ᠮᠣᠩᠭᠤᠯᠴᠤᠳ ᠡᠷᠲᠡ ᠳᠡᠭᠡᠲᠤ ᠠᠴᠠ ᠪᠠᠨ ᠡᠬᠢᠯᠡᠨ ᠦᠪᠡᠷ ᠤᠨ ᠡᠷᠬᠢᠯᠡᠨ ᠡᠵᠡᠮᠰᠢᠭᠰᠡᠨ ᠣᠯᠠᠨ ᠵᠠᠭᠤᠨ | ᠮᠢᠩᠭᠠᠨ ᠮᠠᠯ ᠰᠦᠷᠦᠭ ᠢᠶᠠᠨ ᠲᠠᠨᠢᠨ ᠪᠦᠷᠢᠳᠭᠡᠬᠦ ᠳᠡᠭᠡᠨ ᠮᠠᠯ ᠤᠨ ᠦᠩᠭᠡ ᠵᠢᠰᠤᠮ᠂ ᠨᠠᠰᠤ ᠰᠢᠲᠦ᠂ ᠳᠦᠷᠰᠤ | ᠶᠠᠩᠵᠤ ᠪᠠᠶᠢᠳᠠᠯ ᠵᠡᠷᠭᠡ ᠪᠠᠷ ᠨᠢ ᠵᠢᠰᠤᠯᠡᠨ ᠢᠯᠭᠠᠪᠤᠷᠢᠯᠠᠬᠤ ᠠᠷᠭ᠎ᠠ ᠴᠢᠳᠠᠪᠤᠷᠢ ᠶᠢ ᠪᠣᠯᠪᠠᠰᠤᠷᠠᠭᠤᠯᠤᠭᠰᠠᠨ ᠠᠴᠠ | ᠭᠠᠳᠠᠨ᠎ᠠ ᠪᠠᠰᠠ ᠨᠢᠭᠡ ᠴᠢᠬᠤᠯᠠ ᠪᠠᠷᠢᠮᠳᠠ ᠲᠡᠮᠲᠡᠭ ᠲᠠᠮᠠᠭ᠎ᠠ ᠶᠢ ᠡᠭᠦᠳᠤᠨ ᠪᠦᠲᠤᠭᠡᠭᠰᠡᠨ ᠶᠤᠮ᠃ | ᠮᠠᠯ ᠤᠨ ᠲᠠᠮᠠᠭ᠎ᠠ ᠳᠤ ᠲᠣᠮᠣ ᠲᠠᠮᠠᠭ᠎ᠠ᠂ ᠪᠠᠭ᠎ᠠ ᠲᠠᠮᠠᠭ᠎ᠠ ᠭᠡᠵᠦ ᠬᠤᠶᠠᠷ ᠵᠤᠶᠢᠯ ᠪᠠᠶᠢᠳᠠᠭ᠃ ᠲᠣᠮᠣ | ᠲᠠᠮᠠᠭ᠎ᠠ ᠶᠢ ᠲᠡᠮᠡᠭᠡ ᠠᠳᠤᠭᠤᠨ ᠤ ᠪᠡᠶ᠎ᠡ ᠶᠢᠨ ᠠᠷᠠᠰᠤᠨ ᠳᠡᠭᠡᠷ᠎ᠡ᠂ ᠪᠠᠭ᠎ᠠ ᠲᠠᠮᠠᠭ᠎ᠠ ᠶᠢ ᠦᠬᠡᠷ᠂ ᠬᠤᠨᠢ᠂ ᠢᠮᠠᠭᠠᠨ ᠤ | ᠡᠪᠡᠷ ᠴᠢᠬᠢᠨ ᠳᠡᠭᠡᠷ᠎ᠡ ᠳᠠᠷᠤᠬᠤ ᠳᠤ ᠵᠣᠷᠢᠭᠤᠯᠤᠭᠰᠠᠨ ᠪᠠᠶᠢᠳᠠᠭ᠃ ᠪᠣᠲᠠ ᠪᠣᠭ ᠮᠠᠯ ᠢ 2 ᠠᠴᠠ 3 ᠨᠠᠰᠤ ᠬᠦᠷᠬᠦ | ᠳᠤ ᠬᠠᠪᠤᠷ ᠨᠠᠮᠤᠷ ᠤᠨ ᠤᠯᠠᠷᠢᠯ ᠳᠤ ᠲᠠᠮᠠᠭᠠᠯᠠᠨ᠎ᠠ᠃ ᠮᠠᠯ ᠤᠨ ᠪᠡᠶ᠎ᠡ ᠶᠢᠨ ᠠᠷᠠᠰᠤᠨ ᠳᠡᠭᠡᠷ᠎ᠡ ᠲᠠᠮᠠᠭᠠᠯᠠᠬᠤ ᠳᠠᠭᠠᠨ | ᠲᠠᠮᠠᠭ᠎ᠠ ᠳᠠᠷᠤᠬᠤ ᠬᠡᠰᠡᠭ ᠤᠨ ᠦᠰᠤ ᠨᠤᠣᠰᠤ ᠶᠢ ᠨᠢ ᠬᠠᠶᠢᠴᠢᠯᠠᠬᠤ ᠪᠣᠶᠤ ᠤᠰᠤ ᠪᠠᠷ ᠨᠤᠷᠠᠭᠠᠭᠰᠠᠨ ᠤ ᠳᠠᠷᠠᠭ᠎ᠠ | ᠭᠠᠯ ᠳᠤ ᠤᠯᠠᠶᠢᠯᠭᠠᠭᠰᠠᠨ ᠲᠠᠮᠠᠭ᠎ᠠ ᠪᠠᠨ ᠲᠡᠩᠴᠡᠭᠦᠷᠢ ᠲᠣᠬᠢᠷᠠᠮᠵᠢᠲᠠᠢ ᠳᠤᠷᠠᠶᠢᠲᠠᠯ᠎ᠠ ᠲᠣᠳᠣ ᠳᠠᠷᠤᠨ᠎ᠠ᠃ | ᠲᠠᠮᠠᠭ᠎ᠠ ᠶᠢ ᠮᠠᠯ ᠤᠨ ᠪᠡᠶ᠎ᠡ ᠶᠢᠨ ᠠᠯᠢ ᠬᠡᠰᠡᠭ ᠲᠤ ᠶᠠᠭᠠᠬᠢᠵᠤ ᠳᠠᠷᠤᠬᠤ ᠲᠣᠬᠠᠢ ᠲᠣᠭᠲᠠᠭᠰᠠᠨ ᠵᠢᠷᠤᠮ | ᠪᠠᠶᠢᠳᠠᠭ᠃ ᠲᠣᠬᠠᠶᠢᠯᠠᠪᠠᠯ ᠲᠡᠮᠡᠭᠡᠨ ᠤ ᠵᠦᠪᠲᠡᠢ ᠲᠠᠯ᠎ᠠ ᠶᠢᠨ ᠬᠠᠴᠠᠷ᠂ ᠭᠤᠶ᠎ᠠ᠂ ᠲᠠᠰᠢᠶ᠎ᠠ ᠪᠠ ᠪᠣᠷᠤᠭᠤᠲᠠᠢ | ᠲᠠᠯ᠎ᠠ ᠶᠢᠨ ᠭᠤᠶ᠎ᠠ᠂ ᠲᠠᠰᠢᠶ᠎ᠠ ᠳᠡᠭᠡᠷ᠎ᠡ᠂ ᠠᠳᠤᠭᠤᠨ ᠤ ᠵᠦᠪᠲᠡᠢ ᠲᠠᠯ᠎ᠠ ᠶᠢᠨ ᠭᠤᠶ᠎ᠠ᠂ ᠲᠠᠰᠢᠶ᠎ᠠ ᠪᠠ ᠪᠣᠷᠤᠭᠤᠲᠠᠢ | ᠲᠠᠯ᠎ᠠ ᠶᠢᠨ ᠭᠤᠶ᠎ᠠ᠂ ᠲᠠᠰᠢᠶ᠎ᠠ ᠵᠡᠷᠭᠡ ᠭᠠᠵᠠᠷ ᠳᠠᠷᠤᠨ᠎ᠠ᠃ ᠠᠳᠤᠭᠤᠨ ᠤ ᠵᠦᠪ ᠪᠣᠷᠤᠭᠤ ᠬᠤᠶᠠᠷ ᠬᠠᠴᠠᠷ ᠪᠣᠶᠤ | ᠲᠡᠮᠡᠭᠡᠨ ᠤ ᠪᠣᠷᠤᠭᠤᠲᠠᠢᠲ᠋ᠠᠯᠠ ᠶᠢᠨ ᠬᠠᠴᠠᠷ ᠳᠡᠭᠡᠷ᠎ᠡ ᠲᠠᠮᠠᠭ᠎ᠠ ᠳᠠᠷᠤᠳᠠᠭ ᠦᠭᠡᠢ᠃ ᠵᠠᠷᠢᠮ ᠨᠤᠲᠤᠭ ᠲᠤ ︽ | ᠪᠣᠷᠤᠭᠤᠲᠠᠢ ᠲᠠᠯ᠎ᠠ ᠶᠢᠨ ᠲᠠᠮᠠᠭ᠎ᠠ ᠪᠣᠯ ᠪᠠᠷᠠᠭᠳᠠᠬᠤ ᠶᠢᠨ ᠲᠡᠮᠲᠡᠭ︾ ᠬᠡᠮᠡᠨ ᠠᠯᠢ ᠴᠤ ᠮᠠᠯ ᠤᠨ ᠪᠣᠷᠤᠭᠤᠲᠠᠢ | ᠲᠠᠯ᠎ᠠ ᠶᠢᠨ ᠪᠡᠶ᠎ᠡ ᠳᠡᠭᠡᠷ᠎ᠡ ᠶᠡᠷᠤ ᠲᠠᠮᠠᠭ᠎ᠠ ᠳᠠᠷᠤᠳᠠᠭ ᠦᠭᠡᠢ ᠵᠠᠩᠰᠢᠯ ᠴᠤ ᠪᠠᠶᠢᠳᠠᠭ᠃ ᠦᠬᠡᠷ ᠤᠨ ᠪᠡᠶ᠎ᠡ ᠶᠢᠨ | ᠠᠷᠠᠰᠤᠨ ᠳᠡᠭᠡᠷ᠎ᠡ ᠶᠡᠷᠤ ᠲᠠᠮᠠᠭ᠎ᠠ ᠳᠠᠷᠤᠬᠤ ᠨᠢ ᠲᠤᠩ ᠴᠦᠬᠡᠨ᠂ ᠭᠤᠣᠯᠳᠠᠭᠤ ᠡᠪᠡᠷ ᠳᠡᠭᠡᠷ᠎ᠡ ᠨᠢ ᠲᠠᠮᠠᠭ᠎ᠠ | ᠳᠠᠷᠤᠳᠠᠭ᠂ ᠣᠨᠴᠠ ᠵᠠᠷᠢᠮ ᠲᠣᠶᠢᠮᠠᠭ ᠦᠬᠡᠷ ᠲᠤ ᠪᠣᠯ ᠲᠠᠰᠢᠶ᠎ᠠ ᠳᠡᠭᠡᠷ᠎ᠡ ᠨᠢ ᠲᠠᠮᠠᠭᠠᠯᠠᠨ᠎ᠠ᠃ ᠬᠤᠨᠢ ᠢᠮᠠᠭ᠎ᠠ ᠶᠢᠨ | ᠡᠪᠡᠷ ᠳᠡᠭᠡᠷ᠎ᠡ ᠲᠠᠮᠠᠭᠠᠯᠠᠨ᠎ᠠ᠃ ᠵᠠᠷᠢᠮ ᠮᠣᠬᠤᠷ ᠬᠤᠨᠢ᠂ ᠢᠮᠠᠭ᠎ᠠ ᠶᠢᠨ ᠴᠢᠬᠢᠨ ᠳᠡᠭᠡᠷ᠎ᠡ ᠲᠠᠮᠠᠭᠠᠯᠠᠬᠤ ᠶᠢ ᠭᠠᠷᠭᠠᠪᠠᠯ | ᠬᠤᠨᠢ ᠢᠮᠠᠭᠠᠨ ᠤ ᠪᠡᠶ᠎ᠡ ᠶᠢᠨ ᠦᠭᠡᠷ᠎ᠡ ᠬᠡᠰᠡᠭ ᠲᠤ ᠲᠠᠮᠠᠭᠠᠯᠠᠬᠤ ᠦᠭᠡᠢ᠃ ᠮᠠᠯ ᠲᠠᠮᠠᠭᠠᠯᠠᠬᠤ ᠳᠤ ᠲᠠᠮᠠᠭ᠎ᠠ ᠶᠢᠨ | ᠳᠡᠭᠡᠲᠤ ᠲᠠᠯ᠎ᠠ ᠶᠢ ᠡᠷᠬᠡᠪᠰᠢ ᠡᠭᠴᠡ ᠦᠭᠡᠲᠡ ᠬᠠᠨᠳᠤᠭᠤᠯᠬᠤ ᠪᠣᠶᠤ ᠮᠠᠯ ᠤᠨ ᠲᠣᠯᠤᠭᠠᠢ ᠵᠦᠭ ᠬᠠᠨᠳᠤᠭᠤᠯᠵᠤ | ᠳᠠᠷᠤᠨ᠎ᠠ᠃ | ᠮᠣᠩᠭᠤᠯᠴᠤᠳ ᠰᠠᠷᠠᠨ ᠲᠠᠮᠠᠭ᠎ᠠ ᠶᠢ ᠬᠠᠮᠤᠭ ᠤᠨ ᠡᠷᠬᠢᠮ ᠳᠡᠭᠡᠲᠤ ᠲᠠᠮᠠᠭ᠎ᠠ ᠬᠡᠮᠡᠨ ᠦᠵᠡᠵᠤ ᠲᠡᠭᠦᠨ ᠤ | ᠬᠤᠶᠠᠷ ᠦᠵᠦᠭᠦᠷ ᠢ ᠮᠠᠯ ᠤᠨ ᠲᠣᠯᠤᠭᠠᠢ ᠵᠦᠭ ᠬᠠᠨᠳᠤᠭᠤᠯᠵᠤ ᠳᠠᠷᠤᠨ᠎ᠠ᠃ ᠰᠠᠷᠠᠨ ᠲᠠᠮᠠᠭ᠎ᠠ ᠶᠢᠨ ᠤᠴᠢᠷ ᠨᠢ | ᠰᠠᠷ᠎ᠠ ᠪᠦᠷᠢ ᠶᠢᠨ ᠰᠢᠨᠡᠳ ᠢᠶᠠᠷ ᠬᠠᠪᠢᠷᠭᠠᠨ ᠰᠠᠷ᠎ᠠ ᠭᠠᠷᠴᠤ ᠡᠳᠤᠷ ᠠᠴᠠ ᠡᠳᠤᠷ ᠲᠣᠮᠤᠷᠠᠭᠰᠠᠭᠠᠷ ᠠᠷᠪᠠᠨ ᠲᠠᠪᠤᠨ ᠤ | ᠡᠳᠦᠷ ᠪᠦᠬᠦᠯᠢ ᠲᠦᠭᠦᠷᠢᠭ ︵ ᠲᠡᠷᠭᠡᠯ︶ ᠪᠣᠯᠳᠠᠭ ᠶᠠᠪᠤᠳᠠᠯ ᠢᠶᠠᠷ ᠨᠢᠭᠡᠨ ᠠᠶᠢᠯ ᠡᠷᠤᠬᠡ ᠶᠢᠨ ᠮᠠᠯ ᠬᠦᠷᠤᠩᠭᠡ ᠨᠢ | ᠴᠦᠭᠡᠨ ᠪᠠᠭᠤᠷᠠᠢ ᠪᠠᠶᠢᠭᠰᠠᠨ ᠶᠠᠪᠤᠳᠠᠯ ᠠᠴᠠ ᠪᠠᠨ ᠵᠢᠯ ᠳᠠᠷᠠᠭᠠᠯᠠᠨ ᠦᠨᠢᠷ ᠦᠰᠴᠤ ᠪᠠᠶᠠᠨ ᠴᠢᠨᠡᠭᠡᠯᠢᠭ ᠪᠣᠯᠬᠤ ᠶᠢ | ᠪᠡᠯᠭᠡᠳᠡᠳᠡᠭ ᠪᠠᠶᠢᠨ᠎ᠠ᠃ ᠰᠣᠮᠣᠨ ᠲᠠᠮᠠᠭ᠎ᠠ ᠲᠠᠢ ᠠᠶᠢᠯ ᠦᠭᠡᠳᠡᠯᠡᠬᠦ ᠨᠢ ᠲᠦᠷᠭᠡᠨ᠂ ᠲᠣᠭᠤᠷᠠᠢ ᠲᠠᠮᠠᠭ᠎ᠠ ᠲᠠᠢ | ᠠᠶᠢᠯ ᠤᠨ ᠠᠭᠲᠠ ᠬᠤᠷᠳᠤᠨ ᠪᠣᠯᠤᠨ᠎ᠠ᠃ ᠴᠢᠨᠳᠠᠮᠤᠨᠢ ᠲᠠᠮᠠᠭ᠎ᠠ ᠲᠠᠢ ᠠᠶᠢᠯ ᠶᠠᠳᠠᠭᠤᠷᠠᠬᠤ ᠦᠭᠡᠢ ᠭᠡᠬᠦ ᠮᠡᠳᠤᠴᠢᠯᠡᠨ | ᠪᠡᠯᠭᠡᠯᠡᠨ ᠲᠠᠶᠢᠯᠪᠤᠷᠢᠯᠠᠵᠤ ᠶᠠᠷᠢᠳᠠᠭ ᠪᠢᠯᠡ᠃ ᠲᠠᠮᠠᠭ᠎ᠠ ᠳᠤ᠄ ᠰᠠᠷᠠᠨ ᠲᠠᠮᠠᠭ᠎ᠠ᠂ ᠨᠠᠷᠠ ᠰᠠᠷᠠᠨ ᠲᠠᠮᠠᠭ᠎ᠠ᠂ ᠵᠣᠭᠤᠰᠤᠨ | ᠲᠠᠮᠠᠭ᠎ᠠ᠂ ᠴᠢᠨᠳᠠᠮᠤᠨᠢ ᠲᠠᠮᠠᠭ᠎ᠠ᠂ ᠵᠣᠣᠵᠢ ᠲᠠᠮᠠᠭ᠎ᠠ ᠭᠡᠬᠦ ᠮᠡᠲᠤ ᠶᠢᠨ ᠲᠠᠮᠠᠭ᠎ᠠ ᠪᠠᠶᠢᠨ᠎ᠠ᠃ | | | | ᠬᠤᠯᠪᠤᠭ᠎ᠠ ᠰᠦᠯᠵᠢᠶ᠎ᠡ ᠠᠴᠠ | ᠠᠯᠲᠠᠨᠯᠤᠤ ᠲᠢᠭᠯᠡᠨ ᠨᠡᠶᠢᠲᠡᠯᠡᠪᠡ |