭ ᠴᠢᠯᠠᠭᠤ ᠶᠢ ᠬᠤᠷᠤᠭᠤ ᠪᠠᠷ ᠢᠶᠠᠨ ᠵᠢᠭᠠᠵᠤ ᠪᠢᠯᠢᠭ ᠤᠨ ᠬᠡᠭᠡᠷ ᠪᠣᠯᠭᠠᠨ ᠬᠤᠪᠢᠯᠭᠠᠭᠠᠳ ᠲᠡᠭᠦᠨ ᠢ ᠤᠨᠤᠵᠤ ᠶᠠᠪᠤᠭᠠᠷᠠᠢ ᠭᠡᠵᠦ ᠪᠡᠯᠡᠭᠯᠡᠵᠡᠢ᠃  ᠢᠩᠭᠢᠭᠰᠡᠨ ᠴᠢᠨᠢ ᠦᠨᠦᠬᠢ ᠳᠣᠭᠤᠯᠠᠩ ᠬᠠᠷᠢᠨ᠄ ︽ ᠪᠢ ᠮᠣᠷᠢ ᠶᠢ ᠴᠢᠨᠢ ᠠᠪᠬᠤ ᠦᠭᠡᠢ ᠬᠤᠷᠤᠭᠤ ᠶᠢ ᠴᠢᠨᠢ ᠠᠪᠤᠨ᠎ᠠ︾ ᠭᠡᠵᠦ ᠵᠠᠩᠨᠠᠭᠰᠠᠨ ᠭᠡᠨ᠎ᠡ᠃        ᠡᠪᠤᠭᠡᠨ ᠪᠣᠷᠬᠠᠨ ᠡᠨᠡ ᠦᠭᠡ ᠶᠢ ᠨᠢ ᠰᠣᠨᠤᠰᠤᠭᠠᠳ ᠬᠢᠯᠢᠩ ᠲᠦᠷᠤᠵᠤ ᠬᠠᠨᠴᠤᠢ ᠪᠠᠨ ᠰᠠᠵᠢᠨ ᠲᠡᠭᠦᠨ ᠢ ᠤᠭ ᠬᠡᠪ ᠢᠶᠠᠷ ᠨᠢ ᠳᠣᠭᠤᠯᠠᠩ ᠪᠣᠯᠭᠠᠭᠠᠳ ᠴᠠᠰᠢ ᠶᠠᠪᠤᠵᠠᠢ᠃ ᠲᠡᠭᠡᠭᠦᠯᠡᠷ ᠲᠡᠷᠡ ᠳᠣᠭᠤᠯᠠᠩ ᠮᠥᠨ ᠯᠠ ᠠᠩᠬᠠᠨ ᠎ ᠤ ᠪᠠᠨ ᠠᠳᠠᠯᠢ ᠳᠣᠭᠤᠯᠳᠠᠨ ᠶᠠᠪᠤᠭᠰᠠᠭᠠᠷ ᠵᠠᠮ ᠬᠦᠨᠳᠡᠯᠢᠰᠤᠭ᠍ᠰᠡᠨ ᠭᠤᠥ ᠶᠢ ᠦᠰᠤᠷᠴᠤ ᠭᠠᠷᠬᠤ ᠭᠡᠳ ᠳᠡᠶᠢᠯᠤᠭ᠍ᠰᠡᠨ ᠦᠭᠡᠢ ᠳᠣᠲᠤᠷ᠎ᠠ ᠨᠢ ᠤᠨᠠᠭᠠᠳ  ᠄ ︽ᠠᠮᠢ ᠠᠪᠤᠷᠠ︾ ᠬᠡᠮᠡᠨ ᠤᠷᠢᠯᠠᠵᠤ ᠬᠡᠪᠲᠡᠵᠡᠢ᠃                                                  ᠤᠯᠠᠭᠠᠨᠬᠠᠳᠠ ᠶᠢᠨ ᠡᠳᠦᠷ ᠤᠨ ᠰᠣᠨᠢᠨ ᠠᠴᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号