ᠮᠤᠩᠭᠤᠯ ᠡᠮᠡᠭᠡᠯ ᠤᠨ ᠲᠤᠬᠠᠢ ᠮᠡᠳᠡᠯᠭᠡ
ᠨᠡᠶᠢᠲᠡᠯᠡᠭᠰᠡᠨ ᠴᠠᠭ᠄
2016/9/5
    ᠤᠨᠤᠯᠠᠭ᠎ᠠ ᠠᠴᠢᠶᠠᠯᠠᠭ᠎ᠠ ᠶᠢᠨ ᠮᠤᠷᠢ ᠮᠠᠯ ᠳᠤ ᠲᠤᠬᠤᠳᠠᠭ ᠪᠦᠭᠦᠷᠭᠡ᠂ ᠬᠠᠪᠲᠠᠰᠦ᠂ ᠭᠦᠯᠢᠮ ᠵᠡᠷᠭᠡ ᠲᠤᠨᠤᠭ ᠎ ᠢᠶᠠᠷ ᠪᠦᠷᠢᠳᠦᠭᠰᠡᠨ ᠬᠡᠷᠡᠭᠯᠡᠯ ᠢ ᠡᠮᠡᠭᠡᠯ ᠭᠡᠨ᠎ᠡ᠃ ᠡᠮᠡᠭᠡᠯ ᠨᠢ ᠮᠤᠷᠢ ᠤᠨᠤᠵᠦ ᠪᠤᠢ ᠬᠦᠮᠦᠨ ᠤ ᠬᠠᠮᠤᠭ ᠤᠨ ᠲᠤᠬᠢᠷᠠᠮᠵᠢ ᠲᠠᠢ ᠰᠠᠭᠤᠳᠡᠯ ᠪᠦᠭᠡᠳ ᠮᠤᠷᠢᠨ ᠤ ᠨᠢᠷᠤᠭᠤᠨ ᠳᠤ ᠬᠦᠨᠳᠦ ᠶᠢᠨ ᠲᠡᠷᠤᠯᠲᠡ ᠶᠢ ᠵᠢᠭᠳᠡ ᠬᠤᠪᠢᠶᠠᠷᠢᠯᠠᠬᠤ ᠵᠤᠷᠢᠭᠤᠯᠠᠯᠲᠡ ᠪᠦᠬᠦᠢ ᠬᠡᠷᠡᠭᠯᠡᠯ ᠶᠤᠮ᠃             ᠲᠦᠷᠦᠯ ᠵᠦᠢᠯ᠄ ᠡᠮᠡᠭᠡᠯ ᠢ ᠶᠡᠬᠡᠪᠴᠢᠯᠡᠨ ᠬᠤᠰᠤ ᠮᠤᠳᠤ ᠪᠠᠷ ᠬᠢᠳᠡᠭ᠃       ᠤᠷᠴᠢᠨ ᠦᠶ᠎ᠡ ᠶᠢᠨ ᠮᠤᠩᠭᠤᠯ ᠡᠮᠡᠭᠡᠯ ᠨᠡᠯᠢᠶᠡᠳ ᠤᠯᠡᠨ ᠶᠠᠩᠵᠦ ᠪᠤᠯᠪᠡᠴᠦ ᠪᠦᠭᠦᠳᠡ ᠦᠪᠡᠷᠰᠡᠳ ᠤᠨ ᠭᠡᠰᠡᠨ ᠬᠦᠭᠵᠢᠯ ᠤᠨ ᠲᠤᠳᠤᠷᠠᠬᠠᠢ ᠦᠶ᠎ᠡ ᠱᠠᠲᠦ ᠲᠠᠢ ᠬᠦᠭᠵᠢᠵᠦ ᠢᠷᠡᠵᠡᠢ᠃ ᠡᠭᠦᠨ ᠠᠴᠠ ᠦᠨᠳᠦᠰᠦᠯᠡᠨ ᠮᠤᠩᠭᠤᠯ ᠡᠮᠡᠭᠡᠯ ᠢ ᠲᠤᠮᠦ ᠬᠦᠮᠦᠨ ᠤ᠂ ᠬᠡᠦᠬᠡᠳ ᠤᠨ᠂ ᠵᠠᠯᠠᠭᠤ ᠪᠤᠶᠤ ᠡᠮᠡᠭᠲᠡᠢ ᠬᠦᠮᠦᠨ ᠤ᠂ ᠬᠤᠷᠳᠤᠨ ᠮᠤᠷᠢᠨ ᠤ ᠂ ᠤᠷᠤᠰ᠂ ᠬᠠᠰᠠᠭ᠂ ᠴᠡᠷᠢᠭ ᠤᠨ᠂ ᠦᠵᠦᠮᠦᠴᠢᠨ ᠡᠮᠡᠭᠡᠯ ᠭᠡᠬᠦ ᠵᠡᠷᠭᠡ ᠪᠠᠷ ᠠᠩᠭᠢᠯᠠᠳᠠᠭ᠃             ᠨᠠᠰᠦᠲᠡᠶᠢᠴᠤᠳ ᠪᠤᠶᠤ ︵ᠲᠤᠮᠦ︶ ᠬᠦᠮᠦᠨ ᠤ ᠡᠮᠡᠭᠡᠯ ᠰᠠᠭᠤᠳᠡᠯ ᠠᠭᠤᠵᠢᠮ᠂ ᠨᠠᠮᠤᠬᠠᠨ ᠪᠦᠭᠦᠷᠭᠡ ᠲᠠᠢ᠂ ᠪᠠᠶᠢᠬᠤ ᠪᠦᠭᠡᠳ ᠮᠦᠩᠭᠦᠨ ᠴᠢᠮᠡᠭᠯᠡᠯ ᠪᠠᠷᠤᠭ ᠤᠷᠤᠳᠠᠭ ᠦᠭᠡᠢ᠃ ᠵᠠᠯᠠᠭᠤᠴᠤᠳ ᠪᠤᠶᠤ ᠡᠮᠡᠭᠲᠡᠢ ᠬᠦᠮᠦᠨ ᠡᠮᠡᠭᠡᠯ ᠎ ᠨᠢ ᠬᠡᠮᠵᠢᠶ᠎ᠡ ᠪᠠᠷ ᠪᠠᠭ᠎ᠠ᠂ ᠴᠤᠮᠪᠤᠭᠤᠷ ᠪᠤᠰᠤᠭᠠᠳᠠᠭᠤ ᠪᠦᠭᠦᠷᠭᠡ ᠲᠠᠢ᠂ ᠮᠦᠩᠭᠦᠨ ᠪᠠᠭᠠᠪᠤᠷ ︵ᠳᠠᠷᠤᠭᠤᠯᠭ᠎ᠠ︶᠎ ᠲᠠᠢ ᠪᠠᠶᠢᠨ᠎ᠠ᠃ ᠬᠡᠦᠬᠡᠳ ᠤᠨ ᠪᠠ ᠬᠤᠷᠳᠦᠨ ᠮᠤᠷᠢᠨ ᠤ ᠡᠮᠡᠭᠡᠯ ᠨᠢ ᠵᠢᠵᠢᠭ᠂ ᠠᠪᠰᠠᠷᠬᠠᠨ ᠨᠠᠮ ᠪᠦᠭᠦᠷᠭᠡ ᠲᠠᠢ ᠪᠠᠶᠢᠨ᠎ᠠ ᠃         ᠡᠮᠡᠭᠡᠯ ᠤᠨ ᠶᠠᠰᠦ ᠮᠤᠳᠤ ᠶᠢ ᠪᠦᠷᠢᠳᠦᠭᠦᠯᠵᠦ ᠪᠤᠢ ᠪᠦᠭᠦᠷᠭᠡ ᠨᠢ ᠡᠮᠡᠭᠡᠯ ᠤᠨ ᠡᠮᠦᠨ᠎ᠡ ᠪᠡ ᠬᠤᠶᠢᠨ᠎ᠠ ᠪᠠᠶᠢᠬᠤ ᠪᠤᠰᠤᠭ᠎ᠠ ᠬᠡᠯᠪᠡᠷᠢ ᠲᠠᠢ ᠬᠤᠶᠡᠷ ᠭᠤᠵᠤᠭᠤᠷ ᠬᠡᠰᠡᠭ ᠮᠤᠳᠤ ᠶᠤᠮ᠃ ᠡᠮᠦᠨᠡᠬᠢ ᠪᠦᠭᠦᠷᠭᠡ ᠨᠢ ᠦᠷᠯᠦᠭᠡ ᠶᠢᠨ ᠨᠠᠷᠠᠨ ᠴᠤᠬᠤᠶᠢᠨ ᠮᠠᠨᠳᠦᠵᠦ ᠪᠠᠶᠢᠭ᠎ᠠ ᠬᠡᠯᠪᠡᠷᠢ ᠲᠠᠢ ᠪᠠᠶᠢᠳᠠᠭ ᠤᠴᠢᠷ ᠨᠠᠷᠠᠨ ᠪᠦᠭᠦᠷᠭᠡ᠂ ᠬᠤᠶᠢᠲᠦ ᠪᠦᠭᠦᠷᠭᠡ ᠨᠢ ᠶᠠᠭ ᠰᠢᠨ᠎ᠡ ᠶᠢᠨ ᠰᠠᠷᠠᠨ ᠰᠢᠭ ᠬᠡᠯᠪᠡᠷᠢ ᠲᠠᠢ ᠲᠤᠯᠡ ᠰᠠᠷᠡᠨ ᠪᠦᠭᠦᠷᠭᠡ ᠭᠡᠵᠤ ᠲᠤᠰ ᠲᠤᠰ ᠨᠡᠷᠡᠯᠡᠳᠡᠭ᠃ ᠦᠭᠡᠷ᠎ᠡ ᠪᠠᠷ ᠬᠡᠯᠡᠪᠡᠯ᠂ ᠡᠮᠦᠨ᠎ᠡ ᠪᠦᠭᠦᠷᠭᠡ ᠨᠡᠯᠢᠶᠡᠳ ᠪᠤᠰᠤᠭ᠎ᠠ ᠦᠨᠳᠦᠷ᠂ ᠬᠤᠶᠢᠲᠦ ᠪᠦᠭᠦᠷᠭᠡ ᠨᠢ ᠨᠠᠮᠤᠬᠠᠨ ︵ᠨᠠᠯᠠᠭᠤ︶ ᠪᠠᠶᠢᠳᠠᠭ᠃ ᠡᠨᠡ ᠨᠢ ᠬᠦᠮᠦᠨ ᠡᠮᠡᠭᠡᠯ ᠳᠡᠭᠡᠷ᠎ᠡ ᠰᠠᠭᠤᠵᠦ ᠶᠠᠪᠤᠬᠤ ᠳᠤ ᠪᠡᠶ᠎ᠡ ᠳᠤ ᠡᠪᠲᠡᠶᠢᠬᠡᠨ ᠲᠤᠬᠢᠷᠠᠮᠵᠢ ᠲᠠᠢ ᠪᠠᠶᠢᠳᠠᠭ ᠲᠠᠢ ᠬᠤᠯᠪᠤᠭᠠᠲᠠᠢ᠃             ᠡᠮᠡᠭᠡᠯ ᠤᠨ ᠪᠦᠭᠦᠷᠭᠡ ᠶᠢ ᠶᠡᠬᠡᠪᠴᠢᠯᠡᠨ ᠲᠤᠳᠤ ᠤᠯᠠᠭᠠᠨ ᠦᠩᠭᠡ ᠪᠠᠷ ᠶᠠᠮᠠᠷ ᠴᠦ ᠦ ᠰᠡᠪ ᠦᠭᠡᠢ ᠵᠢᠭᠳᠡ ᠪᠤᠳᠤᠵᠦ ᠭᠤᠶᠤᠯᠠᠳᠠᠭ᠃ ᠪᠦᠭᠦᠷᠭᠡ ᠶᠢᠨ ᠳᠤᠤᠷᠡᠳᠦ ᠵᠠᠬ᠎ᠠ ᠶᠢ ᠦᠭᠡᠷ᠎ᠡ ᠦᠩᠭᠡ ᠪᠠᠷ ᠡᠮᠵᠢᠨ ᠪᠤᠳᠤᠪᠡᠯ ᠦᠵᠡᠮᠵᠢᠲᠡᠢ ᠪᠤᠯᠤᠨ᠎ᠠ᠃           ᠮᠤᠩᠭᠤᠯ ᠡᠮᠡᠭᠡᠯ ᠤᠨ ᠬᠤᠶᠡᠷ ᠪᠦᠭᠦᠷᠭᠡ ᠶᠢᠨ ᠳᠡᠭᠡᠳᠦ ᠢᠷᠮᠡᠭ ᠢ ᠳᠠᠭᠠᠭᠤᠯᠠᠨ ᠬᠠᠳᠠᠬᠤ ᠳᠤ ᠲᠤᠬᠢᠷᠠᠭᠤᠯᠵᠦ᠂ ᠶᠠᠰᠦ᠂ ᠲᠡᠮᠦᠷᠯᠢᠭ ᠢᠶᠠᠷ ᠬᠢᠭᠰᠡᠨ ᠭᠤᠶᠤᠯᠠᠯ ᠴᠢᠮᠡᠭᠯᠡᠯ ᠤᠨ ᠵᠦᠢᠯ ᠢ ᠬᠢᠷ᠎ᠡ ᠭᠡᠨ᠎ᠡ᠃ ᠬᠢᠷ᠎ᠡ ᠶᠢ ᠪᠤᠭᠤ ᠶᠢᠨ ᠡᠪᠡᠷ᠂ ᠦᠩᠭᠡᠯᠡᠭᠰᠡᠨ ᠲᠡᠮᠦᠷ᠂ ᠶᠠᠰᠦ ᠪᠠᠷ ᠬᠢᠵᠦ ᠪᠤᠯᠳᠠᠭ᠃  ᠭᠤᠶᠤᠯᠠᠯ ᠤᠨ ᠡᠮᠡᠭᠡᠯ ᠤᠨ ᠬᠢᠷ᠎ᠡ ᠶᠢ ᠬᠡᠭᠡᠯᠡᠭᠰᠡᠨ ︵ᠬᠡ — ‍ᠯᠡᠭᠰᠡᠨ︶ ᠪᠤᠶᠤ ᠬᠦᠭᠡᠭᠡᠮᠡᠯ ᠬᠡ ᠭᠠᠷᠭᠠᠭᠰᠠᠨ ᠮᠦᠩᠭᠦ᠂ ᠭᠠᠤᠯᠢ ᠵᠡᠷᠭᠡ ᠪᠠᠷ ᠬᠢᠳᠡᠭ᠃ ᠬᠢᠷ᠎ᠡ ᠶᠢ ᠶᠠᠰᠦᠨ ᠪᠤᠯᠤᠨ ᠲᠡᠮᠦᠷ ᠭᠠᠳᠠᠭᠠᠰᠦ ᠪᠠᠷ ᠬᠠᠳᠠᠵᠦ ᠪᠠᠬᠢᠯᠡᠨ᠎ᠡ᠃ ᠬᠢᠷ᠎ᠡ ᠨᠢ ᠤᠷᠴᠢᠮ ᠤᠨ ᠮᠤᠳᠤᠨ ᠤ ︵ᠪᠦᠭᠦᠷᠭᠡ ᠶᠢᠨ︶ ᠢᠷᠮᠡᠭ ᠢ ᠮᠦᠯᠢᠭᠡᠷ ᠪᠤᠯᠭᠠᠳᠠᠭ᠃           ᠡᠮᠡᠭᠡᠯ ᠤᠨ ᠬᠤᠶᠡᠷ ᠪᠦᠭᠦᠷᠭᠡ ᠶᠢᠨ ᠳᠤᠤᠷᠡᠬᠢ ᠤᠯᠤᠮ ︵ᠤᠯᠤᠩ︶᠂ ᠵᠢᠷᠢᠮ᠂ ᠲᠦᠷᠦᠭᠡᠨ ᠤ ᠰᠣᠷ᠂ ᠭᠠᠨᠵᠤᠭ᠎ᠠ᠂ ᠤᠭᠰᠤᠷᠠᠭ᠎ᠠ ᠵᠡᠷᠭᠡ ᠶᠢ ᠤᠭᠤᠰᠤᠷᠯᠠᠨ ᠲᠤᠭᠲᠠᠭᠠᠳᠠᠭ ᠬᠠᠪᠲᠠᠭᠠᠢ ᠮᠤᠳᠤ ᠶᠢ ᠡᠮᠡᠭᠡᠯ ᠤᠨ ᠬᠠᠪᠢᠰᠦ ᠭᠡᠨ᠎ᠡ᠃ ᠡᠭᠦᠨ ᠤ ᠳᠤᠲᠤᠷᠡᠬᠢ ᠢᠷᠮᠡᠭ ᠤᠳ ᠢ ᠰᠠᠶᠢᠨ ᠨᠠᠯᠠᠭᠤ ᠪᠤᠯᠭᠠᠬᠤ ᠨᠢ ᠮᠠᠯ ᠤᠨ ᠨᠢᠷᠤᠭᠤ ᠶᠢ ᠨᠤᠬᠤᠵᠦ ᠭᠡᠮᠲᠦᠭᠡᠬᠦ ᠠᠴᠠ ᠬᠠᠮᠠᠭᠠᠯᠠᠨ᠎ᠠ᠃ ᠡᠮᠡᠭᠡᠯ ᠤᠨ ᠪᠦᠭᠦᠷᠭᠡ᠂ ᠬᠠᠪᠲᠠᠰᠦ ᠶᠢᠨ ᠳᠤᠤᠷᠳᠦ ᠬᠦᠨᠳᠡᠢ ᠶᠢ ᠡᠮᠡᠭᠡᠯ ᠤᠨ ᠬᠤᠩᠬᠤ ᠭᠡᠵᠤ ᠨᠡᠷᠡᠯᠡᠨ᠎ᠡ᠃               ᠡᠮᠡᠭᠡᠯ ᠤᠨ ᠬᠠᠪᠳᠡᠰᠦ ᠶᠢᠨ ᠳᠦᠷᠪᠡᠨ ᠦᠵᠦᠭᠦᠷ ᠤᠨ ᠬᠠᠪᠲᠠᠭᠠᠢ ᠶᠢ ᠨᠦᠬᠡᠯᠡᠵᠦ᠂ ᠵᠦᠭᠡᠯᠡᠨ ᠡᠯᠳᠡᠭᠰᠡᠨ ᠨᠠᠷᠢᠨ ᠰᠤᠷ ᠢ ᠰᠦᠪᠡᠯᠡᠵᠦ ᠲᠤᠭᠲᠠᠭᠠᠭᠰᠠᠨ ᠤᠭᠤᠰᠤᠷ ᠢ ᠡᠮᠡᠭᠡᠯ ᠤᠨ ᠭᠠᠨᠵᠤᠭ᠎ᠠ ᠭᠡᠨ᠎ᠡ᠃ ᠭᠠᠨᠵᠤᠭ᠎ᠠ ᠶᠢ 50cm — 60cm ᠤᠷᠲᠤ 0.5cm ᠦᠷᠭᠡᠨ᠂ 0.3cm ᠵᠤᠵᠠᠭᠠᠨ ᠰᠤᠷ ᠢᠶᠠᠷ ᠬᠢᠨ᠎ᠡ᠃  ᠭᠠᠨᠵᠤᠭ᠎ᠠ ᠎ ᠨᠢ ᠮᠤᠷᠢᠨ ᠤ ᠵᠢᠯᠤᠭᠤ ᠶᠢ ᠰᠦᠢᠬᠤ᠂ ᠴᠢᠳᠦᠷ᠂ ᠲᠤᠰᠢᠶ᠎ᠡ᠂ ᠲᠠᠰᠢᠭᠤᠷ᠂ ᠠᠴᠢᠶ᠎ᠠ ᠪᠠᠷᠠᠭ᠎ᠠ ᠵᠡᠷᠭᠡ ᠢ ᠪᠠᠬᠢᠯᠡᠬᠦ᠂ ᠳᠠᠷᠤᠭᠤᠯᠠᠬᠤ ᠳᠤ ᠵᠤᠬᠢᠷᠠᠭᠤᠯᠠᠭᠳᠠᠳᠠᠭ᠃           ᠡᠮᠡᠭᠡᠯ ᠤᠨ ᠬᠠᠪᠲᠠᠰᠦ ᠶᠢᠨ ᠳᠦᠷᠪᠡᠨ ᠦᠵᠦᠭᠦᠷ ᠬᠠᠪᠢ ᠶᠢᠨ ᠴᠢᠮᠡᠭᠯᠡᠯ ᠢ ᠪᠠᠭᠠᠪᠤᠷ ᠭᠡᠨ᠎ᠡ᠃ ᠪᠠᠭᠠᠪᠤᠷ ᠶᠠᠮᠠᠷ ᠴᠦ ᠬᠡᠯᠪᠡᠷᠢ ᠲᠠᠢ ᠪᠠᠶᠢᠵᠦ ᠪᠤᠯᠳᠠᠭ᠃ ᠪᠠᠭᠠᠪᠤᠷ ᠢᠶᠠᠷ ᠰᠠᠭᠠᠯᠳᠠᠷᠭ᠎ᠠ ᠶᠢᠨ ᠪᠢᠬᠢᠯᠡᠭᠡ ᠶᠢ ᠳᠠᠯᠳᠠᠯᠠᠨ ᠳᠠᠷᠤᠭᠤᠯᠠᠨ᠎ᠠ᠃         ᠡᠮᠡᠭᠡᠯ ᠤᠨ ᠮᠤᠳᠤᠨ ᠰᠠᠭᠤᠳᠡᠯ ᠢ ᠵᠦᠭᠡᠯᠡᠯᠡᠬᠦ ᠵᠤᠷᠢᠯᠭ᠎ᠠ ᠪᠠᠷ ᠬᠢᠭᠰᠡᠨ ᠨᠢᠮᠭᠡᠨ ᠡᠰᠡᠭᠡᠢ ᠪᠤᠯᠤᠨ ᠴᠡᠮᠪᠡᠨ ︵ᠪᠦᠳᠦᠭᠦᠯᠢᠭ ᠨᠢᠽᠧ︶ ᠵᠢᠭᠢᠷᠢᠭ ︵ᠬᠠᠮᠠᠭᠠᠯᠠᠬᠤ︶ ᠪᠦᠷᠬᠦᠭᠡᠰᠦ ᠶᠢ ᠤᠯᠤᠩᠴᠤᠭ ᠭᠡᠨ᠎ᠡ᠃ ᠤᠯᠤᠩᠴᠤᠭ ᠤᠨ ᠤᠷᠲᠦ᠂ ᠦᠷᠭᠡᠨ ᠨᠢ ᠡᠮᠡᠭᠡᠯ ᠤᠨ ᠰᠠᠭᠤᠳᠡᠯ ᠮᠤᠳᠤᠨ ᠳᠤ ᠶᠠᠭ ᠲᠠᠭᠠᠷᠠᠭᠰᠠᠨ ᠪᠠᠶᠢᠬᠤ ᠱᠠᠭᠠᠷᠳᠠᠯᠭ᠎ᠠ ᠲᠠᠢ᠃ ᠲᠡᠭᠦᠨ ᠢ ᠳᠦᠷᠪᠡᠨ ᠰᠢᠷᠬᠡᠭ ᠳᠠᠷᠤᠭᠤᠯᠠᠭ᠎ᠠ ᠪᠤᠶᠤ ᠪᠠᠭᠠᠪᠤᠷ ᠶᠠᠰᠦ ᠮᠤᠳᠤᠨ ᠳᠤ ᠲᠤᠭᠲᠠᠭᠠᠨ᠎ᠠ᠃ ᠣᠯᠣᠩᠴᠤᠭ ᠶᠢ ᠵᠤᠵᠠᠭᠠᠨ ᠬᠢᠪᠡᠯ ᠰᠠᠭᠤᠳᠡᠯ ᠨᠢ ᠪᠠᠭᠠᠰᠴᠦ᠂ ᠬᠦᠮᠦᠨ ᠴᠢᠯᠦᠭᠡᠲᠡᠢ ᠰᠠᠭᠤᠵᠦ ᠶᠠᠪᠤᠬᠤ ᠪᠤᠯᠤᠮᠵᠢ ᠦᠭᠡᠢ ᠪᠤᠯᠬᠤ ᠲᠤᠯᠡ ᠡᠮᠡᠭᠡᠯ ᠳᠡᠭᠡᠨ ᠲᠤᠬᠢᠷᠠᠭᠤᠯᠵᠦ ᠬᠢᠬᠦ ᠨᠢ ᠴᠢᠬᠤᠯᠡ᠃ ᠤᠯᠤᠩᠴᠤᠭ ᠢ ᠳᠤᠲᠤ ᠦᠩᠭᠡ ᠶᠢᠨ᠂ ᠪᠠᠲᠦ ᠮᠠᠲ᠋ᠧᠷᠢᠶᠡᠯ ᠢᠶᠠᠷ ᠬᠢᠨ᠎ᠡ᠃           ᠳᠦᠷᠦᠭᠡᠨ ᠤ ᠰᠤᠷ᠂ ᠭᠠᠷᠬ᠎ᠠ᠂ ᠡᠮᠡᠭᠡᠯ ᠤᠨ ᠬᠠᠪᠢᠰᠦ ᠨᠢ ᠬᠦᠮᠦᠨ ᠤ ᠪᠡᠶ᠎ᠡ ᠶᠢ ᠬᠤᠯᠭᠤᠬᠤ᠂ ᠬᠤᠪᠴᠡᠰᠦ ᠎ ᠶᠢ ᠡᠯᠡᠭᠡᠬᠦ ᠠᠴᠠ ᠬᠠᠮᠠᠭᠠᠯᠠᠬᠤ ᠵᠤᠷᠢᠯᠭ᠎ᠠ ᠪᠠᠷ ᠬᠢᠭᠳᠡᠭᠰᠡᠨ ᠪᠦᠭᠡᠳ ᠡᠨᠡᠬᠦ ᠵᠢᠵᠢᠭ ᠭᠦᠯᠢᠮ ᠢ ᠡᠮᠡᠭᠡᠯ ᠤᠨ ᠳᠡᠪᠢᠰ ᠭᠡᠨ᠎ᠡ᠃ ᠳᠡᠪᠢᠰ ᠢ ᠡᠮᠡᠭᠡᠯ ᠤᠨ ᠭᠦᠯᠢᠮ ᠤᠨ ᠠᠳᠠᠯᠢ ᠪᠤᠯᠭᠠᠷᠢ᠂ ᠬᠢᠪᠢᠰ᠂ ᠰᠢᠷᠢ᠂ ᠵᠤᠵᠠᠭᠠᠨ ᠳᠠᠪᠤᠤ ᠮᠠᠲ᠋ᠧᠷᠢᠶᠡᠯ ᠎ ᠢᠶᠠᠷ ᠭᠡᠭᠡᠯᠡᠵᠦ ︵ᠬᠡ — ‍ᠯᠡᠵᠦ︶ ᠬᠢᠳᠡᠭ᠃             ᠳᠡᠪᠢᠰ ᠨᠢ ᠡᠮᠡᠭᠡᠯ ᠲᠠᠯ᠎ᠠ ᠳᠠᠭᠠᠨ 12cm- 13cm᠂ ᠲᠦᠷᠦᠭᠡ ᠲᠠᠯ᠎ᠠ ᠳᠠᠭᠠᠨ 15cm ᠤᠷᠴᠢᠮ ᠦᠷᠭᠡᠨ᠂ ᠬᠤᠶᠡᠷ ᠰᠢᠷᠭᠡᠭ ᠪᠠᠶᠢᠬᠤ ᠪᠦᠭᠡᠳ ᠲᠡᠭᠦᠨ ᠢ ᠡᠮᠡᠭᠡᠯ ᠤᠨ ᠮᠤᠳᠤᠨ ᠳᠡᠭᠡᠷ᠎ᠡ᠂ ᠤᠯᠤᠩᠴᠤᠭ ᠤᠨ ᠳᠤᠤᠷ᠎ᠡ ᠪᠦᠭᠳᠤᠷᠭᠡᠨ ᠲᠠᠯᠪᠢᠵᠦ ᠬᠠᠳᠡᠵᠦ ᠲᠤᠭᠲᠠᠭᠠᠨ᠎ᠠ᠃           ᠮᠤᠷᠢᠨ ᠤ ᠭᠡᠳᠡᠰᠦ ᠶᠢ ᠳᠦᠷᠦᠭᠡᠨ ᠤ ᠰᠤᠷ᠂ ᠳᠦᠷᠦᠭᠡ ᠬᠤᠯᠭᠤᠬᠤ᠂ ᠮᠤᠷᠢ ᠤᠨᠤᠭᠠᠴᠢ ᠶᠢᠨ ᠭᠤᠳᠤᠯ ᠢ ᠮᠤᠷᠢᠨ ᠤ ᠬᠦᠯᠦᠰᠦᠨ ᠠᠴᠠ ᠬᠠᠮᠠᠭᠠᠯᠠᠬᠤ ᠵᠤᠷᠢᠭᠤᠯᠠᠯᠲᠡ ᠲᠠᠢ ᠲᠤᠮᠦ ᠬᠡᠮᠵᠢᠶ᠎ᠡ ᠲᠠᠢ ᠪᠤᠯᠭᠠᠷᠢ᠂ ᠬᠢᠪᠢᠰ᠂ ᠰᠢᠷᠢ ᠵᠡᠷᠭᠡ ᠡᠳ᠋᠊ ᠢᠶᠠᠷ ᠬᠢᠭᠰᠡᠨ ᠬᠠᠯᠬᠠᠪᠴᠢ ᠶᠢ ᠭᠦᠯᠢᠮ ᠭᠡᠨ᠎ᠡ᠃ ᠭᠦᠯᠢᠮ ᠨᠢ  60cm -70cm ᠤᠷᠲᠤ᠂ ᠳᠡᠭᠡᠳᠦ ᠲᠠᠯ᠎ᠠ ᠢᠶᠠᠷ ᠢᠶᠠᠨ 40cm᠂ ᠳᠤᠤᠷᠳᠤ ᠲᠠᠯ᠎ᠠ ᠢᠶᠠᠷ ᠢᠶᠠᠨ 30cm ᠦᠷᠭᠡᠨ ᠪᠠᠶᠢᠳᠠᠭ᠃         ᠮᠤᠬᠤᠭᠤ ᠦᠨᠴᠦᠭ ᠲᠠᠢ᠂ ᠳᠦᠷᠪᠡᠯᠵᠢᠨ ᠬᠡᠯᠪᠡᠷᠢ ᠲᠠᠢ᠂ ᠳᠦᠷᠪᠡᠨ ᠲᠠᠯ᠎ᠠ ᠶᠢᠨ ᠭᠤᠤᠯ ᠢᠶᠠᠷ ᠨᠢ ᠬᠤᠲᠤᠭᠤᠷ ᠡᠰᠭᠡᠵᠦ ᠪᠢᠳᠡᠭᠦᠦ ᠤᠶᠤᠭᠠᠳ᠂ ᠳᠤᠤᠷᠳᠦ ᠬᠡᠰᠡᠭ ᠲᠤ ᠨᠢ ᠠᠮᠠ ᠭᠠᠷᠭᠠᠨ ᠳᠤᠲᠤᠷ᠎ᠡ ᠨᠢ ᠡᠰᠡᠬᠡᠢ᠂ ᠤᠩᠭᠠᠰᠦ ᠬᠢᠵᠦ ᠦᠭᠭᠦᠰᠡᠨ ᠵᠦᠭᠡᠯᠡᠪᠴᠢ ᠶᠢ ᠮᠠᠶᠤᠤᠵᠡ ᠭᠡᠨ᠎ᠡ᠃ ᠡᠭᠦᠨ ᠢ ᠡᠮᠡᠭᠡᠯ ᠤᠨ ᠰᠠᠭᠤᠳᠡᠯ ᠳᠤ ᠤᠯᠤᠩᠴᠤᠭ ᠳᠡᠭᠡᠷ᠎ᠡ ᠲᠠᠯᠪᠢᠵᠦ ᠭᠤᠤᠯ ᠢᠶᠠᠷ ᠨᠢ ᠬᠠᠪᠳᠠᠰᠦ ᠮᠤᠳᠤ ᠲᠠᠢ ᠪᠠᠬᠢᠯᠡᠨ ᠲᠤᠭᠲᠠᠭᠠᠨ᠎ᠠ᠃             ᠮᠤᠷᠢᠨ ᠤ ᠭᠡᠳᠡᠰᠦᠨ ᠳᠤᠤᠭᠤᠷ ᠤᠷᠤᠭᠤᠯᠠᠨ᠂ ᠵᠦᠪ ᠲᠠᠯ᠎ᠠ ᠶᠢᠨ ᠵᠢᠷᠢᠮ ᠳᠤ ᠭᠤᠬᠢᠯᠠᠨ ᠬᠢᠵᠦ᠂ ᠡᠮᠡᠭᠡᠯ ᠲᠤᠭᠲᠠᠭᠠᠬᠤ ᠬᠤᠰᠢᠯᠠᠩ ︵ᠵᠦᠪ ᠪᠤᠷᠤᠭᠤ ᠪᠠᠷ ᠨᠡᠶᠢᠲᠡᠭᠡᠵᠦ ᠲᠠᠮᠤᠭᠠᠳ ᠵᠡᠷᠭᠡᠴᠡᠭᠦᠯᠦᠨ ᠨᠡᠶᠢᠯᠡᠭᠦᠯᠵᠦ ᠤᠶᠤᠭᠰᠠᠨ ᠤᠭᠤᠰᠤᠷ︶ ᠤᠭᠤᠰᠤᠷ ᠢ ᠤᠯᠤᠮ ︵ᠤᠯᠤᠩ︶ ᠭᠡᠨ᠎ᠡ᠃ ᠶᠡᠬᠡᠪᠴᠢᠯᠡᠨ ᠬᠢᠯᠭᠠᠰᠦ ᠪᠠᠷ ᠲᠠᠮᠦᠵᠦ᠂ ᠰᠦᠯᠵᠢᠵᠦ ᠬᠢᠨ᠎ᠡ᠃ ᠡᠮᠡᠭᠡᠯ ᠤᠨ ᠤᠯᠤᠮ ᠢ ᠭᠤᠭᠴᠤᠭᠠᠨ ᠳᠤ ᠨᠢ ᠤᠷᠤᠭᠤᠯᠠᠵᠦ ᠴᠢᠩᠭᠠᠯᠠᠳᠠᠭ ᠭᠦᠷᠦᠮᠡᠯ ᠰᠤᠷ ᠢ ᠵᠢᠷᠢᠮ ᠭᠡᠨ᠎ᠡ᠃ ᠨᠠᠷᠢᠨ ᠰᠤᠷ ᠢ ᠳᠦᠷᠪᠡ ᠢᠶᠠᠷ ᠰᠦᠯᠵᠢᠵᠦ ᠬᠢᠳᠡᠭ᠃ ᠡᠮᠦᠨ᠎ᠡ ᠪᠡ ᠬᠤᠶᠢᠳᠦ ᠵᠢᠷᠢᠮ ᠭᠡᠵᠤ ᠪᠤᠢ᠃ ᠡᠮᠦᠨ᠎ᠡ ᠵᠢᠷᠢᠮ ᠨᠢ 40cm᠂  ᠬᠤᠶᠢᠳᠦ ᠵᠢᠷᠢᠮ ᠨᠢ 50cm ᠤᠷᠴᠢᠮ ᠤᠷᠳᠦ ᠪᠠᠶᠢᠨ᠎ᠠ᠃ ᠤᠯᠤᠮ᠂ ᠵᠢᠷᠢᠮ ᠎ ᠨᠢ ᠮᠤᠷᠢᠨ ᠤ ᠭᠡᠳᠡᠰᠦ ᠬᠡᠪᠡᠯᠢ ᠶᠢ ᠬᠤᠯᠭᠤᠬᠤ ᠦᠭᠡᠢ ᠪᠠᠷ ᠤᠪᠤᠭᠤᠷ ᠳᠤᠪᠤᠭᠤᠷ ᠦᠭᠡᠢ᠂ ᠦ ᠰᠡᠪ ᠦᠭᠡᠢ᠂ ᠵᠢᠭᠳᠡ ᠪᠠᠶᠢᠬᠤ ᠱᠠᠭᠠᠷᠳᠠᠯᠭ᠎ᠠ ᠲᠠᠢ᠃ ᠦᠭᠡᠢ ᠪᠤᠯ ᠮᠤᠷᠢᠨ ᠤ ᠭᠡᠳᠡᠰᠦ᠂ ᠬᠡᠪᠡᠯᠢ ᠬᠤᠯᠭᠤᠭᠳᠡᠵᠦ ᠤᠯᠤᠶᠢᠷᠳᠤᠨ᠎ᠠ ︵ᠮᠤᠷᠢᠨ ᠤ ᠭᠡᠳᠡᠰᠦ ᠣᠯᠣᠩ ᠳᠤ ᠬᠤᠯᠭᠤᠭᠳᠠᠬᠤ︶᠃ ᠡᠮᠡᠭᠡᠯ ᠤᠨ ᠳᠠᠷᠤᠯᠳᠡ ᠶᠢ ᠪᠠᠭᠤᠷᠠᠭᠤᠯᠬᠤ᠂ ᠵᠦᠭᠡᠯᠡᠯᠬᠤ ᠵᠤᠷᠢᠭᠤᠯᠠᠯᠳᠡ ᠲᠠᠢ ᠡᠰᠡᠭᠡᠢ ᠬᠡᠷᠡᠭᠯᠡᠯ ᠢ ᠲᠤᠬᠤᠮ ᠭᠡᠨ᠎ᠡ᠃ ᠮᠤᠷᠢᠨ ᠤ ᠨᠢᠷᠤᠭᠤ ᠶᠢ ᠬᠤᠯᠭᠤᠬᠤ ᠠᠴᠠ ᠰᠡᠷᠭᠡᠶᠢᠯᠡᠨ ᠬᠡᠷᠡᠭᠯᠡᠳᠡᠭ᠃           ᠮᠤᠷᠢ ᠮᠠᠯ ᠳᠤ ᠮᠤᠷᠢᠳᠠᠬᠤ᠂ ᠤᠨᠤᠵᠦ ᠶᠠᠪᠤᠬᠤ ᠳᠤ ᠬᠦᠯ ᠢᠶᠠᠨ ᠲᠠᠯᠪᠢᠬᠤ ᠵᠤᠷᠢᠭᠤᠯᠠᠯᠲᠡ ᠲᠠᠢ ᠡᠮᠡᠭᠡᠯ᠂ ᠲᠤᠬᠤᠰᠢ ᠶᠢᠨ ᠨᠢᠭᠡᠨ ᠡᠳᠡᠯᠡᠯ ᠢ ᠳᠦᠷᠦᠭᠡ ᠭᠡᠨ᠎ᠡ᠃ ᠡᠭᠦᠨ ᠢ ᠤᠯᠤᠮ ᠲᠠᠢ ᠰᠤᠷ ᠢᠶᠠᠷ ᠡᠮᠡᠭᠡᠯ ᠳᠡᠭᠡᠨ ᠪᠠᠬᠢᠯᠡᠨ᠎ᠡ᠃ ᠤᠯᠤᠮ ᠢ ᠠᠰᠢᠭᠯᠠᠨ ᠳᠦᠷᠦᠭᠡ ᠶᠢ ᠤᠷᠳᠦ᠂ ᠪᠤᠭᠤᠨᠢ ᠪᠤᠯᠭᠠᠵᠦ ᠪᠤᠯᠤᠨ᠎ᠠ᠃           ᠡᠮᠡᠭᠡᠯ ᠤᠨ ᠤᠯᠤᠩᠴᠤᠭ ᠢ ᠲᠤᠭᠲᠠᠭᠠᠬᠤ ᠲᠤᠪᠴᠢᠨ ᠲᠤᠨᠤᠭ ᠢ ᠡᠮᠡᠭᠡᠯ ᠤᠨ ᠳᠠᠷᠤᠯᠠᠭ᠎ᠠ ᠭᠡᠨ᠎ᠡ᠃ ᠡᠮᠡᠭᠡᠯ ᠎ ᠤᠨ ᠪᠦᠭᠦᠷᠭᠡ᠂ ᠬᠠᠪᠲᠠᠰᠦ ᠶᠢᠨ ᠳᠤᠮᠳᠡ ᠪᠠᠶᠢᠯᠭᠠᠬᠤ ᠵᠢᠵᠢᠭ ᠳᠦᠷᠪᠡᠯᠵᠢᠨ ᠮᠤᠳᠤ ᠶᠢ ᠡᠮᠡᠭᠡᠯ ᠤᠨ ᠵᠢᠭᠠᠰᠦ ᠭᠡᠨ᠎ᠡ᠃           ᠡᠮᠡᠭᠡᠯ ᠤᠨ ᠬᠤᠶᠡᠷ ᠪᠦᠭᠦᠷᠭᠡ ᠶᠢᠨ ᠳᠤᠮᠳᠡ ᠲᠠᠯ᠎ᠠ ᠶᠢᠨ ᠬᠦᠮᠦᠨ ᠰᠠᠭᠤᠬᠤ ᠭᠡᠰᠡᠭ ᠢ ᠡᠮᠡᠭᠡᠯ ᠤᠨ ᠰᠠᠭᠤᠳᠡᠯ ᠭᠡᠨ᠎ᠡ᠃             ᠬᠡᠷᠡᠭᠯᠡᠭᠡ᠄ ᠮᠤᠷᠢ ᠶᠢ ᠤᠨᠤᠯᠭ᠎ᠠ᠂ ᠡᠳᠡᠯᠡᠯᠭᠡᠨ ᠳᠤ ᠠᠰᠢᠭᠯᠠᠬᠤ ᠳᠤ ᠬᠡᠷᠡᠭᠯᠡᠳᠡᠭ ᠴᠢᠬᠤᠯᠡ ᠬᠡᠷᠡᠭᠯᠡᠯ ᠤᠨ ᠨᠢᠭᠡ ᠪᠤᠯ ᠡᠮᠡᠭᠡᠯ ᠶᠤᠮ᠃             ᠶᠤᠰᠦ ᠵᠠᠩᠰᠢᠯ᠄ ᠮᠤᠩᠭᠤᠯᠴᠤᠳ ᠡᠮᠡᠭᠡᠯ ᠤᠨ ᠬᠤᠩᠬᠤ ᠶᠢ ᠳᠡᠭᠡᠭᠰᠢ ᠬᠠᠷᠠᠭᠤᠯᠵᠦ ᠲᠠᠯᠪᠢᠬᠤ ᠶᠢ ᠲᠡᠳᠦᠶᠢᠯᠡᠨ ᠲᠠᠭᠠᠯᠠᠳᠠᠭ ᠦᠭᠡᠢ᠃ ᠬᠤᠶᠢᠲᠦ ᠪᠦᠭᠦᠷᠭᠡ ᠳᠡᠭᠡᠷ᠎ᠡ ᠨᠢ ᠪᠤᠰᠬᠠᠵᠦ ᠲᠠᠯᠪᠢᠬᠤ ᠶᠤᠮ ᠤᠤ ᠳᠤᠭᠤᠭᠰᠢ ᠬᠠᠷᠠᠭᠤᠯᠠᠨ ᠭᠦᠯᠢᠮ ᠶᠢ ᠳᠡᠭᠡᠷ᠎ᠡ ᠨᠢ ᠲᠤᠬᠤᠨ ᠡᠪᠬᠢᠵᠦ ᠲᠠᠯᠪᠢᠳᠠᠭ᠃ ᠡᠮᠡᠭᠡᠯ ᠳᠡᠷᠡᠯᠡᠵᠦ ᠤᠨᠳᠠᠬᠤ ᠶᠢ ᠴᠡᠭᠡᠷᠯᠡᠨ᠎ᠡ᠃ ᠵᠦᠷᠢᠴᠡᠪᠡᠯ ᠶᠢᠰᠦᠨ ᠶᠢᠰᠦ ᠨᠠᠶᠠᠨ ᠨᠢᠭᠡᠨ ᠮᠠᠭᠤ ᠢᠷᠸ᠎ᠠ ᠳᠤ ᠤᠨᠠᠨ᠎ᠠ ᠭᠡᠳᠡᠭ᠃ ᠰᠢᠨ᠎ᠡ ᠡᠮᠡᠭᠡᠯ ᠢ ᠮᠤᠷᠢᠨ ᠳᠤ ᠠᠩᠬ᠎ᠠ ᠲᠤᠬᠤᠬᠤ ᠳᠤ ᠡᠴᠢᠭᠡ ᠬᠦᠮᠦᠨ ᠶᠤᠮ ᠤᠤ ᠠᠬᠠᠮᠠᠳ ᠬᠦᠮᠦᠨ ᠡᠬᠢᠯᠡᠵᠦ ᠰᠠᠭᠤᠳᠠᠭ᠃ ᠮᠤᠷᠢ ᠪᠠᠨ ᠡᠮᠡᠭᠡᠯᠯᠡᠴᠢᠭᠡᠳ ᠤᠨᠤᠯᠭᠦᠢ ᠪᠠᠷ ᠡᠮᠡᠭᠡᠯ ᠢᠶᠠᠨ ᠠᠪᠬᠤ ᠶᠢ ᠴᠡᠭᠡᠷᠯᠡᠨ᠎ᠡ᠃ ᠵᠦᠷᠢᠴᠡᠪᠡᠯ ᠤᠨᠤᠭ᠎ᠠ ᠡᠵᠡᠭᠦᠶᠢᠷᠡᠬᠦ ᠶᠢ ᠶᠤᠷᠤᠯᠠᠪᠠ ︵ᠢᠷᠸ᠎ᠠ — ‍ᠯᠠᠪᠠ︶ ᠬᠡᠮᠡᠳᠡᠭ ᠲᠤᠯᠡ ᠵᠠᠪᠠᠯ ᠮᠤᠷᠢᠳᠡᠵᠦ ᠶᠤᠰᠦ ᠬᠢᠭᠰᠡᠨ ᠳᠠᠷᠠᠭ᠎ᠠ ᠡᠮᠡᠭᠡᠯ ᠢᠶᠠᠨ ᠠᠪᠳᠠᠭ ᠵᠠᠩᠰᠢᠯ ᠲᠠᠢ᠃             ᠰᠢᠨ᠎ᠡ ᠡᠮᠡᠭᠡᠯ ᠲᠠᠭᠠᠷᠠᠭᠤᠯᠠᠨ ᠲᠤᠬᠤᠬᠤ ᠦᠶ᠎ᠡ ᠳᠤ᠄           ︿︿ᠬᠤᠩᠬᠤᠷ ᠳᠦᠭᠦᠷᠡᠩ ᠮᠤᠷᠢ ᠲᠠᠢ           ᠬᠤᠲᠡ ᠳᠦᠭᠦᠷᠡᠩ ᠮᠠᠯ ᠲᠠᠢ           ᠦᠷᠦᠭᠡ ᠳᠦᠭᠦᠷᠡᠭᠡᠳ           ᠦᠷᠢᠶ᠎ᠡ ᠪᠠᠨ ᠬᠦᠲᠦᠯᠡᠭᠡᠳ ᠶᠠᠪᠤᠭᠠᠷᠡᠢ﹀﹀ ᠬᠡᠮᠡᠨ ᠢᠷᠦᠭᠡᠳᠡᠭ᠃           ᠭᠠᠵᠡᠷ ᠲᠤ ᠲᠠᠯᠪᠢᠭᠰᠠᠨ ᠡᠮᠡᠭᠡᠯ ᠵᠠᠶᠢᠳᠠᠯᠳᠠᠭ ᠦᠭᠡᠢ᠃ ᠮᠠᠭᠤ ᠢᠷᠸ᠎ᠠ ᠭᠡᠵᠤ ᠴᠡᠭᠡᠷᠯᠡᠳᠡᠭ᠃                                                     — ᠳᠡᠷᠡᠰᠦ ︿︿ᠦᠷᠯᠦᠭᠡ﹀﹀ ᠰᠦᠯᠵᠢᠶᠡᠨ ᠠᠴᠠ ᠬᠦᠷᠪᠡᠭᠦᠯᠪᠡ  
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号